ᠱᠠᠰᠲᠢᠷ ᠤᠨ ᠳᠡᠭᠡᠳᠦ ᠶᠢᠰᠦ
1 ᠡᠢᠨ ᠬᠦ ᠪᠦᠬᠦ ᠢᠰᠷᠧᠯ ᠭᠡᠷ ᠦᠨ ᠴᠠᠳᠢᠭ ᠲᠤ ᠣᠷᠣᠵᠤ᠂ ᠢᠰᠷᠧᠯ ᠤᠨ ᠬᠠᠭᠠᠳ ᠤᠨ ᠨᠣᠮ ᠳᠤ ᠲᠡᠮᠳᠡᠭᠯᠡᠭᠳᠡᠪᠡ᠃ ᠶᠦᠳᠠ ᠦᠨᠡᠨᠴᠢ ᠪᠤᠰᠤ ᠶᠠᠪᠤᠳᠠᠯ ᠠᠴᠠ ᠪᠠᠨ ᠪᠣᠯᠵᠤ᠂ ᠪᠠᠪᠢᠯᠣᠨ ᠤᠷᠤᠭᠤ ᠴᠥᠯᠡᠭᠳᠡᠵᠡᠢ᠃ 2 ᠬᠠᠮᠤᠭ ᠤᠨ ᠤᠷᠢᠳᠠᠪᠠᠷ ᠬᠣᠲᠠ ᠳᠣᠲᠣᠷᠠᠬᠢ ᠡᠵᠡᠮᠰᠢᠯ ᠭᠠᠵᠠᠷ ᠲᠠᠭᠠᠨ ᠪᠤᠴᠠᠵᠤ ᠰᠠᠭᠤᠷᠢᠰᠢᠭᠰᠠᠨ ᠢᠰᠷᠧᠯᠴᠦᠳ ᠨᠢ ᠲᠠᠬᠢᠯᠴᠢᠳ᠂ ᠯᠧᠸᠢᠴᠦᠳ᠂ ᠥᠷᠭᠥᠭᠡᠨ ᠦ ᠦᠢᠯᠡᠴᠢᠯᠡᠭᠴᠢᠳ ᠪᠠᠢᠪᠠ᠃
ᠴᠥᠯᠡᠯᠭᠡ ᠡᠴᠡ ᠪᠤᠴᠠᠵᠤ ᠢᠷᠡᠭᠰᠡᠳ
3 ᠶᠦᠳᠠᠴᠤᠳ᠂ ᠪᠢᠨᠶᠠᠮᠢᠨᠴᠤᠳ᠂ ᠡᠹᠷᠠᠢᠮᠴᠤᠳ᠂ ᠮᠠᠨᠠᠰᠧᠴᠤᠳ ᠤᠨ ᠳᠤᠮᠳᠠ ᠠᠴᠠ ᠶᠧᠷᠦ᠋ᠰᠠᠯᠧᠮ ᠳᠤ ᠰᠠᠭᠤᠷᠢᠰᠢᠭᠰᠠᠨ ᠨᠢ᠄ 4 ᠶᠦᠳᠠ ᠶᠢᠨ ᠬᠦᠦ ᠫᠧᠷᠧᠽ ᠤᠨ ᠦᠷ᠎ᠡ ᠤᠳᠤᠮ ᠠᠴᠠ᠄ ᠦᠲ᠋ᠠᠢ (ᠪᠠᠨᠢ ᠶᠢᠨ ᠭᠤᠴᠢ᠂ ᠢᠮᠷᠢ ᠶᠢᠨ ᠵᠢᠴᠢ᠂ ᠣᠮᠷᠢ ᠶᠢᠨ ᠠᠴᠢ᠂ ᠠᠮᠢᠾᠦ᠋ᠳ᠋ ᠤᠨ ᠬᠦᠦ)᠂ 5 ᠱᠢᠯᠣᠨᠴᠤᠳ ᠠᠴᠠ᠄ ᠤᠤᠭᠠᠨ ᠬᠦᠦ ᠠᠰᠠᠢᠶ᠎ᠠ ᠪᠣᠯᠣᠨ ᠲᠡᠭᠦᠨ ᠦ ᠬᠥᠪᠡᠭᠦᠳ᠂ 6 ᠽᠧᠷᠠᠴᠤᠳ ᠠᠴᠠ᠄ ᠶᠧᠣᠶᠧᠯ ᠪᠣᠯᠣᠨ ᠲᠡᠭᠦᠨ ᠦ ᠬᠠᠮᠢᠶᠠᠲᠠᠨ ᠨᠤᠭᠤᠳ (ᠵᠢᠷᠭᠤᠭᠠᠨ ᠵᠠᠭᠤ ᠶᠡᠷᠡᠨ ᠬᠥᠮᠦᠨ)᠂ 7 ᠪᠢᠨᠶᠠᠮᠢᠨᠴᠤᠳ ᠠᠴᠠ᠄ ᠰᠠᠯᠦ᠋ (ᠬᠠᠰᠧᠨᠦ᠋ᠶᠠ ᠶᠢᠨ ᠵᠢᠴᠢ᠂ ᠬᠣᠳᠠᠸᠢᠶᠠ ᠶᠢᠨ ᠠᠴᠢ᠂ ᠮᠧᠱᠦ᠋ᠯᠠᠮ ᠤᠨ ᠬᠦᠦ)᠂ 8 ᠶᠧᠷᠣᠬᠠᠮ ᠤᠨ ᠬᠦᠦ ᠢᠪᠨᠧᠶᠠ᠂ ᠮᠢᠺᠷᠢ ᠶᠢᠨ ᠠᠴᠢ᠂ ᠦᠽᠢ ᠶᠢᠨ ᠬᠦᠦ ᠧᠯᠠ᠂ ᠢᠪᠨᠢᠶᠠ ᠶᠢᠨ ᠵᠢᠴᠢ᠂ ᠷᠧᠣᠶᠧᠯ ᠤᠨ ᠠᠴᠢ᠂ ᠱᠧᠹᠠᠲ᠋ᠢᠶ᠎ᠠ ᠶᠢᠨ ᠬᠦᠦ ᠮᠧᠱᠦ᠋ᠯᠠᠮ᠂ 9 ᠪᠢᠨᠶᠠᠮᠢᠨ ᠤ ᠭᠡᠷ ᠦᠨ ᠴᠠᠳᠢᠭ ᠲᠤ ᠣᠷᠣᠭᠰᠠᠨ ᠶᠢᠰᠦᠨ ᠵᠠᠭᠤ ᠲᠠᠪᠢᠨ ᠵᠢᠷᠭᠤᠭᠠᠨ ᠬᠥᠮᠦᠨ᠃ ᠲᠡᠳᠡ ᠡᠷᠦᠬᠡ ᠶᠢᠨ ᠠᠬᠠᠯᠠᠭᠴᠢᠳ ᠶᠤᠮ᠃
10 ᠲᠠᠬᠢᠯᠴᠢᠳ ᠤᠨ ᠳᠤᠮᠳᠠ ᠠᠴᠠ᠄ ᠶᠧᠳᠠᠢᠶ᠎ᠠ᠂ ᠶᠧᠬᠣᠢᠶᠠᠷᠢᠪ᠂ ᠶᠠᠺᠢᠨ᠂ 11 ᠠᠽᠠᠷᠢᠶ᠎ᠠ (ᠪᠤᠷᠬᠠᠨ ᠤ ᠰᠦᠮ᠎ᠡ ᠶᠢᠨ ᠤᠳᠤᠷᠢᠳᠤᠭᠴᠢ ᠠᠾᠢᠲ᠋ᠦ᠋ᠪ ᠤᠨ ᠳᠥᠴᠢ᠂ ᠮᠧᠷᠠᠢᠶᠣᠲ ᠤᠨ ᠭᠤᠴᠢ᠂ ᠽᠠᠳᠣᠺ ᠤᠨ ᠵᠢᠴᠢ᠂ ᠮᠧᠱᠦ᠋ᠯᠠᠮ ᠤᠨ ᠠᠴᠢ᠂ ᠾᠢᠯᠺᠢᠶ᠎ᠠ ᠶᠢᠨ ᠬᠦᠦ)᠂ 12 ᠠᠳᠠᠢᠶᠠ (ᠮᠠᠯᠺᠢᠶ᠎ᠠ ᠶᠢᠨ ᠵᠢᠴᠢ᠂ ᠫᠠᠱᠦ᠋ᠷ ᠤᠨ ᠠᠴᠢ᠂ ᠶᠧᠷᠦ᠋ᠬᠠᠮ ᠤᠨ ᠬᠦᠦ)᠂ ᠮᠠᠰᠠᠢ (ᠢᠮᠧᠷ ᠤᠨ ᠳᠥᠴᠢ᠂ ᠮᠧᠱᠢᠯᠧᠮᠢᠲ ᠤᠨ ᠭᠤᠴᠢ᠂ ᠮᠢᠱᠦ᠋ᠯᠠᠮ ᠤᠨ ᠵᠢᠴᠢ᠂ ᠶᠠᠽᠧᠷᠠ ᠶᠢᠨ ᠠᠴᠢ᠂ ᠠᠳᠢᠶᠧᠯ ᠤᠨ ᠬᠦᠦ) 13 ᠡᠭᠦᠨ ᠡᠴᠡ ᠭᠠᠳᠠᠨ᠎ᠠ᠂ ᠲᠡᠳᠡᠨ ᠦ ᠬᠠᠮᠢᠶᠠᠲᠠᠨ ᠨᠤᠭᠤᠳ ᠪᠣᠯᠬᠤ ᠲᠤᠰ ᠡᠷᠦᠬᠡ ᠶᠢᠨ ᠠᠬᠠᠯᠠᠭᠴᠢᠳ ᠤᠨ ᠳᠣᠲᠣᠷ᠎ᠠ ᠪᠤᠷᠬᠠᠨ ᠤ ᠥᠷᠭᠥᠭᠡᠨ ᠳᠦ ᠦᠢᠯᠡᠴᠢᠯᠡᠬᠦ ᠠᠵᠢᠯ ᠳᠤ ᠴᠢᠳᠠᠪᠤᠷᠢᠯᠢᠭ᠋ ᠮᠢᠩ᠋ᠭ᠎ᠠ ᠳᠣᠯᠣᠭᠠᠨ ᠵᠠᠭᠤ ᠵᠢᠷᠠᠨ ᠬᠥᠮᠦᠨ ᠪᠠᠢᠪᠠ᠃
14 ᠯᠧᠸᠢᠴᠦᠳ ᠦᠨ ᠳᠤᠮᠳᠠ ᠠᠴᠠ᠄ ᠮᠧᠷᠠᠷᠢ ᠶᠢᠨ ᠱᠧᠮᠠᠢᠶ᠎ᠠ (ᠬᠠᠱᠠᠪᠢᠶ᠎ᠠ ᠶᠢᠨ ᠵᠢᠴᠢ᠂ ᠠᠽᠷᠢᠺᠠᠮ ᠤᠨ ᠠᠴᠢ᠂ ᠬᠠᠱᠦ᠋ᠪ ᠤᠨ ᠬᠦᠦ)᠃ 15 ᠪᠠᠺᠪᠠᠺᠠᠷ᠂ ᠾᠧᠷᠧᠱ᠂ ᠭᠠᠯᠠᠯ᠂ ᠮᠠᠲ᠋ᠠᠨᠢᠶ᠎ᠠ (ᠠᠰᠠᠹ ᠤᠨ ᠵᠢᠴᠢ᠂ ᠽᠢᠺᠷᠢ ᠶᠢᠨ ᠠᠴᠢ᠂ ᠮᠢᠺᠠ ᠶᠢᠨ ᠬᠦᠦ)᠂ 16 ᠣᠪᠠᠳᠢᠶ᠎ᠠ (ᠶᠧᠳᠦ᠋ᠲ᠋ᠦ᠋ᠨ ᠤ ᠵᠢᠴᠢ᠂ ᠭᠠᠯᠠᠯ ᠤᠨ ᠠᠴᠢ᠂ ᠱᠧᠮᠠᠢᠶ᠎ᠠ ᠶᠢᠨ ᠬᠦᠦ)᠂ ᠪᠧᠷᠧᠺᠢᠶ᠎ᠠ (ᠨᠧᠲ᠋ᠣᠹᠠᠴᠤᠳ ᠤᠨ ᠲᠣᠰᠬᠣᠳ ᠲᠤ ᠰᠠᠭᠤᠷᠢᠰᠢᠭᠰᠠᠨ ᠡᠯᠺᠠᠨᠠ ᠶᠢᠨ ᠠᠴᠢ᠂ ᠠᠰᠠ ᠶᠢᠨ ᠬᠦᠦ)᠃
17 ᠬᠠᠭᠠᠯᠭᠠᠴᠢᠳ ᠤᠨ ᠳᠤᠮᠳᠠ ᠠᠴᠠ᠄ ᠱᠠᠯᠦ᠋ᠮ᠂ ᠠᠺᠦ᠋ᠪ᠂ ᠲᠠᠯᠮᠣᠨ᠂ ᠠᠾᠢᠮᠠᠨ ᠪᠣᠯᠣᠨ ᠲᠡᠳᠡᠨ ᠦ ᠬᠠᠮᠢᠶᠠᠲᠠᠨ ᠨᠤᠭᠤᠳ᠂ ᠠᠬᠠᠯᠠᠭᠴᠢ ᠨᠢ ᠱᠠᠯᠦ᠋ᠮ ᠪᠠᠢᠪᠠ᠃ 18 ᠲᠡᠳᠡ ᠣᠳᠣ ᠪᠣᠯᠲᠠᠯ᠎ᠠ ᠬᠣᠲᠠ ᠶᠢᠨ ᠵᠡᠭᠦᠨ ᠲᠠᠯ᠎ᠠ ᠳᠠᠬᠢ ᠬᠠᠭᠠᠨ ᠤ ᠬᠠᠭᠠᠯᠭ᠎ᠠ ᠶᠢ ᠰᠠᠬᠢᠵᠤ ᠪᠠᠢᠳᠠᠭ᠃ ᠡᠳᠡ ᠪᠣᠯ ᠯᠧᠸᠢᠴᠦᠳ ᠦᠨ ᠬᠦᠷᠢᠶᠡᠨ ᠦ ᠬᠠᠭᠠᠯᠭᠠᠴᠢᠳ ᠪᠠᠢᠭᠰᠠᠨ᠃ 19 ᠺᠣᠷᠠ ᠶᠢᠨ ᠵᠢᠴᠢ᠂ ᠡᠪᠢᠶᠠᠰᠠᠹ ᠤᠨ ᠠᠴᠢ᠂ ᠺᠣᠷᠧ ᠶᠢᠨ ᠬᠦᠦ ᠱᠠᠯᠦ᠋ᠮ ᠪᠣᠯᠣᠨ ᠲᠡᠭᠦᠨ ᠦ ᠤᠳᠤᠮ ᠤᠨ ᠬᠠᠮᠢᠶᠠᠲᠠᠨ ᠺᠣᠷᠠᠴᠤᠳ ᠴᠠᠴᠠᠷ ᠤᠨ ᠪᠣᠱᠣᠭ᠎ᠠ ᠨᠤᠭᠤᠳ ᠢ ᠰᠠᠬᠢᠵᠤ᠂ ᠦᠢᠯᠡᠴᠢᠯᠡᠬᠦ ᠠᠵᠢᠯ ᠳᠤ ᠬᠠᠷᠢᠭᠤᠴᠠᠯᠭ᠎ᠠ ᠲᠠᠢ᠂ ᠲᠡᠳᠡᠨ ᠦ ᠡᠴᠢᠭᠡ ᠡᠪᠦᠭᠡᠳ ᠴᠤ ᠶᠣᠬᠣᠸᠠ ᠶᠢᠨ ᠴᠠᠴᠠᠷ ᠲᠤ ᠣᠷᠣᠬᠤ ᠡᠭᠦᠳᠡ ᠬᠠᠭᠠᠯᠭ᠎ᠠ ᠶᠢ ᠰᠠᠬᠢᠬᠤ ᠬᠠᠷᠢᠭᠤᠴᠠᠯᠭ᠎ᠠ ᠲᠠᠢ ᠪᠠᠢᠪᠠ᠃ 20 ᠤᠷᠢᠳᠤ ᠨᠢ ᠬᠠᠭᠠᠯᠭᠠᠴᠢᠳ ᠤᠨ ᠤᠳᠤᠷᠢᠳᠤᠭᠴᠢ ᠨᠢ ᠡᠯᠧᠶᠠᠽᠠᠷ ᠤᠨ ᠬᠦᠦ ᠹᠢᠨᠧᠬᠠᠰ ᠪᠠᠢᠪᠠ᠃ ᠶᠣᠬᠣᠸᠠ ᠲᠡᠭᠦᠨ ᠲᠡᠢ ᠬᠠᠮᠲᠤ ᠪᠠᠢᠭᠰᠠᠨ᠃ 21 ᠠᠭᠤᠯᠵᠠᠯᠲᠠ ᠶᠢᠨ ᠴᠠᠴᠠᠷ ᠤᠨ ᠬᠠᠭᠠᠯᠭᠠᠴᠢᠨ ᠨᠢ ᠮᠧᠱᠧᠯᠧᠮᠢᠶᠠ ᠶᠢᠨ ᠬᠦᠦ ᠽᠧᠺᠠᠷᠢᠶ᠎ᠠ ᠪᠠᠢᠪᠠ᠃ 22 ᠪᠣᠱᠣᠭ᠎ᠠ ᠨᠤᠭᠤᠳ ᠢ ᠰᠠᠬᠢᠬᠤ ᠬᠠᠭᠠᠯᠭᠠᠴᠢᠳ ᠬᠣᠶᠠᠷ ᠵᠠᠭᠤ ᠠᠷᠪᠠᠨ ᠬᠣᠶᠠᠷ ᠬᠥᠮᠦᠨ ᠰᠣᠩ᠋ᠭᠣᠭᠳᠠᠵᠤ᠂ ᠲᠣᠰᠬᠣᠨ ᠲᠣᠰᠬᠣᠨ ᠤ ᠪᠠᠨ ᠭᠡᠷ ᠦᠨ ᠴᠠᠳᠢᠭ ᠲᠤ ᠣᠷᠣᠪᠠ᠃ ᠲᠡᠳᠡᠨ ᠢ ᠦᠨᠡᠮᠰᠢᠵᠦ᠂ ᠡᠢᠮᠦᠷᠬᠦ ᠠᠯᠢᠪᠠ ᠠᠵᠢᠯ ᠳᠤ ᠲᠣᠮᠢᠯᠠᠭᠰᠠᠨ ᠨᠢ ᠳ᠋ᠠᠸᠢᠳ᠋ ᠪᠣᠯᠣᠨ ᠪᠣᠱᠣᠭᠴᠢ ᠰᠠᠮᠦ᠋ᠶᠧᠯ ᠪᠢᠯᠡ᠃ 23 ᠲᠡᠳᠡ ᠪᠣᠯᠣᠨ ᠲᠡᠳᠡᠨ ᠦ ᠦᠷ᠎ᠡ ᠤᠳᠤᠮ ᠶᠣᠬᠣᠸᠠ ᠶᠢᠨ ᠥᠷᠭᠥᠭᠡ᠂ ᠲᠤᠬᠠᠢᠯᠠᠪᠠᠯ ᠴᠠᠴᠠᠷ ᠤᠨ ᠥᠷᠭᠥᠭᠡᠨ ᠦ ᠬᠠᠭᠠᠯᠭ᠎ᠠ ᠶᠢ ᠰᠠᠬᠢᠬᠤ ᠬᠠᠷᠢᠭᠤᠴᠠᠯᠭ᠎ᠠ ᠲᠠᠢ ᠪᠠᠢᠪᠠ᠃ 24 ᠥᠷᠭᠥᠭᠡᠨ ᠦ ᠵᠡᠭᠦᠨ ᠪᠠᠷᠠᠭᠤᠨ ᠡᠮᠦᠨ᠎ᠡ ᠤᠮᠠᠷ᠎ᠠ ᠳᠥᠷᠪᠡᠨ ᠵᠦᠭ ᠲᠦ ᠡᠳᠡᠭᠡᠷ ᠬᠠᠭᠠᠯᠭᠠᠴᠢᠨ ᠪᠠᠢᠪᠠ᠃ 25 ᠠᠬ᠎ᠠ ᠳᠡᠭᠦᠦᠰ ᠨᠢ ᠨᠢᠭᠡ ᠲᠣᠰᠬᠣᠨ ᠳᠤ ᠰᠠᠭᠤᠵᠤ᠂ ᠳᠣᠯᠣᠭᠠᠨ ᠬᠣᠨᠣᠭ ᠪᠦᠷᠢ ᠡᠭᠡᠯᠵᠢ ᠪᠠᠷ ᠢᠷᠡᠵᠦ ᠡᠭᠦᠷᠭᠡ ᠶᠢ ᠨᠢ ᠬᠤᠪᠢᠶᠠᠯᠴᠠᠳᠠᠭ᠃ 26 ᠳᠥᠷᠪᠡᠨ ᠭᠣᠣᠯ ᠬᠠᠭᠠᠯᠭᠠᠴᠢᠨ ᠨᠢ ᠪᠦᠭᠦᠳᠡᠭᠡᠷ ᠢᠶᠡᠨ ᠯᠧᠸᠢᠴᠦᠳ ᠶᠤᠮ᠂ ᠲᠡᠳᠡ ᠪᠠᠢᠩ᠋ᠭᠤ ᠶᠢᠨ ᠠᠵᠢᠯ ᠲᠠᠢ᠂ ᠪᠤᠷᠬᠠᠨ ᠤ ᠥᠷᠭᠥᠭᠡᠨ ᠦ ᠥᠷᠥᠭᠡ ᠨᠦᠭᠦᠳ ᠪᠣᠯᠣᠨ ᠬᠥᠮᠥᠷᠭᠡ ᠨᠦᠭᠦᠳ ᠢ ᠬᠠᠷᠢᠭᠤᠴᠠᠪᠠ᠃ 27 ᠲᠡᠳᠡ ᠮᠠᠨᠠᠬᠤ ᠡᠭᠦᠷᠭᠡ ᠲᠠᠢ ᠪᠣᠯᠬᠣᠷ ᠪᠤᠷᠬᠠᠨ ᠤ ᠥᠷᠭᠥᠭᠡᠨ ᠦ ᠡᠷᠭᠢᠨ ᠲᠣᠭᠣᠷᠢᠨ ᠳᠤ ᠬᠣᠨᠣᠵᠤ᠂ ᠥᠷᠯᠥᠭᠡ ᠪᠦᠷᠢ ᠬᠠᠭᠠᠯᠭ᠎ᠠ ᠨᠡᠭᠡᠭᠡᠬᠦ ᠬᠠᠷᠢᠭᠤᠴᠠᠯᠭ᠎ᠠ ᠲᠠᠢ᠃
