ᠱᠠᠰᠲᠢᠷ ᠤᠨ ᠳᠡᠭᠡᠳᠦ ᠠᠷᠪᠠᠨ ᠵᠢᠷᠭᠤᠭ᠎ᠠ
1 ᠲᠡᠳᠡ ᠪᠤᠷᠬᠠᠨ ᠤ ᠠᠪᠳᠠᠷ᠎ᠠ ᠶᠢ ᠠᠪᠴᠢᠷᠠᠭᠠᠳ᠂ ᠠᠪᠳᠠᠷ᠎ᠠ ᠳᠤ ᠵᠣᠷᠢᠭᠤᠯᠤᠨ ᠳ᠋ᠠᠸᠢᠳ᠋ ᠤᠨ ᠪᠣᠰᠬᠠᠭᠰᠠᠨ ᠴᠠᠴᠠᠷ ᠤᠨ ᠭᠣᠣᠯ ᠳᠤ ᠵᠠᠯᠠᠵᠤ᠂ ᠪᠤᠷᠬᠠᠨ ᠤ ᠡᠮᠦᠨ᠎ᠡ ᠰᠢᠲᠠᠭᠠᠯᠭᠠᠲᠤ ᠲᠠᠬᠢᠯ ᠪᠣᠯᠣᠨ ᠡᠪ ᠦᠨ ᠲᠠᠬᠢᠯ ᠡᠷᠭᠦᠪᠡ᠃ 2 ᠳ᠋ᠠᠸᠢᠳ᠋ ᠰᠢᠲᠠᠭᠠᠯᠭᠠᠲᠤ ᠲᠠᠬᠢᠯ ᠪᠣᠯᠣᠨ ᠡᠪ ᠦᠨ ᠲᠠᠬᠢᠯ ᠢ ᠡᠷᠭᠦᠵᠦ ᠳᠠᠭᠤᠰᠤᠭᠠᠳ᠂ ᠶᠣᠬᠣᠸᠠ ᠶᠢᠨ ᠨᠡᠷ᠎ᠡ ᠪᠡᠷ ᠠᠷᠠᠳ ᠣᠯᠠᠨ ᠢ ᠢᠷᠥᠭᠡᠵᠦ᠂ 3 ᠢᠰᠷᠧᠯ ᠤᠨ ᠡᠷ᠎ᠡ ᠡᠮ᠎ᠡ ᠭᠡᠰᠡᠨ ᠦᠭᠡᠢ ᠬᠥᠮᠦᠨ ᠪᠦᠬᠦᠨ ᠳᠦ ᠨᠢᠭᠡ ᠳᠤᠭᠤᠢ ᠪᠣᠣᠪᠣ᠂ ᠬᠡᠰᠡᠭ ᠮᠢᠬ᠎ᠠ᠂ ᠨᠢᠭᠡ ᠪᠥᠭᠡᠮ ᠬᠠᠲᠠᠭᠠᠭᠰᠠᠨ ᠦᠵᠦᠮ ᠲᠦᠭᠡᠭᠡᠪᠡ᠃
4 ᠲᠡᠷᠡ ᠪᠡᠷ ᠯᠧᠸᠢᠴᠦᠳ ᠦᠨ ᠵᠠᠷᠢᠮ ᠢ ᠰᠢᠯᠢᠵᠦ᠂ ᠡᠵᠡᠨ ᠦ ᠠᠪᠳᠠᠷ᠎ᠠ ᠶᠢᠨ ᠡᠮᠦᠨ᠎ᠡ ᠦᠢᠯᠡᠴᠢᠯᠡᠭᠦᠯᠪᠡ᠃ ᠲᠡᠳᠡ ᠢᠰᠷᠧᠯ ᠤᠨ ᠪᠤᠷᠬᠠᠨ ᠶᠣᠬᠣᠸᠠ ᠶᠢ ᠳᠠᠭᠤᠳᠠᠨ ᠳᠠᠭᠠᠳᠬᠠᠵᠤ᠂ ᠲᠡᠭᠦᠨ ᠳᠦ ᠲᠠᠯᠠᠷᠬᠠᠨ᠂ ᠮᠠᠭᠲᠠᠭᠠᠯ ᠡᠷᠭᠦᠬᠦ ᠡᠭᠦᠷᠭᠡ ᠲᠠᠢ᠃ 5 ᠤᠳᠤᠷᠢᠳᠤᠭᠴᠢ ᠨᠢ ᠠᠰᠠᠹ᠂ ᠤᠳᠠᠭᠠᠬᠢ ᠨᠢ ᠽᠧᠺᠠᠷᠢᠶ᠎ᠠ᠂ ᠶᠧᠶᠧᠯ᠂ ᠱᠧᠮᠢᠷᠠᠮᠣᠲ᠂ ᠶᠧᠾᠢᠶᠧᠯ᠂ ᠮᠠᠲ᠋ᠢᠲ᠋ᠢᠶ᠎ᠠ᠂ ᠡᠯᠢᠶᠠᠪ᠂ ᠪᠧᠨᠠᠢᠶ᠎ᠠ᠂ ᠣᠪᠧᠳ᠋ ᠡᠳᠣᠮ᠂ ᠶᠧᠶᠧᠯ ᠨᠠᠷ ᠪᠠᠢᠪᠠ᠃ ᠲᠡᠳᠡ ᠪᠣᠰᠣᠭ᠎ᠠ ᠶᠠᠲᠤᠭ᠎ᠠ ᠴᠢᠪᠬᠠᠳᠠᠨ ᠶᠠᠲᠤᠭ᠎ᠠ ᠲᠣᠭᠯᠠᠳᠠᠭ᠃ ᠠᠰᠠᠹ ᠴᠢᠩᠭ᠍᠎ᠠ ᠪᠠᠷ ᠴᠠᠩ ᠴᠣᠬᠢᠵᠤ᠂ 6 ᠲᠠᠬᠢᠯᠴᠢ ᠪᠧᠨᠠᠢᠶ᠎ᠠ᠂ ᠶᠠᠬᠠᠽᠢᠶᠧᠯ ᠬᠣᠶᠠᠷ ᠪᠤᠷᠬᠠᠨ ᠤ ᠭᠡᠷ᠎ᠡ ᠶᠢᠨ ᠠᠪᠳᠠᠷ᠎ᠠ ᠶᠢᠨ ᠡᠮᠦᠨ᠎ᠡ ᠲᠣᠭᠲᠠᠮᠠᠯ ᠪᠦᠷᠢᠶ᠎ᠡ ᠦᠯᠢᠶᠡᠵᠦ ᠪᠠᠢᠯ᠎ᠠ᠃
ᠳ᠋ᠠᠸᠢᠳ᠋ ᠤᠨ ᠲᠠᠯᠠᠷᠬᠠᠯ
7 ᠳ᠋ᠠᠸᠢᠳ᠋ ᠶᠠᠭᠤᠨ ᠤ ᠡᠮᠦᠨ᠎ᠡ ᠶᠣᠬᠣᠸᠠ ᠳᠤ ᠲᠠᠯᠠᠷᠬᠠᠯ ᠡᠷᠭᠦᠬᠦ ᠶᠢᠨ ᠲᠤᠯᠠᠳᠠ ᠲᠡᠷᠡ ᠡᠳᠦᠷ ᠳᠠᠷᠠᠭᠠᠬᠢ ᠳᠠᠭᠤᠯᠠᠯ ᠢ ᠠᠰᠠᠹ ᠪᠣᠯᠣᠨ ᠲᠡᠭᠦᠨ ᠦ ᠬᠠᠮᠲᠤᠷᠠᠭᠴᠢᠳ ᠤᠨ ᠭᠠᠷ ᠲᠤ ᠲᠤᠰᠢᠶᠠᠵᠠᠢ᠄
8 ᠲᠠ ᠨᠠᠷ ᠶᠣᠬᠣᠸᠠ ᠳᠤ ᠲᠠᠯᠠᠷᠬᠠᠵᠠᠭᠠ ᠲᠡᠭᠦᠨ ᠦ ᠠᠯᠳᠠᠷ ᠨᠡᠷ᠎ᠡ ᠶᠢ ᠳᠠᠭᠤᠳᠠᠨ ᠲᠡᠭᠦᠨ ᠦ ᠦᠢᠯᠡ ᠶᠠᠪᠤᠳᠠᠯ ᠤᠳ ᠢ ᠦᠨᠳᠦᠰᠦᠲᠡᠨ ᠨᠦᠭᠦᠳ ᠦᠨ ᠳᠤᠮᠳᠠ ᠲᠤᠩ᠋ᠬᠠᠭᠯᠠᠵᠠᠭᠠ᠃
