ᠱᠠᠰᠲᠢᠷ ᠤᠨ ᠳᠡᠭᠡᠳᠦ ᠳᠥᠷᠪᠡ
ᠶᠦᠳᠠ ᠶᠢᠨ ᠦᠷᠡ ᠤᠳᠤᠮ
1 ᠶᠦᠳᠠ ᠶᠢᠨ ᠦᠷᠡ ᠤᠳᠤᠮ᠄ ᠫᠧᠷᠧᠽ᠂ ᠾᠧᠽᠷᠣᠨ᠂ ᠺᠠᠷᠮᠢ᠂ ᠾᠦᠷ᠂ ᠱᠣᠪᠠᠯ᠃ 2 ᠱᠣᠪᠠᠯ ᠤᠨ ᠬᠦᠦ ᠷᠧᠶᠠᠢᠶᠠ᠂ ᠲᠡᠭᠦᠨ ᠦ ᠬᠦᠦ ᠶᠠᠬᠠᠲ᠂ ᠶᠠᠬᠠᠲ ᠤᠨ ᠬᠥᠪᠡᠭᠦᠳ᠄ ᠯᠠᠬᠠᠳ᠋ ᠪᠣᠯᠣᠨ ᠠᠾᠦ᠋ᠮᠠᠢ᠃ ᠡᠳᠡ ᠪᠣᠯ ᠽᠣᠷᠠᠲ᠋ᠴᠤᠳ ᠤᠨ ᠠᠢᠮᠠᠭ ᠤᠳ ᠪᠢᠯᠡ᠃ 3 ᠡᠲ᠋ᠠᠮ ᠤᠨ ᠦᠷᠡ ᠤᠳᠤᠮ᠄ ᠶᠧᠽᠷᠧᠯ᠂ ᠢᠱᠮᠠ᠂ ᠢᠳ᠋ᠪᠠᠱ᠃ ᠲᠡᠳᠡᠨ ᠦ ᠡᠭᠡᠴᠢ ᠶᠢ ᠬᠠᠽᠧᠯᠧᠯᠫᠣᠨᠢ ᠭᠡᠳᠡᠭ᠃ 4 ᠭᠧᠳᠣᠷ ᠤᠨ ᠡᠴᠢᠭᠡ ᠨᠢ ᠫᠧᠨᠦ᠋ᠶᠧᠯ᠂ ᠾᠦᠱᠠ ᠶᠢᠨ ᠡᠴᠢᠭᠡ ᠨᠢ ᠡᠽᠧᠷ ᠪᠢᠯᠡ᠃ ᠡᠳᠡ ᠪᠣᠯ ᠪᠧᠲ᠋ᠯᠧᠾᠧᠮ ᠤᠨ ᠡᠴᠢᠭᠡ ᠾᠦᠷ (ᠡᠹᠷᠠᠲ᠋ᠠ ᠶᠢᠨ ᠤᠤᠭᠠᠨ ᠬᠦᠦ) ᠤᠨ ᠦᠷᠡ ᠤᠳᠤᠮ ᠶᠤᠮ᠃ 5 ᠲᠧᠺᠣᠶᠠ ᠶᠢᠨ ᠡᠴᠢᠭᠡ ᠠᠱᠾᠦ᠋ᠷ ᠲᠤ ᠾᠧᠯᠠ᠂ ᠨᠠᠶᠠᠷᠠ ᠭᠡᠬᠦ ᠬᠣᠶᠠᠷ ᠡᠬᠡᠨᠡᠷ ᠪᠠᠢᠪᠠ᠃ 6 ᠨᠠᠶᠠᠷᠠ ᠠᠴᠠ ᠠᠾᠦ᠋ᠽᠠᠮ᠂ ᠾᠧᠹᠧᠷ᠂ ᠲᠧᠮᠧᠨᠢ᠂ ᠬᠠᠬᠠᠱᠲ᠋ᠠᠷᠢ ᠨᠠᠷ ᠲᠥᠷᠥᠪᠡ᠃ ᠡᠳᠡ ᠨᠠᠷ ᠪᠣᠯ ᠨᠠᠶᠠᠷᠠ ᠶᠢᠨ ᠦᠷᠡ ᠤᠳᠤᠮ ᠪᠢᠯᠡ᠃ 7 ᠾᠧᠯᠠ ᠶᠢᠨ ᠬᠥᠪᠡᠭᠦᠳ᠄ ᠽᠧᠷᠧᠲ᠂ ᠽᠣᠬᠠᠷ᠂ ᠡᠲ᠋ᠨᠠᠨ᠂ ᠺᠣᠽ᠃ 8 ᠺᠣᠽ ᠨᠢ ᠠᠨᠦ᠋ᠪ᠂ ᠬᠠᠽᠽᠣᠪᠧᠪᠠ ᠶᠢ ᠲᠥᠷᠥᠭᠦᠯᠵᠦ᠂ ᠬᠠᠷᠦ᠋ᠮ ᠤᠨ ᠬᠦᠦ ᠠᠬᠠᠷᠾᠧᠯ ᠤᠨ ᠠᠢᠮᠠᠭ ᠤᠳ ᠤᠨ ᠡᠴᠢᠭᠡ ᠪᠣᠯᠵᠠᠢ᠃ 9 ᠶᠠᠪᠧᠽ ᠠᠬᠠ ᠳᠡᠭᠦᠦᠰ ᠦᠨ ᠢᠶᠠᠨ ᠳᠤᠮᠳᠠ ᠬᠠᠮᠤᠭ ᠤᠨ ᠢᠯᠡᠭᠦᠦ ᠨᠡᠷᠡ ᠬᠦᠨᠳᠦ ᠲᠠᠢ ᠪᠠᠢᠪᠠ᠃ ᠡᠵᠢ ᠨᠢ᠄ 《ᠵᠣᠪᠠᠯᠠᠩ ᠲᠠᠢ ᠪᠠᠷ ᠲᠥᠷᠥᠪᠡ》 ᠭᠡᠳ ᠲᠡᠭᠦᠨ ᠢ ᠶᠠᠪᠧᠽ ᠭᠡᠵᠦ ᠨᠡᠷᠡᠯᠡᠵᠡᠢ᠃ 10 ᠶᠠᠪᠧᠽ ᠢᠰᠷᠧᠯ ᠤᠨ ᠪᠤᠷᠬᠠᠨ ᠳᠤ ᠬᠠᠨᠳᠤᠨ᠄ 《ᠥ᠂ ᠲᠠ ᠨᠠᠮᠠᠶᠢ ᠦᠨᠡᠬᠡᠷ ᠢᠪᠡᠭᠡᠭᠡᠴᠢ︕ ᠬᠢᠯᠢ ᠬᠢᠵᠠᠭᠠᠷ ᠢ ᠮᠢᠨᠢ ᠲᠡᠯᠡᠵᠦ᠂ ᠮᠤᠲᠤᠷ ᠲᠠᠨᠢ ᠨᠠᠳᠠ ᠲᠠᠢ ᠬᠠᠮᠲᠤ ᠪᠠᠢᠬᠤ ᠪᠣᠯᠲᠤᠭᠠᠢ᠂ ᠬᠣᠷᠣᠨ ᠮᠠᠭᠤ ᠠᠴᠠ ᠬᠠᠮᠠᠭᠠᠯᠠᠵᠤ᠂ ᠵᠣᠪᠠᠯᠠᠩ ᠠᠴᠠ ᠨᠠᠮᠠᠶᠢ ᠵᠠᠢᠯᠠᠭᠤᠯᠤᠭᠠᠴᠢ︕》 ᠭᠡᠵᠦ ᠭᠤᠶᠤᠭᠰᠠᠨ ᠳᠤ᠂ ᠪᠤᠷᠬᠠᠨ ᠲᠡᠭᠦᠨ ᠦ ᠬᠦᠰᠡᠯ ᠢ ᠵᠥᠪᠰᠢᠶᠡᠷᠡᠵᠡᠢ᠃ 11 ᠱᠦᠬᠠ ᠶᠢᠨ ᠠᠬᠠ ᠺᠧᠯᠦ᠋ᠪ ᠤᠨ ᠬᠦᠦ ᠮᠧᠾᠢᠷ᠂ ᠮᠧᠾᠢᠷ ᠤᠨ ᠬᠦᠦ ᠡᠱᠲ᠋ᠣᠨ᠃ 12 ᠡᠱᠲ᠋ᠣᠨ ᠤ ᠬᠥᠪᠡᠭᠦᠳ᠄ ᠪᠧᠲ ᠷᠠᠹᠠ᠂ ᠫᠠᠰᠧᠶᠠ ᠪᠣᠯᠣᠨ ᠨᠠᠬᠠᠱ ᠬᠣᠲᠠ ᠶᠢ ᠡᠭᠦᠰᠭᠡᠭᠴᠢ ᠲᠧᠾᠢᠨᠠ᠃ ᠡᠳᠡ ᠨᠠᠷ ᠪᠣᠯ ᠷᠧᠺᠠ ᠶᠢᠨ ᠦᠷᠡ ᠤᠳᠤᠮ ᠶᠤᠮ᠃ 13 ᠺᠧᠨᠠᠽ ᠤᠨ ᠬᠥᠪᠡᠭᠦᠳ᠄ ᠣᠲ᠋ᠨᠢᠶᠧᠯ ᠪᠣᠯᠣᠨ ᠰᠧᠷᠠᠢᠶᠠ᠃ ᠣᠲ᠋ᠨᠢᠶᠧᠯ ᠤᠨ ᠬᠥᠪᠡᠭᠦᠳ᠄ ᠬᠠᠲ᠋ᠠᠲ ᠪᠣᠯᠣᠨ ᠮᠧᠶᠣᠨᠣᠲ᠋ᠠᠢ᠃ 14 ᠮᠧᠶᠣᠨᠣᠲ᠋ᠠᠢ ᠶᠢᠨ ᠬᠦᠦ ᠣᠹᠷᠠ᠂ ᠰᠧᠷᠠᠢᠶᠠ ᠶᠢᠨ ᠬᠦᠦ ᠶᠣᠶᠠᠪ᠃ ᠶᠣᠶᠠᠪ ᠪᠣᠯ ᠳᠠᠷᠬᠠᠳ ᠤᠨ ᠬᠥᠨᠳᠡᠢ ᠶᠢᠨ ᠡᠴᠢᠭᠡ ᠪᠥᠭᠡᠳ ᠲᠡᠨᠳᠡ ᠣᠯᠠᠨ ᠳᠠᠷᠬᠠᠨ ᠪᠠᠢᠪᠠ᠃ 15 ᠶᠧᠹᠦ᠋ᠨᠧ ᠶᠢᠨ ᠬᠦᠦ ᠺᠠᠯᠧᠪ ᠤᠨ ᠬᠥᠪᠡᠭᠦᠳ᠄ ᠢᠷᠦ᠋᠂ ᠧᠯᠠ᠂ ᠨᠠᠶᠠᠮ᠃ ᠧᠯᠠ ᠶᠢᠨ ᠬᠦᠦ ᠺᠧᠨᠠᠽ᠃ 16 ᠶᠠᠬᠠᠯᠧᠯᠧᠯ ᠤᠨ ᠬᠥᠪᠡᠭᠦᠳ᠄ ᠽᠢᠹ᠂ ᠽᠢᠹᠠ᠂ ᠲᠢᠷᠢᠶᠠ᠂ ᠠᠰᠠᠷᠧᠯ᠃ 17 ᠡᠽᠷᠠ ᠶᠢᠨ ᠬᠥᠪᠡᠭᠦᠳ᠄ ᠶᠧᠲ᠋ᠧᠷ᠂ ᠮᠧᠷᠧᠳ᠋᠂ ᠡᠹᠧᠷ᠂ ᠶᠠᠯᠣᠨ᠃ ᠮᠧᠷᠧᠳ᠋ ᠹᠠᠷᠠᠣ᠋ ᠶᠢᠨ ᠥᠬᠢᠨ ᠪᠢᠲ᠋ᠢᠶᠠ ᠲᠠᠢ ᠭᠡᠷᠯᠡᠭᠰᠡᠨ ᠳᠦ᠂ ᠲᠡᠭᠦᠨ ᠡᠴᠡ ᠮᠢᠷᠢᠶᠠᠮ᠂ ᠱᠠᠮᠠᠢ ᠪᠣᠯᠣᠨ ᠡᠱᠲ᠋ᠧᠮᠣᠶᠠ ᠶᠢᠨ ᠡᠴᠢᠭᠡ ᠢᠱᠪᠠ ᠨᠠᠷ ᠲᠥᠷᠥᠵᠡᠢ᠃ 18 ᠮᠧᠷᠧᠳ᠋ ᠤᠨ ᠶᠦᠳᠠ ᠡᠬᠡᠨᠡᠷ ᠡᠴᠡ ᠭᠧᠳᠣᠷ ᠤᠨ ᠡᠴᠢᠭᠡ ᠶᠧᠷᠧᠳ᠋᠂ ᠰᠣᠺᠣ ᠶᠢᠨ ᠡᠴᠢᠭᠡ ᠾᠧᠪᠧᠷ᠂ ᠽᠠᠨᠣᠶᠠ ᠶᠢᠨ ᠡᠴᠢᠭᠡ ᠶᠧᠺᠦ᠋ᠲ᠋ᠢᠶᠧᠯ ᠨᠠᠷ ᠲᠥᠷᠥᠵᠡᠢ᠃ 19 ᠬᠣᠳᠢᠶᠠ ᠶᠢᠨ ᠡᠬᠡᠨᠡᠷ ᠪᠤᠶᠤ ᠨᠠᠬᠠᠮ ᠤᠨ ᠡᠭᠡᠴᠢ ᠶᠢᠨ ᠬᠥᠪᠡᠭᠦᠳ᠄ ᠭᠠᠷᠮᠢᠲ᠋ᠧᠴᠤᠳ ᠤᠨ ᠺᠧᠶᠢᠯᠠ ᠶᠢᠨ ᠡᠴᠢᠭᠡ ᠪᠣᠯᠣᠨ ᠮᠠᠺᠠᠲ᠋ᠴᠤᠳ ᠤᠨ ᠡᠱᠲ᠋ᠧᠮᠣᠶᠠ ᠶᠢᠨ ᠡᠴᠢᠭᠡ ᠶᠤᠮ᠃ 20 ᠱᠢᠮᠣᠨ ᠤ ᠬᠥᠪᠡᠭᠦᠳ᠄ ᠠᠮᠨᠣᠨ᠂ ᠷᠢᠨᠠ᠂ ᠪᠧᠨ ᠬᠠᠨᠠᠨ᠂ ᠲᠢᠯᠣᠨ᠃ ᠢᠱᠢ ᠶᠢᠨ ᠦᠷᠡ ᠤᠳᠤᠮ᠄ ᠽᠣᠾᠧᠲ᠂ ᠪᠧᠨ ᠽᠣᠾᠧᠲ ᠪᠢᠯᠡ᠃ 21 ᠶᠦᠳᠠ ᠶᠢᠨ ᠬᠦᠦ ᠱᠧᠯᠠ ᠶᠢᠨ ᠬᠥᠪᠡᠭᠦᠳ᠄ ᠯᠧᠺᠠ ᠶᠢᠨ ᠡᠴᠢᠭᠡ ᠧᠷ᠂ ᠮᠠᠷᠧᠱᠠ ᠶᠢᠨ ᠡᠴᠢᠭᠡ ᠯᠠᠳᠠ ᠪᠣᠯᠣᠨ ᠪᠧᠲ ᠠᠱᠪᠧᠶᠠ ᠳᠠᠬᠢ ᠥᠷᠮᠥᠭ ᠨᠡᠬᠡᠭᠴᠢᠳ ᠤᠨ ᠠᠢᠮᠠᠭ ᠤᠳ᠂ 22 ᠶᠣᠺᠢᠮ᠂ ᠺᠣᠽᠧᠪᠠ ᠶᠢᠨ ᠬᠥᠮᠦᠰ ᠬᠢᠭᠡᠳ ᠮᠣᠶᠠᠪ ᠪᠣᠯᠣᠨ ᠶᠠᠱᠦ᠋ᠪᠢ ᠯᠧᠾᠧᠮ ᠢ ᠵᠠᠬᠢᠷᠤᠭᠰᠠᠨ ᠶᠣᠶᠠᠱ᠂ ᠰᠠᠷᠠᠹ ᠬᠣᠶᠠᠷ ᠶᠤᠮ᠃ ᠡᠨᠡ ᠲᠡᠮᠳᠡᠭᠯᠡᠯ ᠡᠷᠲᠡᠨ ᠦ ᠬᠢ ᠪᠢᠯᠡ᠃ 23 ᠡᠳᠡᠭᠡᠷ ᠨᠢ ᠸᠠᠭᠠᠷᠴᠢᠳ ᠪᠥᠭᠡᠳ ᠨᠧᠲ᠋ᠠᠢᠮ᠂ ᠭᠧᠳᠧᠷᠠ ᠳᠤ ᠰᠠᠭᠤᠵᠤ ᠬᠠᠭᠠᠨ ᠳᠤ ᠠᠯᠪᠠ ᠬᠠᠭᠠᠳᠠᠭ ᠪᠠᠢᠪᠠ᠃
ᠰᠢᠮᠧᠶᠣᠨ ᠤ ᠦᠷᠡ ᠤᠳᠤᠮ
24 ᠰᠢᠮᠧᠶᠣᠨ ᠤ ᠦᠷᠡ ᠤᠳᠤᠮ᠄ ᠨᠧᠮᠦ᠋ᠶᠧᠯ᠂ ᠶᠠᠮᠢᠨ᠂ ᠶᠠᠷᠢᠪ᠂ ᠽᠧᠷᠠ᠂ ᠱᠠᠦ᠋ᠯ ᠨᠠᠷ᠃ 25 ᠱᠠᠦ᠋ᠯ ᠤᠨ ᠬᠦᠦ ᠱᠠᠯᠦ᠋ᠮ᠂ ᠲᠡᠭᠦᠨ ᠦ ᠬᠦᠦ ᠮᠢᠪᠰᠠᠮ᠂ ᠲᠡᠭᠦᠨ ᠦ ᠬᠦᠦ ᠮᠢᠱᠮᠠ᠃ 26 ᠮᠢᠱᠮᠠ ᠶᠢᠨ ᠦᠷᠡ ᠤᠳᠤᠮ᠄ ᠲᠡᠭᠦᠨ ᠦ ᠬᠦᠦ ᠬᠠᠮᠦ᠋ᠶᠧᠯ᠂ ᠲᠡᠭᠦᠨ ᠦ ᠬᠦᠦ ᠽᠠᠺᠦ᠋ᠷ᠂ ᠲᠡᠭᠦᠨ ᠦ ᠬᠦᠦ ᠱᠢᠮᠧᠶᠢ ᠨᠠᠷ᠃ 27 ᠱᠢᠮᠧᠶᠢ ᠠᠷᠪᠠᠨ ᠵᠢᠷᠭᠤᠭᠠᠨ ᠬᠦᠦ ᠲᠠᠢ᠂ ᠵᠢᠷᠭᠤᠭᠠᠨ ᠥᠬᠢᠨ ᠲᠠᠢ ᠪᠠᠢᠭᠰᠠᠨ ᠪᠣᠯᠪᠠᠴᠤ ᠠᠬᠠ ᠳᠡᠭᠦᠦᠰ ᠨᠢ ᠲᠡᠢᠮᠦ ᠴᠤ ᠣᠯᠠᠨ ᠬᠡᠦᠬᠡᠳ ᠦᠭᠡᠢ ᠲᠤᠯᠠ ᠲᠡᠳᠡᠨ ᠦ ᠠᠢᠮᠠᠭ ᠤᠨ ᠬᠢᠨ ᠶᠦᠳᠠᠴᠤᠳ ᠰᠢᠭ᠋ ᠦᠷᠡᠵᠢᠨ ᠣᠯᠠᠰᠢᠷᠠᠭᠰᠠᠨ ᠦᠭᠡᠢ᠃ 28 ᠰᠧᠮᠧᠶᠣᠨᠴᠤᠳ ᠤᠨ ᠰᠠᠭᠤᠷᠢᠰᠢᠭᠰᠠᠨ ᠭᠠᠵᠠᠷ ᠤᠳ ᠪᠣᠯ ᠪᠧᠷᠣᠲ ᠱᠧᠪᠠ᠂ ᠮᠣᠯᠠᠳᠠ᠂ ᠬᠠᠽᠠᠷ ᠱᠦᠶᠠᠯ᠂ 29 ᠪᠢᠯᠾᠠ᠂ ᠡᠽᠧᠮ᠂ ᠲᠣᠯᠠᠳ᠋᠂ 30 ᠪᠧᠲ᠋ᠦ᠋ᠶᠧᠯ᠂ ᠬᠣᠷᠮᠠ᠂ ᠽᠢᠺᠯᠠᠭ᠂ 31 ᠪᠧᠲ ᠮᠠᠷᠺᠠᠪᠣᠲ᠂ ᠬᠠᠽᠠᠷ ᠰᠦᠰᠢᠮ᠂ ᠪᠧᠲ ᠪᠢᠷᠢ᠂ ᠱᠠᠶᠠᠷᠠᠢᠮ ᠶᠤᠮ᠃ ᠡᠳᠡᠭᠡᠷ ᠬᠣᠲᠠ ᠨᠢ ᠳ᠋ᠠᠸᠢᠳ᠋ ᠢ ᠬᠠᠭᠠᠨ ᠪᠣᠯᠲᠠᠯᠠ ᠲᠡᠳᠡᠨ ᠦ ᠬᠢ ᠪᠠᠢᠪᠠ᠃ 32 ᠡᠭᠦᠨ ᠡᠴᠡ ᠭᠠᠳᠠᠨᠠ ᠡᠲ᠋ᠠᠮ᠂ ᠠᠶ᠋ᠢᠨ᠂ ᠷᠢᠮᠣᠨ᠂ ᠲᠣᠺᠧᠨ᠂ ᠠᠱᠠᠨ ᠭᠡᠬᠦ ᠲᠠᠪᠤᠨ ᠬᠣᠲᠠ ᠬᠢᠭᠡᠳ 33 ᠡᠳᠡᠭᠡᠷ ᠬᠣᠲᠠ ᠶᠢᠨ ᠡᠷᠭᠢᠨ ᠲᠣᠭᠣᠷᠢᠨ ᠪᠣᠯᠣᠨ ᠪᠠᠯ ᠠᠲ᠋ᠧ ᠳᠤ ᠬᠦᠷᠲᠡᠯᠡᠬᠢ ᠠᠯᠢᠪᠠ ᠲᠣᠰᠬᠣᠨ ᠳᠤ ᠴᠤ ᠰᠧᠮᠧᠶᠣᠨᠴᠤᠳ ᠰᠠᠭᠤᠳᠠᠭ᠃ ᠲᠡᠳᠡ ᠭᠡᠷ ᠦᠨ ᠴᠠᠳᠢᠭ ᠲᠠᠢ ᠪᠠᠢᠪᠠ᠃
