1 2 3 4 5 6 7 8 9 10 11 12 13 14 15 16 17 18 19 20 21 22 23 24 25 26 27 28 29


ᠱᠠᠰᠲᠢᠷ ᠤᠨ ᠳᠡᠭᠡᠳᠦ ᠳᠣᠯᠣᠭ᠎ᠠ
 ᠪᠤᠰᠤᠳ ᠣᠪᠣᠭ ᠤᠨ ᠦᠷ᠎ᠡ ᠤᠳᠤᠮ

1 ᠢᠰᠠᠺᠠᠷ ᠤᠨ ᠬᠥᠪᠡᠭᠦᠳ᠄ ᠲᠣᠯ᠎ᠠ᠂ ᠫᠦᠶ᠎ᠠ᠂ ᠶᠠᠱᠦ᠋ᠪ᠂ ᠱᠢᠮᠷᠣᠨ᠂ ᠲᠡᠳᠡ ᠪᠦᠭᠦᠳᠡ ᠳᠥᠷᠪᠡᠭᠦᠯᠡ᠃ 2 ᠲᠣᠯ᠎ᠠ ᠶᠢᠨ ᠬᠥᠪᠡᠭᠦᠳ᠄ ᠦᠽᠢ᠂ ᠷᠧᠹᠠᠢᠶ᠎ᠠ᠂ ᠶᠧᠷᠢᠶᠧᠯ᠂ ᠶᠠᠮᠠᠢ᠂ ᠢᠪᠰᠠᠮ᠂ ᠰᠠᠮᠦ᠋ᠶᠧᠯ᠃ ᠲᠡᠳᠡ ᠤᠳᠤᠮ ᠤᠨ ᠢᠶᠠᠨ ᠠᠬᠠᠯᠠᠭᠴᠢᠳ ᠪᠠᠢᠭᠰᠠᠨ ᠪᠥᠭᠡᠳ ᠳ᠋ᠠᠸᠢᠳ᠋ ᠤᠨ ᠡᠳᠦᠷ ᠤᠳ ᠲᠤ ᠲᠣᠯ᠎ᠠ ᠶᠢᠨ ᠦᠷ᠎ᠡ ᠤᠳᠤᠮ ᠠᠴᠠ ᠭᠡᠷ ᠦᠨ ᠴᠠᠳᠢᠭ ᠲᠠᠭᠠᠨ ᠣᠷᠣᠭᠰᠠᠨ ᠳᠠᠢᠴᠢᠳ ᠬᠣᠶᠠᠷ ᠲᠦᠮᠡ ᠬᠣᠶᠠᠷ ᠮᠢᠩ᠋ᠭ᠎ᠠ ᠵᠢᠷᠭᠤᠭᠠᠨ ᠵᠠᠭᠤ ᠪᠢᠯᠡ᠃ 3 ᠦᠽᠢ ᠶᠢᠨ ᠬᠦᠦ ᠢᠽᠷᠠᠾᠢᠶ᠎ᠠ᠃ ᠢᠽᠷᠠᠾᠢᠶ᠎ᠠ ᠶᠢᠨ ᠬᠥᠪᠡᠭᠦᠳ᠄ ᠮᠢᠺᠠᠶᠧᠯ᠂ ᠣᠪᠠᠳᠢᠶ᠎ᠠ᠂ ᠶᠣᠶᠧᠯ᠂ ᠢᠱᠢᠶ᠎ᠠ᠃ ᠲᠡᠳᠡ ᠲᠠᠪᠤᠭᠤᠯᠠ ᠪᠠᠨ ᠪᠦᠷ ᠠᠬᠠᠯᠠᠭᠴᠢ ᠪᠠᠢᠪᠠ᠃ 4 ᠲᠡᠳᠡ ᠣᠯᠠᠨ ᠡᠬᠡᠨᠡᠷ ᠲᠡᠢ᠂ ᠣᠯᠠᠨ ᠬᠥᠪᠡᠭᠦᠨ ᠲᠡᠢ ᠪᠣᠯᠬᠣᠷ ᠲᠡᠳᠡᠨ ᠦ ᠤᠳᠤᠮ ᠤᠭᠰᠠᠭᠠᠲᠠᠳ ᠤᠨ ᠳᠤᠮᠳᠠ ᠠᠴᠠ ᠳᠠᠢᠨ ᠳᠤ ᠮᠣᠷᠳᠠᠬᠤ ᠳᠤ ᠪᠡᠯᠡᠬᠡᠨ ᠭᠤᠷᠪᠠᠨ ᠲᠦᠮᠡ ᠵᠢᠷᠭᠤᠭᠠᠨ ᠮᠢᠩ᠋ᠭᠠᠨ ᠴᠡᠷᠢᠭ ᠪᠠᠢᠪᠠ᠃ 5 ᠢᠰᠠᠺᠠᠷ ᠤᠨ ᠪᠦᠬᠦ ᠠᠢᠮᠠᠭ ᠤᠨ ᠬᠠᠮᠢᠶᠠᠲᠠᠨ ᠨᠤᠭᠤᠳ ᠤᠨ ᠳᠤᠮᠳᠠ ᠠᠴᠠ ᠨᠠᠢ᠌ᠮᠠᠨ ᠲᠦᠮᠡ ᠳᠣᠯᠣᠭᠠᠨ ᠮᠢᠩ᠋ᠭᠠᠨ ᠳᠠᠢᠴᠢᠨ ᠪᠠᠢᠵᠤ᠂ ᠲᠡᠳᠡ ᠪᠦᠭᠦᠳᠡᠭᠡᠷ ᠢᠶᠡᠨ ᠭᠡᠷ ᠦᠨ ᠴᠠᠳᠢᠭ ᠲᠤ ᠣᠷᠣᠵᠠᠢ᠃

6 ᠪᠢᠨᠶᠠᠮᠢᠨ ᠤ ᠬᠥᠪᠡᠭᠦᠳ᠄ ᠪᠧᠯᠠ᠂ ᠪᠧᠺᠧᠷ᠂ ᠶᠧᠳᠢᠶᠠᠶᠧᠯ᠂ ᠲᠡᠳᠡ ᠪᠦᠭᠦᠳᠡ ᠭᠤᠷᠪᠠᠭᠤᠯᠠ᠃ 7 ᠪᠧᠯᠠ ᠶᠢᠨ ᠬᠥᠪᠡᠭᠦᠳ᠄ ᠡᠽᠪᠣᠨ᠂ ᠦᠽᠢ᠂ ᠦᠽᠢᠶᠧᠯ᠂ ᠶᠧᠷᠢᠮᠣᠲ᠂ ᠢᠷᠢ᠂ ᠲᠡᠳᠡ ᠪᠦᠭᠦᠳᠡ ᠲᠠᠪᠤᠭᠤᠯᠠ ᠪᠥᠭᠡᠳ ᠤᠳᠤᠮ ᠤᠨ ᠢᠶᠠᠨ ᠠᠬᠠᠯᠠᠭᠴᠢᠳ᠂ ᠵᠣᠷᠢᠭᠲᠤ ᠳᠠᠢᠴᠢᠳ ᠪᠠᠢᠯ᠎ᠠ᠃ ᠲᠡᠳᠡᠨ ᠦ ᠭᠡᠷ ᠦᠨ ᠴᠠᠳᠢᠭ ᠲᠤ ᠬᠣᠶᠠᠷ ᠲᠦᠮᠡ ᠬᠣᠶᠠᠷ ᠮᠢᠩ᠋ᠭ᠎ᠠ ᠭᠤᠴᠢᠨ ᠳᠥᠷᠪᠡᠨ ᠬᠥᠮᠦᠨ ᠣᠷᠣᠪᠠ᠃ 8 ᠪᠧᠺᠧᠷ ᠤᠨ ᠬᠥᠪᠡᠭᠦᠳ᠄ ᠽᠧᠮᠢᠷᠠ᠂ ᠶᠣᠶᠠᠱ᠂ ᠡᠯᠢᠶᠧᠽᠧᠷ᠂ ᠡᠯᠢᠣᠶᠧᠨᠠᠢ᠂ ᠣᠮᠷᠢ᠂ ᠶᠧᠷᠧᠮᠣᠲ᠂ ᠠᠪᠢᠶᠠ᠂ ᠠᠨᠠᠲ᠋ᠣᠲ᠂ ᠠᠯᠧᠮᠧᠲ᠂ ᠲᠡᠳᠡ ᠪᠦᠭᠦᠳᠡ ᠪᠧᠺᠧᠷ ᠤᠨ ᠬᠥᠪᠡᠭᠦᠳ ᠪᠢᠯᠡ᠃ 9 ᠭᠡᠷ ᠦᠨ ᠴᠠᠳᠢᠭ ᠲᠤ ᠪᠢᠴᠢᠭᠳᠡᠭᠰᠡᠨ ᠢ ᠦᠨᠳᠦᠰᠦᠯᠡᠪᠡᠯ᠂ ᠡᠷᠦᠬᠡ ᠶᠢᠨ ᠠᠬᠠᠯᠠᠭᠴᠢᠳ ᠠᠴᠠ ᠭᠠᠳᠠᠨ᠎ᠠ ᠦᠷ᠎ᠡ ᠤᠳᠤᠮ ᠤᠨ ᠬᠢᠨᠢ ᠳᠤᠮᠳᠠ ᠠᠴᠠ ᠬᠣᠶᠠᠷ ᠲᠦᠮᠡ ᠬᠣᠶᠠᠷ ᠵᠠᠭᠤᠨ ᠳᠠᠢᠴᠢᠨ ᠪᠠᠢᠪᠠ᠃ 10 ᠶᠧᠳᠢᠶᠠᠶᠧᠯ ᠤᠨ ᠬᠦᠦ᠄ ᠪᠢᠯᠾᠠᠨ᠃ ᠪᠢᠯᠾᠠᠨ ᠤ ᠬᠥᠪᠡᠭᠦᠳ᠄ ᠶᠧᠶᠦ᠋ᠱ᠂ ᠪᠢᠨᠶᠠᠮᠢᠨ᠂ ᠡᠬᠦᠳ᠂ ᠺᠧᠨᠠᠨᠠ᠂ ᠽᠧᠲ᠋ᠠᠨ᠂ ᠲᠠᠷᠱᠢᠱ᠂ ᠠᠾᠢᠱᠠᠬᠠᠷ᠃ 11 ᠲᠡᠳᠡ ᠪᠦᠭᠦᠳᠡ ᠶᠧᠳᠢᠶᠠᠶᠧᠯ ᠤᠨ ᠬᠥᠪᠡᠭᠦᠳ ᠪᠥᠭᠡᠳ ᠤᠳᠤᠮ ᠤᠨ ᠢᠶᠠᠨ ᠠᠬᠠᠯᠠᠭᠴᠢ᠂ ᠵᠣᠷᠢᠭᠲᠤ ᠳᠠᠢᠴᠢᠨ ᠪᠠᠢᠪᠠ᠃ ᠦᠷ᠎ᠡ ᠤᠳᠤᠮ ᠠᠴᠠ ᠨᠢ ᠳᠠᠢᠨ ᠳᠤ ᠮᠣᠷᠳᠠᠬᠤ ᠳᠤ ᠪᠡᠯᠡᠬᠡᠨ ᠨᠢᠭᠡ ᠲᠦᠮᠡ ᠳᠣᠯᠣᠭᠠᠨ ᠮᠢᠩ᠋ᠭ᠎ᠠ ᠬᠣᠶᠠᠷ ᠵᠠᠭᠤᠨ ᠴᠡᠷᠢᠭ ᠪᠠᠢᠪᠠ᠃ 12 ᠱᠦᠫᠢᠴᠦᠳ ᠪᠣᠯᠣᠨ ᠾᠦᠫᠢᠴᠤᠳ ᠨᠢ ᠢᠷ ᠤᠨ ᠦᠷ᠎ᠡ ᠤᠳᠤᠮ᠂ ᠾᠦᠱᠢᠴᠤᠳ ᠨᠢ ᠠᠾᠧᠷ ᠤᠨ ᠦᠷ᠎ᠡ ᠤᠳᠤᠮ ᠪᠢᠯᠡ᠃

13 ᠨᠠᠹᠲ᠋ᠠᠯᠢ ᠶᠢᠨ ᠬᠥᠪᠡᠭᠦᠳ᠄ ᠶᠠᠬᠠᠽᠢᠶᠧᠯ᠂ ᠭᠦᠨᠢ᠂ ᠶᠧᠽᠧᠷ᠂ ᠱᠯᠧᠮ᠂ ᠲᠡᠳᠡ ᠪᠢᠯᠾᠠ ᠶᠢᠨ ᠦᠷ᠎ᠡ ᠤᠳᠤᠮ ᠪᠢᠯᠡ᠃

14 ᠮᠠᠨᠠᠰᠧ ᠶᠢᠨ ᠦᠷ᠎ᠡ ᠤᠳᠤᠮ᠄ ᠲᠡᠭᠦᠨ ᠦ ᠲᠠᠲᠠᠪᠤᠷᠢ ᠠᠷᠠᠮ ᠡᠮᠡᠭᠲᠡᠢ ᠡᠴᠡ ᠠᠰᠷᠢᠶᠧᠯ ᠲᠥᠷᠥᠪᠡ᠃ ᠡᠨᠡ ᠡᠮᠡᠭᠲᠡᠢ ᠡᠴᠡ ᠭᠢᠯᠧᠶᠠᠳ᠋ ᠤᠨ ᠡᠴᠢᠭᠡ ᠮᠠᠺᠢᠷ ᠴᠤ ᠲᠥᠷᠥᠪᠡ᠃ 15 ᠮᠠᠺᠢᠷ ᠨᠢ ᠾᠦᠫᠢᠴᠤᠳ ᠪᠣᠯᠣᠨ ᠱᠦᠫᠢᠴᠦᠳ ᠦᠨ ᠳᠤᠮᠳᠠ ᠠᠴᠠ ᠡᠬᠡᠨᠡᠷ ᠠᠪᠤᠪᠠ᠂ ᠡᠭᠡᠴᠢ ᠶᠢ ᠨᠢ ᠮᠠᠺᠠ ᠭᠡᠳᠡᠭ᠃ ᠮᠠᠨᠠᠰᠧ ᠶᠢᠨ ᠤᠳᠠᠭᠠᠬᠢ ᠬᠦᠦ ᠶᠢ ᠽᠧᠯᠣᠹᠧᠬᠠᠳ᠋ ᠭᠡᠳᠡᠭ᠃ ᠽᠧᠯᠣᠹᠧᠬᠠᠳ᠋ ᠵᠥᠪᠬᠡᠨ ᠥᠬᠢᠳ ᠲᠠᠢ᠃ 16 ᠮᠠᠺᠢᠷ ᠤᠨ ᠡᠬᠡᠨᠡᠷ ᠮᠠᠺᠠ ᠬᠦᠦ ᠲᠥᠷᠥᠭᠦᠯᠦᠨ᠂ ᠲᠡᠭᠦᠨ ᠢ ᠫᠧᠷᠧᠱ ᠭᠡᠵᠦ ᠨᠡᠷᠡᠯᠡᠪᠡ᠃ ᠫᠧᠷᠧᠱ ᠤᠨ ᠳᠡᠭᠦᠦ ᠱᠧᠷᠧᠱ᠂ ᠬᠥᠪᠡᠭᠦᠳ ᠨᠢ ᠦᠯᠠᠮ ᠪᠣᠯᠣᠨ ᠷᠠᠺᠧᠮ᠃ 17 ᠦᠯᠠᠮ ᠤᠨ ᠬᠦᠦ᠄ ᠪᠧᠳᠠᠨ᠃ ᠡᠳᠡ ᠨᠠᠷ ᠪᠣᠯ ᠮᠠᠨᠠᠰᠧ ᠶᠢᠨ ᠠᠴᠢ᠂ ᠮᠠᠺᠢᠷ ᠤᠨ ᠬᠦᠦ ᠪᠣᠯᠬᠤ ᠭᠢᠯᠧᠶᠠᠳ᠋ ᠤᠨ ᠦᠷ᠎ᠡ ᠤᠳᠤᠮ ᠪᠢᠯᠡ᠃ 18 ᠲᠡᠭᠦᠨ ᠦ ᠡᠭᠡᠴᠢ ᠬᠠᠮᠣᠯᠧᠺᠧᠲ ᠠᠴᠠ ᠢᠱᠾᠣᠳ᠋᠂ ᠠᠪᠢᠶᠧᠽᠧᠷ᠂ ᠮᠠᠯᠠ ᠲᠥᠷᠥᠪᠡ᠃ 19 ᠱᠧᠮᠢᠳᠠ ᠶᠢᠨ ᠬᠥᠪᠡᠭᠦᠳ᠄ ᠠᠾᠢᠶᠠᠨ᠂ ᠱᠧᠺᠧᠮ᠂ ᠯᠢᠺᠾᠢ᠂ ᠠᠨᠢᠶᠠᠮ᠃ 20 ᠡᠹᠷᠠᠢᠮ ᠤᠨ ᠦᠷ᠎ᠡ ᠤᠳᠤᠮ᠄ ᠡᠹᠷᠠᠢᠮ ᠤᠨ ᠬᠦᠦ ᠱᠦᠲ᠋ᠧᠯᠠ᠂ ᠲᠡᠭᠦᠨ ᠦ ᠬᠦᠦ ᠪᠧᠷᠧᠳ᠋᠂ ᠲᠡᠭᠦᠨ ᠦ ᠬᠦᠦ ᠲᠠᠬᠠᠲ᠂ ᠲᠡᠭᠦᠨ ᠦ ᠬᠦᠦ ᠡᠯᠧᠶᠠᠳᠠ᠂ ᠲᠡᠭᠦᠨ ᠦ ᠬᠦᠦ ᠲᠠᠬᠠᠲ᠂ 21 ᠲᠡᠭᠦᠨ ᠦ ᠬᠦᠦ ᠽᠠᠪᠠᠳ᠋᠂ ᠲᠡᠭᠦᠨ ᠦ ᠬᠦᠦ ᠱᠦᠲ᠋ᠧᠯᠠ᠃ ᠡᠽᠧᠷ᠂ ᠡᠯᠧᠶᠠᠳ᠋ ᠬᠣᠶᠠᠷ ᠭᠠᠲ᠋ᠴᠤᠳ ᠤᠨ ᠮᠠᠯ ᠰᠦᠷᠦᠭ ᠢ ᠪᠤᠯᠢᠶᠠᠬᠤ ᠭᠡᠵᠦ ᠶᠠᠪᠤᠭᠠᠳ ᠲᠡᠷᠡ ᠨᠤᠲᠤᠭ ᠤᠨ ᠤᠤᠭᠠᠯ ᠬᠥᠮᠦᠰ ᠲᠦ ᠠᠯᠠᠭᠳᠠᠪᠠ᠃ 22 ᠡᠴᠢᠭᠡ ᠡᠹᠷᠠᠢᠮ ᠨᠢ ᠣᠯᠠᠨ ᠡᠳᠦᠷ ᠭᠠᠰᠢᠭᠤᠳᠠᠵᠤ᠂ ᠲᠥᠷᠥᠯ ᠰᠠᠳᠤᠨ ᠨᠢ ᠢᠷᠡᠵᠦ ᠲᠡᠭᠦᠨ ᠢ ᠲᠠᠢᠳᠬᠤᠷᠠᠭᠤᠯᠪᠠ᠃ 23 ᠡᠭᠦᠨ ᠦ ᠳᠠᠷᠠᠭ᠎ᠠ᠂ ᠡᠹᠷᠠᠢᠮ ᠡᠬᠡᠨᠡᠷ ᠲᠡᠢ ᠪᠡᠨ ᠡᠩᠭᠡᠷ ᠵᠥᠷᠢᠭᠦᠯᠦᠭᠰᠡᠨ ᠳᠦ᠂ ᠡᠬᠡᠨᠡᠷ ᠨᠢ ᠵᠢᠷᠮᠦᠰᠦᠯᠡᠨ ᠬᠦᠦ ᠲᠥᠷᠥᠭᠦᠯᠪᠡ᠃ ᠭᠡᠷ ᠲᠤᠨᠢ ᠭᠠᠢ ᠲᠣᠬᠢᠶᠠᠯᠳᠤᠭᠰᠠᠨ ᠲᠤᠯᠠ ᠬᠦᠦ ᠪᠡᠨ ᠪᠧᠷᠢᠶ᠎ᠠ ᠭᠡᠵᠦ ᠨᠡᠷᠡᠯᠡᠵᠡᠢ᠃ 24 ᠡᠹᠷᠠᠢᠮ ᠳᠤ ᠱᠧᠷᠠ ᠭᠡᠳᠡᠭ ᠥᠬᠢᠨ ᠴᠤ ᠪᠠᠢᠪᠠ᠃ ᠱᠧᠷᠠ ᠳᠡᠭᠡᠳᠦ᠂ ᠳᠣᠣᠷᠠᠳᠤ ᠬᠣᠶᠠᠷ ᠪᠧᠲ ᠾᠣᠷᠣᠨ᠂ ᠦᠽᠧᠨ ᠱᠧᠷᠠ ᠶᠢ ᠪᠠᠢᠭᠤᠯᠪᠠ᠃ 25 ᠡᠹᠷᠠᠢᠮ ᠳᠤ ᠪᠠᠰᠠ ᠷᠠᠹᠠ ᠭᠡᠳᠡᠭ ᠬᠦᠦ ᠲᠠᠢ᠂ ᠲᠡᠭᠦᠨ ᠦ ᠬᠦᠦ ᠷᠧᠱᠧᠹ᠂ ᠲᠡᠭᠦᠨ ᠦ ᠬᠦᠦ ᠲᠧᠯᠠ᠂ ᠲᠡᠭᠦᠨ ᠦ ᠬᠦᠦ ᠲᠠᠬᠠᠨ᠂ 26 ᠲᠡᠭᠦᠨ ᠦ ᠬᠦᠦ ᠯᠠᠳᠠᠨ᠂ ᠲᠡᠭᠦᠨ ᠦ ᠬᠦᠦ ᠠᠮᠢᠾᠦ᠋ᠳ᠋᠂ ᠲᠡᠭᠦᠨ ᠦ ᠬᠦᠦ ᠡᠯᠢᠱᠠᠮᠠ᠂ 27 ᠲᠡᠭᠦᠨ ᠦ ᠬᠦᠦ ᠨᠦᠨ᠂ ᠲᠡᠭᠦᠨ ᠦ ᠬᠦᠦ ᠶᠣᠱᠦ᠋ᠶ᠎ᠠ᠃ 28 ᠡᠹᠷᠠᠢᠮᠴᠤᠳ ᠤᠨ ᠡᠵᠡᠮᠰᠢᠵᠦ ᠰᠠᠭᠤᠷᠢᠰᠢᠭᠰᠠᠨ ᠭᠠᠵᠠᠷ ᠤᠳ᠄ ᠪᠧᠲ᠋ᠧᠯ ᠪᠣᠯᠣᠨ ᠲᠡᠭᠦᠨ ᠦ ᠲᠣᠭᠣᠷᠢᠨ ᠳᠠᠬᠢ ᠲᠣᠰᠬᠣᠳ᠂ ᠵᠡᠭᠦᠨ ᠵᠦᠭ ᠲᠦ ᠨᠠᠶᠠᠷᠠᠨ᠂ ᠪᠠᠷᠠᠭᠤᠨ ᠵᠦᠭ ᠲᠦ ᠭᠧᠽᠧᠷ ᠪᠣᠯᠣᠨ ᠲᠡᠭᠦᠨ ᠦ ᠲᠣᠭᠣᠷᠢᠨ ᠳᠠᠬᠢ ᠲᠣᠰᠬᠣᠳ᠂ ᠱᠧᠺᠧᠮ ᠪᠣᠯᠣᠨ ᠲᠡᠭᠦᠨ ᠦ ᠲᠣᠭᠣᠷᠢᠨ ᠳᠠᠬᠢ ᠲᠣᠰᠬᠣᠳ᠂ ᠪᠠᠰᠠ ᠠᠢᠶ᠎ᠠ ᠬᠦᠷᠲᠡᠯᠡᠬᠢ ᠲᠣᠰᠬᠣᠳ᠂ ᠮᠥᠨ 29 ᠮᠠᠨᠠᠰᠧᠴᠤᠳ ᠤᠨ ᠬᠢᠯᠢ ᠶᠢᠨ ᠨᠠᠭᠠᠨ᠎ᠠ ᠳᠠᠬᠢ ᠪᠧᠲ ᠱᠧᠶᠠᠨ ᠪᠣᠯᠣᠨ ᠲᠡᠭᠦᠨ ᠦ ᠲᠣᠭᠣᠷᠢᠨ ᠳᠠᠬᠢ ᠲᠣᠰᠬᠣᠳ᠂ ᠲᠠᠨᠠᠺ ᠪᠣᠯᠣᠨ ᠲᠡᠭᠦᠨ ᠦ ᠲᠣᠭᠣᠷᠢᠨ ᠳᠠᠬᠢ ᠲᠣᠰᠬᠣᠳ᠂ ᠮᠧᠭᠢᠳᠣ᠋ ᠪᠣᠯᠣᠨ ᠲᠡᠭᠦᠨ ᠦ ᠲᠣᠭᠣᠷᠢᠨ ᠳᠠᠬᠢ ᠲᠣᠰᠬᠣᠳ᠂ ᠳ᠋ᠣᠷ ᠪᠣᠯᠣᠨ ᠲᠡᠭᠦᠨ ᠦ ᠲᠣᠭᠣᠷᠢᠨ ᠳᠠᠬᠢ ᠲᠣᠰᠬᠣᠳ ᠶᠤᠮ᠃ ᠡᠨᠡ ᠭᠠᠵᠠᠷ ᠤᠳ ᠲᠤ ᠢᠰᠷᠧᠯ ᠤᠨ ᠬᠦᠦ ᠶᠣᠰᠧᠹ ᠤᠨ ᠦᠷ᠎ᠡ ᠤᠳᠤᠮ ᠰᠠᠭᠤᠷᠢᠰᠢᠪᠠ᠃

30 ᠠᠱᠧᠷ ᠤᠨ ᠬᠥᠪᠡᠭᠦᠳ᠄ ᠢᠮᠨᠠ᠂ ᠢᠱᠸᠠ᠂ ᠢᠱᠸᠢ᠂ ᠪᠧᠷᠢᠶ᠎ᠠ ᠬᠢᠭᠡᠳ ᠲᠡᠳᠡᠨ ᠦ ᠡᠭᠡᠴᠢ ᠰᠧᠷᠠ᠃ 31 ᠪᠧᠷᠢᠶ᠎ᠠ ᠶᠢᠨ ᠬᠥᠪᠡᠭᠦᠳ᠄ ᠾᠧᠪᠧᠷ ᠪᠣᠯᠣᠨ ᠮᠠᠯᠺᠢᠶᠧᠯ᠃ ᠮᠠᠯᠺᠢᠶᠧᠯ ᠨᠢ ᠪᠢᠷᠽᠠᠢᠲ ᠤᠨ ᠳᠡᠭᠡᠳᠦᠰ ᠶᠤᠮ᠃ 32 ᠾᠧᠪᠧᠷ ᠲᠤ ᠶᠠᠹᠯᠧᠲ᠂ ᠱᠣᠮᠧᠷ᠂ ᠬᠣᠲ᠋ᠠᠮ ᠬᠢᠭᠡᠳ ᠲᠡᠳᠡᠨ ᠦ ᠡᠭᠡᠴᠢ ᠱᠦᠶ᠎ᠠ ᠲᠥᠷᠥᠪᠡ᠃ 33 ᠶᠠᠹᠯᠧᠲ ᠤᠨ ᠬᠥᠪᠡᠭᠦᠳ᠄ ᠫᠠᠰᠠᠺ᠂ ᠪᠢᠮᠬᠠᠯ᠂ ᠠᠱᠸᠠᠲ᠃ ᠡᠳᠡ ᠨᠠᠷ ᠪᠣᠯ ᠶᠠᠹᠯᠧᠲ ᠤᠨ ᠬᠥᠪᠡᠭᠦᠳ ᠪᠢᠯᠡ᠃ 34 ᠱᠧᠮᠧᠷ ᠤᠨ ᠬᠥᠪᠡᠭᠦᠳ᠄ ᠠᠾᠢ᠂ ᠷᠣᠭ᠎ᠠ᠂ ᠶᠧᠾᠦ᠋ᠪᠠ᠂ ᠠᠷᠠᠮ᠃ 35 ᠱᠧᠮᠧᠷ ᠤᠨ ᠳᠡᠭᠦᠦ ᠾᠧᠯᠧᠮ ᠤᠨ ᠬᠥᠪᠡᠭᠦᠳ᠄ ᠽᠣᠹᠠ᠂ ᠢᠮᠨᠠ᠂ ᠱᠧᠯᠧᠱ᠂ ᠠᠮᠠᠯ᠃ 36 ᠽᠣᠹᠠ ᠶᠢᠨ ᠬᠥᠪᠡᠭᠦᠳ᠄ ᠰᠦᠶᠠ᠂ ᠬᠠᠷᠨᠧᠹᠧᠷ᠂ ᠱᠦᠶᠠᠯ᠂ ᠪᠧᠷᠢ᠂ ᠢᠮᠷᠠ᠂ 37 ᠪᠧᠽᠧᠷ᠂ ᠬᠣᠳ᠋᠂ ᠱᠠᠮᠠ᠂ ᠱᠢᠯᠱᠠ᠂ ᠢᠲ᠋ᠷᠠᠨ᠂ ᠪᠧᠷᠠ᠃ 38 ᠶᠧᠲ᠋ᠧᠷ ᠤᠨ ᠬᠥᠪᠡᠭᠦᠳ᠄ ᠶᠧᠹᠦ᠋ᠨᠧ᠂ ᠫᠢᠰᠫᠠ᠂ ᠠᠷᠠ᠃ 39 ᠦᠯᠠ ᠶᠢᠨ ᠬᠥᠪᠡᠭᠦᠳ᠄ ᠠᠷᠠ᠂ ᠬᠠᠨᠢᠶᠧᠯ᠂ ᠷᠢᠽᠢᠶ᠎ᠠ᠃ 40 ᠲᠡᠳᠡ ᠪᠦᠭᠦᠳᠡᠭᠡᠷ ᠢᠶᠡᠨ ᠠᠱᠧᠷ ᠤᠨ ᠦᠷ᠎ᠡ ᠤᠳᠤᠮ ᠪᠥᠭᠡᠳ ᠤᠳᠤᠮ ᠤᠨ ᠢᠶᠠᠨ ᠠᠬᠠᠯᠠᠭᠴᠢ᠂ ᠰᠢᠯᠢᠳᠡᠭ ᠳᠠᠢᠴᠢᠳ᠂ ᠨᠣᠶᠠᠳ ᠤᠨ ᠲᠦᠷᠦᠭᠦᠴᠦᠳ ᠪᠢᠯᠡ᠃ ᠦᠷ᠎ᠡ ᠤᠳᠤᠮ ᠤᠨ ᠬᠢᠨᠢ ᠳᠤᠮᠳᠠ ᠠᠴᠠ ᠳᠠᠢᠨ ᠳᠤ ᠮᠣᠷᠳᠠᠬᠤ ᠳᠤ ᠪᠡᠯᠡᠬᠡᠨ ᠬᠣᠶᠠᠷ ᠲᠦᠮᠡ ᠵᠢᠷᠭᠤᠭᠠᠨ ᠮᠢᠩ᠋ᠭᠠᠨ ᠬᠥᠮᠦᠨ ᠭᠡᠷ ᠦᠨ ᠢᠶᠠᠨ ᠴᠠᠳᠢᠭ ᠲᠤ ᠣᠷᠣᠪᠠ᠃