9 ᠲᠡᠭᠦᠨ ᠳᠦ ᠲᠠ ᠨᠠᠷ ᠳᠠᠭᠤᠤ ᠳᠠᠭᠤᠯᠠ᠂ ᠲᠡᠭᠦᠨ ᠦ ᠲᠥᠯᠥᠭᠡ ᠬᠥᠭᠵᠢᠮ ᠲᠣᠭᠯᠠ ᠲᠡᠭᠦᠨ ᠦ ᠭᠠᠢᠬᠠᠮ᠎ᠠ ᠦᠢᠯᠡ ᠪᠦᠷᠢ ᠶᠢ ᠲᠤᠩ᠋ᠭᠠ᠃
10 ᠲᠡᠭᠦᠨ ᠦ ᠠᠷᠢᠭᠤᠨ ᠨᠡᠷ᠎ᠡ ᠪᠡᠷ ᠰᠠᠢᠷᠬ᠎ᠠ ᠶᠣᠬᠣᠸᠠ ᠶᠢ ᠬᠠᠢᠬᠤ ᠰᠡᠳᠬᠢᠯ ᠪᠠᠶᠠᠷᠯᠠᠬᠤ ᠪᠣᠯᠲᠤᠭᠠᠢ᠃
11 ᠶᠣᠬᠣᠸᠠ ᠪᠣᠯᠣᠨ ᠲᠡᠭᠦᠨ ᠦ ᠬᠦᠴᠦ ᠶᠢ ᠬᠦᠰᠡ ᠲᠡᠭᠦᠨ ᠦ ᠨᠢᠭᠤᠷ ᠴᠢᠷᠠᠢ ᠶᠢ ᠬᠠᠢ᠃
12 ᠬᠢᠭᠰᠡᠨ ᠭᠠᠢᠬᠠᠮᠰᠢᠭ ᠤᠳ ᠬᠢᠭᠡᠳ ᠬᠦᠴᠦᠲᠦ ᠦᠢᠯᠡᠰ ᠢ ᠨᠢ ᠬᠡᠯᠡᠨ ᠦ ᠬᠢᠨᠢ ᠰᠢᠢᠳᠪᠦᠷᠢ ᠨᠦᠭᠦᠳ ᠲᠡᠢ ᠬᠠᠮᠲᠤ ᠰᠠᠨᠠᠵᠤ ᠶᠠᠪᠤ᠃
13 ᠲᠡᠭᠦᠨ ᠦ ᠵᠠᠷᠤᠴᠠ ᠢᠰᠷᠧᠯ ᠤᠨ ᠦᠷ᠎ᠡ ᠤᠳᠤᠮ ᠡ ᠲᠡᠭᠦᠨ ᠦ ᠰᠣᠩ᠋ᠭᠣᠭᠰᠠᠨ ᠶᠠᠺᠣᠪ ᠤᠨ ᠦᠷ᠎ᠡ ᠬᠡᠦᠬᠡᠳ ᠤᠳ ᠡ︕
14 ᠲᠡᠷᠡ ᠪᠣᠯ ᠪᠢᠳᠡᠨ ᠦ ᠪᠤᠷᠬᠠᠨ ᠶᠣᠬᠣᠸᠠ ᠲᠡᠭᠦᠨ ᠦ ᠡᠷᠬᠡ ᠮᠡᠳᠡᠯ ᠪᠦᠬᠦ ᠭᠠᠵᠠᠷ ᠳᠡᠯᠡᠬᠡᠢ ᠳᠦ᠃
15 ᠲᠡᠭᠦᠨ ᠦ ᠭᠡᠷ᠎ᠡ ᠶᠢ ᠡᠭᠦᠷᠢᠳᠡ ᠮᠥᠩᠬᠡᠳᠡ ᠳᠤᠷᠠᠰᠴᠤ ᠲᠡᠭᠦᠨ ᠦ ᠲᠤᠰᠢᠶᠠᠯ ᠢ ᠮᠢᠩ᠋ᠭᠠᠨ ᠦᠶ᠎ᠡ ᠳᠦ ᠰᠠᠨᠠᠵᠤ ᠶᠠᠪᠤ᠃
16 ᠶᠣᠬᠣᠸᠠ ᠠᠪᠷᠠᠬᠠᠮ ᠲᠠᠢ ᠭᠡᠷ᠎ᠡ ᠪᠠᠢᠭᠤᠯᠵᠤ ᠢᠰᠠᠺ ᠲᠤ ᠠᠮᠠᠯᠠᠯᠲᠠ ᠪᠠᠨ ᠥᠭᠭᠥᠭᠰᠡᠨ