34 ᠰᠧᠮᠧᠶᠣᠨ ᠤ ᠪᠤᠰᠤᠳ ᠦᠷᠡ ᠤᠳᠤᠮ᠄ ᠮᠧᠱᠣᠪᠠᠪ᠂ ᠶᠠᠮᠯᠧᠺ᠂ ᠠᠮᠠᠽᠢᠶᠠ ᠶᠢᠨ ᠬᠦᠦ ᠶᠣᠱᠠ᠂ 35 ᠶᠣᠶᠧᠯ᠂ ᠶᠧᠾᠦ᠋ (ᠠᠰᠢᠶᠧᠯ ᠤᠨ ᠵᠢᠴᠢ᠂ ᠰᠧᠷᠠᠢᠶᠠ ᠶᠢᠨ ᠠᠴᠢ᠂ ᠶᠣᠱᠢᠪᠢᠶᠠ ᠶᠢᠨ ᠬᠦᠦ)᠂ 36 ᠡᠯᠢᠣᠶᠧᠨᠠᠢ᠂ ᠶᠠᠺᠣᠪᠠ᠂ ᠶᠧᠱᠣᠬᠠᠢᠶᠠ᠂ ᠠᠰᠠᠢᠶᠠ᠂ ᠠᠳᠢᠶᠧᠯ᠂ ᠶᠧᠰᠢᠮᠢᠶᠧᠯ᠂ ᠪᠧᠨᠠᠢᠶᠠ᠂ 37 ᠽᠢᠽᠠ (ᠱᠧᠮᠠᠢᠶᠠ ᠶᠢᠨ ᠳᠥᠴᠢ᠂ ᠱᠢᠮᠷᠢ ᠶᠢᠨ ᠭᠤᠴᠢ᠂ ᠶᠧᠳᠠᠢᠶᠠ ᠶᠢᠨ ᠵᠢᠴᠢ᠂ ᠠᠯᠣᠨ ᠤ ᠠᠴᠢ᠂ ᠰᠢᠹᠢ ᠶᠢᠨ ᠬᠦᠦ) ᠨᠠᠷ᠃ 38 ᠡᠳᠡ ᠨᠠᠷ ᠪᠣᠯ ᠠᠢᠮᠠᠭ ᠤᠳ ᠤᠨ ᠬᠢᠨᠢ ᠲᠣᠯᠣᠭᠠᠢᠯᠠᠭᠴᠢᠳ ᠤᠨ ᠨᠡᠷᠡᠰ ᠶᠤᠮ᠃ ᠲᠡᠳᠡᠨ ᠦ ᠡᠷᠦᠬᠡ ᠨᠦᠭᠦᠳ ᠶᠡᠬᠡᠳᠡ ᠨᠡᠮᠡᠭᠳᠡᠭᠰᠡᠨ ᠪᠣᠯᠬᠣᠷ 39 ᠮᠠᠯ ᠰᠦᠷᠦᠭ ᠲᠡᠭᠡᠨ ᠪᠡᠯᠴᠢᠭᠡᠷ ᠬᠠᠢᠨ᠂ ᠬᠥᠨᠳᠡᠢ ᠶᠢᠨ ᠵᠡᠭᠦᠨ ᠲᠠᠯᠠ ᠤᠷᠤᠭᠤ ᠶᠠᠪᠤᠭᠠᠳ ᠭᠧᠳᠣᠷ ᠤᠨ ᠬᠢᠯᠢ ᠳᠤ ᠬᠦᠷᠴᠦ᠂ 40 ᠰᠢᠮᠡᠯᠢᠭ ᠰᠠᠢᠬᠠᠨ ᠪᠡᠯᠴᠢᠭᠡᠷ ᠢ ᠣᠯᠵᠠᠢ᠃ ᠲᠡᠷᠡ ᠭᠠᠵᠠᠷ ᠠᠭᠤᠳᠠᠮ᠂ ᠠᠮᠤᠷ ᠲᠠᠢᠪᠤᠩ ᠪᠥᠭᠡᠳ ᠲᠡᠨᠳᠡ ᠬᠠᠮᠢᠴᠤᠳ ᠰᠠᠭᠤᠳᠠᠭ ᠪᠠᠢᠯᠠ᠃ 41 ᠳᠡᠭᠡᠷᠡ ᠲᠡᠮᠳᠡᠭᠯᠡᠭᠳᠡᠭᠰᠡᠨ ᠡᠳᠡᠭᠡᠷ ᠬᠥᠮᠦᠰ ᠢᠷᠡᠭᠡᠳ ᠮᠠᠢᠬᠠᠨ ᠳᠤ ᠰᠠᠭᠤᠭᠴᠢ ᠬᠠᠮᠢᠴᠤᠳ ᠪᠣᠯᠣᠨ ᠲᠡᠨᠳᠡᠬᠢ ᠶᠢᠨ ᠮᠧᠶᠦ᠋ᠨᠢᠮᠴᠦᠳ ᠢ ᠳᠠᠭᠠᠷᠢᠵᠤ᠂ ᠬᠦᠢᠰᠦ ᠲᠡᠮᠲᠡᠷᠢᠭᠰᠡᠨ ᠢᠶᠡᠷ ᠥᠨᠥᠳᠥᠷ ᠦᠨ ᠬᠢ ᠰᠢᠭ ᠪᠣᠯᠵᠠᠢ᠃ ᠲᠡᠷᠡ ᠭᠠᠵᠠᠷ ᠮᠠᠯ ᠤᠨ ᠪᠡᠯᠴᠢᠭᠡᠷ ᠲᠡᠢ ᠪᠠᠢᠭᠰᠠᠨ ᠤᠴᠢᠷ ᠠᠴᠠ ᠲᠡᠳᠡ ᠲᠡᠨᠳᠡ ᠰᠠᠭᠤᠷᠢᠰᠢᠵᠠᠢ᠃ 42 ᠰᠢᠮᠧᠶᠣᠨᠴᠤᠳ ᠤᠨ ᠳᠤᠮᠳᠠᠬᠢ ᠲᠠᠪᠤᠨ ᠵᠠᠭᠤᠨ ᠬᠥᠮᠦᠨ ᠨᠢ ᠢᠱᠢ ᠶᠢᠨ ᠬᠥᠪᠡᠭᠦᠳ᠂ ᠲᠤᠬᠠᠢᠯᠠᠪᠠᠯ ᠫᠧᠯᠠᠲ᠋ᠢᠶᠠ᠂ ᠨᠧᠶᠠᠷᠢᠶᠠ᠂ ᠷᠧᠹᠠᠢᠶᠠ᠂ ᠦᠽᠢᠶᠧᠯ ᠨᠠᠷ ᠢᠶᠠᠷ ᠲᠣᠯᠣᠭᠠᠢᠯᠠᠭᠤᠯᠤᠨ ᠰᠧᠷ ᠠᠭᠤᠯᠠ ᠤᠷᠤᠭᠤ ᠶᠠᠪᠤᠵᠤ᠂ 43 ᠣᠷᠭᠣᠵᠤ ᠵᠢᠭᠤᠲᠠᠭᠰᠠᠨ ᠠᠮᠠᠯᠧᠺᠴᠤᠳ ᠤᠨ ᠦᠯᠡᠳᠡᠭᠰᠡᠳ ᠢ ᠤᠰᠠᠳᠬᠠᠭᠠᠳ᠂ ᠲᠡᠨᠳᠡ ᠪᠡᠨ ᠥᠨᠥᠳᠥᠷ ᠬᠦᠷᠲᠡᠯᠡ ᠰᠠᠭᠤᠵᠤ ᠪᠠᠢᠨᠠ᠃