28 ᠯᠧᠸᠢᠴᠦᠳ ᠦᠨ ᠵᠠᠷᠢᠮ ᠨᠢ ᠮᠥᠷᠭᠥᠯ ᠦᠨ ᠬᠡᠷᠡᠭᠰᠡᠯ ᠤᠳ ᠢ ᠬᠠᠷᠢᠭᠤᠴᠠᠵᠤ᠂ ᠲᠡᠳᠡᠭᠡᠷ ᠢ ᠭᠠᠷᠭᠠᠵᠤ ᠣᠷᠣᠭᠤᠯᠬᠤ ᠪᠦᠷᠢ ᠳᠡᠭᠡᠨ ᠲᠣᠭᠠᠯᠠᠳᠠᠭ ᠪᠠᠢᠵᠠᠢ᠃ 29 ᠲᠡᠳᠡᠨ ᠦ ᠵᠠᠷᠢᠮ ᠨᠢ ᠠᠷᠢᠭᠤᠨ ᠭᠠᠵᠠᠷ ᠤᠨ ᠠᠯᠢᠪᠠ ᠲᠠᠯᠪᠢᠯᠭ᠎ᠠ ᠪᠣᠯᠣᠨ ᠪᠤᠰᠤᠳ ᠬᠡᠷᠡᠭᠰᠡᠯ᠂ ᠨᠠᠷᠢᠯᠢᠭ᠋ ᠭᠤᠯᠢᠷ᠂ ᠦᠵᠦᠮ ᠦᠨ ᠳᠠᠷᠠᠰᠤ᠂ ᠲᠣᠰᠣ᠂ ᠭᠦᠭᠦᠯ᠂ ᠠᠩᠬᠢᠯᠤᠭ ᠢ ᠬᠠᠷᠢᠭᠤᠴᠠᠬᠤ ᠪᠠᠷ ᠲᠣᠮᠢᠯᠠᠭᠳᠠᠵᠠᠢ᠃ 30 ᠭᠡᠪᠡᠴᠦ ᠠᠩᠬᠢᠯᠤᠭᠤᠨ ᠦᠨᠦᠷᠲᠦ ᠲᠣᠰᠣ ᠶᠢ ᠪᠡᠯᠡᠳᠬᠡᠬᠦ ᠨᠢ ᠵᠠᠷᠢᠮ ᠲᠠᠬᠢᠯᠴᠢᠳ ᠤᠨ ᠡᠭᠦᠷᠭᠡ ᠶᠤᠮ᠃ 31 ᠡᠷᠭᠦᠯ ᠦᠨ ᠨᠠᠷᠢᠯᠢᠭ᠋ ᠪᠣᠣᠪᠣ ᠶᠢ ᠪᠠᠵᠠᠭᠠᠬᠤ ᠨᠢ ᠯᠧᠸᠢ ᠬᠥᠮᠦᠨ ᠮᠠᠲ᠋ᠢᠲ᠋ᠢᠶ᠎ᠠ ᠶᠢᠨ ᠡᠭᠦᠷᠭᠡ᠂ ᠲᠡᠷᠡ ᠪᠣᠯ ᠺᠣᠷᠠ ᠶᠢᠨ ᠦᠷ᠎ᠡ ᠤᠳᠤᠮ᠂ ᠱᠠᠯᠦ᠋ᠮ ᠤᠨ ᠤᠤᠭᠠᠨ ᠬᠦᠦ ᠶᠤᠮ᠃ 32 ᠠᠮᠠᠷᠠᠯᠲᠠ ᠶᠢᠨ ᠡᠳᠦᠷ ᠪᠦᠷᠢ ᠰᠢᠷᠡᠭᠡᠨ ᠳᠦ ᠲᠠᠯᠪᠢᠬᠤ ᠪᠣᠣᠪᠣ ᠶᠢ ᠪᠡᠯᠡᠳᠬᠡᠬᠦ ᠨᠢ ᠲᠡᠳᠡᠨ ᠦ ᠠᠬ᠎ᠠ ᠳᠡᠭᠦᠦᠰ ᠪᠣᠯᠬᠤ ᠪᠤᠰᠤᠳ ᠺᠣᠬᠠᠲ᠋ᠴᠤᠳ ᠤᠨ ᠡᠭᠦᠷᠭᠡ ᠶᠤᠮ᠃