17 ᠶᠠᠺᠣᠪ ᠲᠤ ᠵᠢᠷᠤᠮ ᠲᠣᠭᠲᠠᠭᠠᠵᠤ ᠢᠰᠷᠧᠯ ᠳᠤ ᠮᠥᠩᠬᠡ ᠶᠢᠨ ᠭᠡᠷ᠎ᠡ ᠳᠣᠬᠢᠶᠠᠨ
18 《ᠥᠪᠡᠷᠰᠡᠳ ᠲᠦ ᠴᠢᠨᠢ ᠺᠠᠨᠠᠨ ᠨᠤᠲᠤᠭ ᠢ ᠥᠪ ᠬᠤᠪᠢ ᠪᠣᠯᠭᠠᠨ ᠬᠦᠷᠲᠡᠭᠡᠶ᠎ᠡ》 ᠭᠡᠵᠦ
19 ᠲᠠ ᠨᠠᠷ ᠲᠣᠭ᠎ᠠ ᠪᠠᠷ ᠴᠥᠭᠡᠨ᠂ ᠪᠠᠭᠤᠷᠠᠢ ᠪᠠᠢᠬᠤ ᠳᠤ ᠲᠠ ᠨᠠᠷ ᠢ ᠬᠠᠷᠢ ᠬᠥᠮᠦᠰ ᠪᠣᠯᠣᠭᠠᠳ
20 ᠨᠢᠭᠡ ᠦᠨᠳᠦᠰᠦᠲᠡᠨ ᠡᠴᠡ ᠨᠥᠭᠥᠭᠡ ᠦᠨᠳᠦᠰᠦᠲᠡᠨ ᠤᠷᠤᠭᠤ ᠨᠢᠭᠡ ᠬᠠᠭᠠᠨᠴᠢᠯᠠᠯ ᠠᠴᠠ ᠨᠥᠭᠥᠭᠡ ᠤᠯᠤᠰ ᠤᠷᠤᠭᠤ ᠲᠡᠨᠦᠭᠦᠴᠢᠯᠡᠨ ᠶᠠᠪᠤᠵᠤ ᠪᠠᠢᠬᠤ ᠳᠤ ᠠᠢᠯᠠᠳᠤᠭᠰᠠᠨ ᠶᠤᠮ᠃
21 ᠲᠠ ᠨᠠᠷ ᠢ ᠳᠠᠷᠤᠯᠠᠬᠤ ᠶᠢ ᠬᠡᠨ ᠳᠦ ᠴᠤ ᠦᠯᠦ ᠵᠥᠪᠰᠢᠶᠡᠷᠡᠵᠦ ᠲᠠ ᠨᠠᠷ ᠤᠨ ᠡᠮᠦᠨ᠎ᠡ ᠡᠴᠡ ᠬᠠᠭᠠᠳ ᠲᠤ ᠲᠡᠷᠡ ᠰᠠᠨᠠᠭᠤᠯᠤᠨ
22 《ᠮᠢᠨᠦ ᠲᠣᠰᠣᠯᠠᠭᠰᠠᠨ ᠬᠥᠮᠦᠰ ᠲᠦ ᠭᠠᠷ ᠪᠦᠦ ᠬᠦᠷ ᠮᠢᠨᠦ ᠡᠰᠢ ᠦᠵᠡᠭᠦᠯᠦᠭᠴᠢᠳ ᠲᠤ ᠬᠣᠣᠷ ᠪᠦᠦ ᠬᠦᠷᠭᠡ》 ᠭᠡᠯᠡ᠃
23 ᠶᠣᠬᠣᠸᠠ ᠳᠤ ᠳᠠᠭᠤᠤ ᠳᠠᠭᠤᠯᠠ᠂ ᠪᠦᠬᠦ ᠭᠠᠵᠠᠷ ᠳᠡᠯᠡᠬᠡᠢ ᠢᠯᠠᠯᠲᠠ᠂ ᠠᠪᠤᠷᠠᠯ ᠢ ᠨᠢ ᠡᠳᠦᠷ ᠪᠦᠷᠢ ᠲᠤᠩ᠋ᠬᠠᠭᠯᠠ᠃
24 ᠲᠡᠭᠦᠨ ᠦ ᠢᠷᠠᠭᠤ ᠠᠯᠳᠠᠷ ᠢ ᠬᠠᠷᠢᠴᠤᠳ ᠤᠨ ᠳᠤᠮᠳᠠ ᠲᠣᠭᠠᠴᠢ ᠲᠡᠭᠦᠨ ᠦ ᠭᠠᠢᠬᠠᠮ᠎ᠠ ᠦᠢᠯᠡᠰ ᠢ ᠬᠠᠮᠤᠭ ᠦᠨᠳᠦᠰᠦᠲᠡᠨ ᠳᠦ ᠶᠠᠷᠢ᠃
25 ᠠᠭᠤᠤ ᠶᠡᠬᠡ ᠪᠥᠭᠡᠳ ᠠᠰᠤᠷᠤ ᠭᠠᠢᠬᠠᠭᠤᠰᠢᠲᠠᠢ ᠨᠢ ᠶᠣᠬᠣᠸᠠ ᠠᠯᠢᠪᠠ ᠪᠤᠷᠬᠠᠳ ᠤᠨ ᠳᠡᠭᠡᠷ᠎ᠡ ᠡᠮᠢᠶᠡᠭᠦᠰᠢᠲᠡᠢ ᠨᠢ ᠲᠡᠷᠡ ᠪᠢᠯᠡ᠃
26 ᠬᠠᠷᠢ ᠦᠨᠳᠦᠰᠦᠲᠡᠨ ᠨᠦᠭᠦᠳ ᠦᠨ ᠪᠤᠷᠬᠠᠳ ᠪᠦᠭᠦᠳᠡ ᠬᠣᠭᠣᠰᠣᠨ ᠶᠤᠮ ᠬᠠᠷᠢᠨ ᠲᠩᠷᠢ ᠨᠦᠭᠦᠳ ᠢ ᠪᠦᠲᠦᠭᠡᠭᠴᠢ ᠨᠢ ᠶᠣᠬᠣᠸᠠ ᠶᠤᠮ᠃
27 ᠲᠡᠭᠦᠨ ᠦ ᠣᠷᠣᠰᠢᠬᠤᠢ ᠳᠤ ᠰᠦᠷ ᠪᠠ ᠵᠢᠪᠬᠤᠯᠠᠩ ᠲᠡᠭᠦᠨ ᠦ ᠪᠠᠢᠷᠢᠨ ᠳᠤ ᠬᠦᠴᠦ ᠪᠠ ᠪᠠᠶᠠᠰᠬᠤᠯᠠᠩ᠃
28 ᠶᠣᠬᠣᠸᠠ ᠶᠢ ᠮᠠᠭᠲᠠ᠂ ᠣᠪᠣᠭ ᠦᠨᠳᠦᠰᠦᠲᠡᠨ ᠨᠦᠭᠦᠳ ᠡ ᠢᠷᠠᠭᠤ ᠠᠯᠳᠠᠷ ᠪᠠ ᠬᠦᠴᠦ ᠴᠢᠳᠠᠯ ᠨᠢ ᠲᠡᠭᠦᠨ ᠦ ᠬᠢ᠃
29 ᠶᠣᠬᠣᠸᠠ ᠶᠢᠨ ᠨᠡᠷ᠎ᠡ ᠳᠦ ᠵᠣᠬᠢᠬᠤ ᠢᠷᠠᠭᠤ ᠠᠯᠳᠠᠷ ᠢ ᠲᠡᠭᠦᠨ ᠳᠦ ᠡᠷᠭᠦᠭᠲᠦᠨ ᠶᠣᠬᠣᠸᠠ ᠳᠤ ᠡᠷᠭᠦᠯ ᠢᠶᠡᠨ ᠠᠪᠴᠢᠷᠠᠵᠤ ᠠᠷᠢᠭᠤᠨ ᠬᠢᠭᠡᠳ ᠵᠢᠪᠬᠤᠯᠠᠩ ᠳᠣᠲᠣᠷ᠎ᠠ ᠲᠡᠭᠦᠨ ᠳᠦ ᠮᠥᠷᠭᠥᠭᠲᠦᠨ᠃
30 ᠭᠠᠵᠠᠷ ᠲᠤ ᠰᠠᠭᠤᠭᠴᠢᠳ ᠪᠦᠭᠦᠳᠡᠭᠡᠷ ᠲᠡᠭᠦᠨ ᠦ ᠡᠮᠦᠨ᠎ᠡ ᠪᠥᠵᠢᠭᠯᠡ 10 ᠭᠠᠵᠠᠷ ᠳᠡᠯᠡᠬᠡᠢ ᠪᠠᠲᠤ ᠪᠥᠬᠡ ᠲᠣᠭᠲᠠᠭᠰᠠᠨ ᠲᠤᠯᠠ ᠶᠡᠷᠦ ᠭᠠᠩ᠋ᠬᠤᠬᠤ ᠦᠭᠡᠢ᠃
31 ᠲᠩᠷᠢ ᠪᠠᠶᠠᠷᠯᠠᠨ᠂ ᠭᠠᠵᠠᠷ ᠪᠠᠶᠠᠰᠤᠨ᠎ᠠ ᠲᠡᠳᠡ ᠬᠣᠶᠠᠭᠤᠯᠠ ᠪᠠᠨ ᠬᠠᠷᠢᠴᠤᠳ ᠲᠤ 《ᠶᠣᠬᠣᠸᠠ ᠬᠠᠭᠠᠨᠴᠢᠯᠠᠳᠠᠭ》 ᠢ ᠲᠤᠩ᠋ᠬᠠᠭᠯᠠᠨ᠎ᠠ᠃
32 ᠳᠠᠯᠠᠢ ᠪᠣᠯᠣᠨ ᠲᠡᠭᠦᠨ ᠦ ᠳᠣᠲᠣᠷᠠᠬᠢ ᠪᠦᠬᠦᠨ ᠬᠦᠷᠬᠢᠷᠡᠨ᠎ᠡ ᠲᠠᠯᠠᠪᠠᠢ ᠪᠣᠯᠣᠨ ᠲᠡᠭᠦᠨ ᠦ ᠳᠣᠲᠣᠷᠠᠬᠢ ᠪᠦᠬᠦᠨ ᠴᠡᠩᠭᠡᠯᠳᠦᠨ᠎ᠡ᠃
33 ᠣᠢ ᠮᠣᠳᠣᠳ ᠴᠤ ᠲᠡᠷᠡ ᠦᠶ᠎ᠡ ᠳᠦ ᠶᠣᠬᠣᠸᠠ ᠶᠢᠨ ᠡᠮᠦᠨ᠎ᠡ ᠤᠤᠬᠠᠢᠯᠠᠨᠠ᠂ ᠤᠴᠢᠷ ᠨᠢ ᠲᠡᠷᠡ ᠪᠡᠷ ᠳᠡᠯᠡᠬᠡᠢ ᠶᠢ ᠰᠢᠭᠦᠬᠦ ᠪᠡᠷ ᠢᠷᠡᠨ᠎ᠡ᠃
34 ᠶᠣᠬᠣᠸᠠ ᠳᠤ ᠲᠠᠯᠠᠷᠬ᠎ᠠ ᠲᠡᠷᠡ ᠰᠠᠢᠨ᠂ ᠲᠡᠭᠦᠨ ᠦ ᠦᠨᠡᠨ ᠬᠠᠢᠷ᠎ᠠ ᠡᠭᠦᠷᠢᠳᠡ ᠶᠢᠨ ᠬᠢ᠃
35 ᠲᠠ ᠨᠠᠷ᠄ 《〈ᠪᠢᠳᠡᠨ ᠦ ᠠᠪᠤᠷᠠᠯ ᠤᠨ ᠪᠤᠷᠬᠠᠨ ᠡ᠂ ᠪᠢᠳᠡᠨ ᠢ ᠠᠪᠤᠷᠠᠭᠠᠴᠢ ᠪᠢᠳᠡᠨ ᠢ ᠴᠤᠭᠯᠠᠭᠤᠯᠤᠨ ᠬᠠᠷᠢᠴᠤᠳ ᠠᠴᠠ ᠭᠡᠲᠦᠯᠭᠡᠭᠡᠴᠢ᠃ ᠲᠠᠨ ᠤ ᠠᠷᠢᠭᠤᠨ ᠨᠡᠷ᠎ᠡ ᠳᠦ ᠪᠢᠳᠡ ᠲᠠᠯᠠᠷᠬᠠᠵᠤ ᠲᠠᠨ ᠢ ᠮᠠᠭᠲᠠᠨ ᠰᠠᠢᠷᠬᠠᠬᠤ ᠪᠣᠯᠣᠨ᠎ᠠ
36 ᠮᠥᠩᠬᠡ ᠶᠢᠨ ᠮᠥᠩᠬᠡᠳᠡ ᠢᠰᠷᠧᠯ ᠤᠨ ᠪᠤᠷᠬᠠᠨ ᠶᠣᠬᠣᠸᠠ ᠮᠠᠭᠲᠠᠭᠳᠠᠬᠤ ᠪᠣᠯᠲᠤᠭᠠᠢ〉 ᠭᠡᠵᠦ ᠬᠡᠯᠡ》 ᠭᠡᠪᠡ᠃
ᠲᠡᠭᠡᠬᠦ ᠳᠦ ᠠᠷᠠᠳ ᠲᠦᠮᠡᠨ ᠪᠦᠭᠦᠳᠡᠭᠡᠷ ᠢᠶᠡᠨ᠄ 《ᠠᠮᠧᠨ》 ᠬᠡᠮᠡᠨ ᠶᠣᠬᠣᠸᠠ ᠶᠢ ᠮᠠᠭᠲᠠᠪᠠ᠃
ᠪᠠᠢᠩ᠋ᠭᠤ ᠶᠢᠨ ᠮᠥᠷᠭᠥᠯ ᠲᠣᠭᠲᠠᠪᠤᠷᠢᠵᠢᠪᠠ
37 ᠳ᠋ᠠᠸᠢᠳ᠋ ᠠᠰᠠᠹ ᠪᠣᠯᠣᠨ ᠲᠡᠭᠦᠨ ᠦ ᠬᠠᠮᠲᠤᠷᠠᠭᠴᠢᠳ ᠢ ᠶᠣᠬᠣᠸᠠ ᠶᠢᠨ ᠭᠡᠷ᠎ᠡ ᠶᠢᠨ ᠠᠪᠳᠠᠷ᠎ᠠ ᠶᠢᠨ ᠡᠮᠦᠨ᠎ᠡ ᠦᠯᠡᠳᠡᠭᠡᠵᠦ᠂ ᠲᠡᠨᠳᠡ ᠲᠣᠭᠲᠠᠮᠠᠯ ᠴᠠᠭ ᠢᠶᠠᠷ ᠠᠵᠢᠯᠯᠠᠭᠤᠯᠤᠨ ᠡᠳᠦᠷ ᠲᠤᠲᠤᠮ ᠤᠨ ᠠᠵᠢᠯ ᠢ ᠭᠦᠢᠴᠡᠳᠬᠡᠭᠦᠯᠪᠡ᠃ 38 ᠳ᠋ᠠᠸᠢᠳ᠋ ᠲᠡᠳᠡᠨ ᠲᠡᠢ ᠬᠠᠮᠲᠤ ᠣᠪᠧᠳ᠋ ᠡᠳᠣᠮ ᠪᠣᠯᠣᠨ ᠵᠢᠷᠠᠨ ᠨᠠᠢ᠌ᠮᠠᠨ ᠬᠠᠮᠲᠤᠷᠠᠭᠴᠢ ᠶᠢ ᠦᠯᠡᠳᠡᠭᠡᠵᠦ ᠠᠵᠢᠯᠯᠠᠭᠤᠯᠵᠠᠢ᠃ ᠬᠠᠭᠠᠯᠭᠠᠴᠢᠳ ᠨᠢ ᠶᠧᠳᠦ᠋ᠲ᠋ᠦ᠋ᠨ ᠤ ᠬᠦᠦ ᠣᠪᠧᠳ᠋ ᠡᠳᠣᠮ ᠪᠠ ᠬᠣᠰᠠ ᠨᠠᠷ ᠪᠠᠢᠪᠠ᠃ 39 ᠳ᠋ᠠᠸᠢᠳ᠋ ᠲᠠᠬᠢᠯᠴᠢ ᠽᠠᠳᠣᠺ ᠪᠣᠯᠣᠨ ᠲᠡᠭᠦᠨ ᠦ ᠬᠠᠮᠢᠶᠠᠲᠠᠨ ᠲᠠᠬᠢᠯᠴᠢᠳ ᠢ ᠭᠢᠪᠧᠶᠣᠨ ᠳᠠᠬᠢ ᠮᠥᠷᠭᠥᠯ ᠦᠨ ᠮᠠᠨᠳᠠᠯ ᠳᠤ ᠪᠠᠢᠭ᠎ᠠ ᠶᠣᠬᠣᠸᠠ ᠶᠢᠨ ᠣᠷᠣᠰᠢᠬᠤᠢ ᠶᠢᠨ ᠴᠠᠴᠠᠷ ᠤᠨ ᠡᠮᠦᠨ᠎ᠡ ᠦᠢᠯᠡᠴᠢᠯᠡᠭᠦᠯᠪᠡ᠃ 40 ᠲᠡᠳᠡ ᠶᠣᠬᠣᠸᠠ ᠶᠢᠨ ᠢᠰᠷᠧᠯ ᠳᠤ ᠰᠣᠶᠣᠷᠬᠠᠭᠰᠠᠨ ᠬᠠᠤᠯᠢ ᠳᠤ ᠪᠢᠴᠢᠭᠳᠡᠭᠰᠡᠨ ᠪᠦᠭᠦᠳᠡ ᠶᠢᠨ ᠶᠣᠰᠣᠭᠠᠷ ᠰᠢᠲᠠᠭᠠᠯᠭᠠᠲᠤ ᠲᠠᠬᠢᠯ ᠢ ᠰᠢᠲᠠᠭᠠᠯᠭᠠᠲᠤ ᠲᠠᠬᠢᠯ ᠤᠨ ᠰᠢᠷᠡᠭᠡᠨ ᠳᠡᠭᠡᠷ᠎ᠡ ᠥᠷᠯᠥᠭᠡ ᠣᠷᠣᠢ ᠪᠦᠷᠢ ᠲᠣᠭᠲᠠᠮᠠᠯ ᠴᠠᠭ ᠢᠶᠠᠷ ᠶᠣᠬᠣᠸᠠ ᠳᠤ ᠡᠷᠭᠦᠳᠡᠭ ᠪᠠᠢᠵᠠᠢ᠃ 41 ᠲᠡᠳᠡᠨ ᠦ ᠬᠠᠮᠲᠤᠷᠠᠭᠴᠢᠳ ᠪᠣᠯ ᠾᠧᠮᠠᠨ᠂ ᠶᠧᠳᠦ᠋ᠲ᠋ᠦ᠋ᠨ ᠪᠣᠯᠣᠨ ᠨᠡᠷ᠎ᠡ ᠨᠡᠷ᠎ᠡ ᠪᠡᠷ ᠢᠶᠠᠨ ᠰᠢᠯᠢᠭᠳᠡᠵᠦ ᠲᠣᠮᠢᠯᠠᠭᠳᠠᠭᠰᠠᠨ ᠯᠧᠸᠢᠴᠦᠳ ᠶᠤᠮ᠃ ᠲᠡᠳᠡ᠄ 《ᠲᠡᠭᠦᠨ ᠦ ᠬᠠᠢᠷ᠎ᠠ ᠮᠥᠩᠬᠡᠳᠡ》 ᠬᠡᠮᠡᠨ ᠲᠠᠯᠠᠷᠬᠠᠯ ᠡᠷᠭᠦᠳᠡᠭ᠃ 42 ᠪᠤᠷᠬᠠᠨ ᠢ ᠮᠠᠭᠲᠠᠭᠰᠠᠨ ᠠᠶ᠎ᠠ ᠳᠠᠭᠤᠤ ᠳᠤ ᠨᠡᠢᠴᠡᠭᠦᠯᠦᠨ ᠾᠧᠮᠠᠨ᠂ ᠶᠧᠳᠦ᠋ᠲ᠋ᠦ᠋ᠨ ᠨᠠᠷ ᠪᠦᠷᠢᠶ᠎ᠡ᠂ ᠴᠠᠩ ᠵᠡᠷᠭᠡ ᠬᠥᠭᠵᠢᠮ ᠢ ᠡᠭᠡᠰᠢᠭᠯᠡᠭᠦᠯᠪᠡ᠃ ᠬᠠᠭᠠᠯᠭᠠᠴᠢᠳ ᠨᠢ ᠶᠧᠳᠦ᠋ᠲ᠋ᠦ᠋ᠨ ᠤ ᠬᠥᠪᠡᠭᠦᠳ ᠪᠠᠢᠪᠠ᠃ 43 ᠲᠡᠭᠡᠭᠡᠳ ᠠᠷᠠᠳ ᠲᠦᠮᠡᠨ ᠪᠦᠭᠦᠳᠡᠭᠡᠷ ᠢᠶᠡᠨ ᠭᠡᠷ ᠭᠡᠷ ᠤᠷᠤᠭᠤ ᠪᠠᠨ ᠶᠠᠪᠤᠵᠤ᠂ ᠳ᠋ᠠᠸᠢᠳ᠋ ᠴᠤ ᠪᠤᠴᠠᠵᠤ ᠭᠡᠷ ᠪᠦᠯᠢ ᠶᠢᠨ ᠬᠢᠨ ᠢᠶᠠᠨ ᠢᠷᠥᠭᠡᠪᠡ᠃