33 ᠳᠠᠭᠤᠤ ᠬᠥᠭᠵᠢᠮᠴᠢᠳ ᠴᠤ ᠪᠤᠢ᠂ ᠲᠡᠳᠡ ᠯᠧᠸᠢ ᠤᠳᠤᠮ ᠤᠨ ᠠᠬᠠᠯᠠᠭᠴᠢᠳ ᠪᠥᠭᠡᠳ ᠥᠷᠭᠥᠭᠡᠨ ᠦ ᠥᠷᠥᠭᠡ ᠨᠦᠭᠦᠳ ᠢᠶᠡᠷ ᠰᠠᠭᠤᠵᠤ᠂ ᠡᠳᠦᠷ ᠰᠥᠨᠢ ᠦᠭᠡᠢ ᠠᠵᠢᠯ ᠳᠠᠭᠠᠨ ᠰᠢᠮᠳᠠᠳᠠᠭ ᠲᠤᠯᠠ ᠪᠤᠰᠤᠳ ᠡᠭᠦᠷᠭᠡ ᠡᠴᠡ ᠴᠢᠯᠥᠭᠡᠯᠡᠭᠳᠡᠭᠰᠡᠨ ᠪᠠᠢᠪᠠ᠃ 34 ᠡᠳᠡ ᠪᠣᠯ ᠭᠡᠷ ᠦᠨ ᠴᠠᠳᠢᠭ ᠲᠤ ᠣᠷᠣᠭᠰᠠᠨ ᠯᠧᠸᠢ ᠤᠳᠤᠮ ᠤᠨ ᠠᠬᠠᠯᠠᠭᠴᠢᠳ ᠪᠢᠯᠡ᠃ ᠲᠡᠳᠡ ᠶᠧᠷᠦ᠋ᠰᠠᠯᠧᠮ ᠳᠤ ᠰᠠᠭᠤᠷᠢᠰᠢᠪᠠ᠃
ᠰᠠᠦ᠋ᠯ ᠬᠠᠭᠠᠨ ᠤ ᠭᠡᠷ ᠦᠨ ᠴᠠᠳᠢᠭ
35 ᠶᠧᠶᠧᠯ ᠭᠢᠪᠧᠶᠣᠨ ᠳᠤ ᠰᠠᠭᠤᠵᠤ᠂ ᠭᠢᠪᠧᠶᠣᠨ ᠤ ᠡᠭᠦᠰᠭᠡᠭᠴᠢ ᠪᠣᠯᠪᠠ᠃ ᠡᠬᠡᠨᠡᠷ ᠨᠢ ᠮᠠᠺᠠ ᠭᠡᠳᠡᠭ᠃ 36 ᠤᠤᠭᠠᠨ ᠬᠦᠦ ᠨᠢ ᠠᠪᠳᠣᠨ᠂ ᠤᠳᠠᠭᠠᠬᠢ ᠨᠢ ᠽᠦᠷ᠂ ᠺᠢᠱ᠂ ᠪᠠᠯ᠂ ᠨᠧᠷ᠂ ᠨᠠᠳᠠᠪ᠂ 37 ᠭᠧᠳᠣᠷ᠂ ᠠᠾᠢᠣ᠋᠂ ᠽᠧᠺᠠᠷᠢᠶ᠎ᠠ᠂ ᠮᠢᠺᠯᠣᠲ᠃ 38 ᠮᠢᠺᠯᠣᠲ ᠤᠨ ᠬᠦᠦ ᠱᠢᠮᠧᠶ᠎ᠠ᠃ ᠲᠡᠳᠡ ᠨᠠᠷ ᠴᠤ ᠬᠠᠮᠢᠶᠠᠲᠠᠨ ᠨᠤᠭᠤᠳ ᠤᠨ ᠢᠶᠠᠨ ᠳᠡᠷᠭᠡᠳᠡ᠂ ᠬᠠᠮᠢᠶᠠᠲᠠᠨ ᠨᠤᠭᠤᠳ ᠲᠠᠢ ᠪᠠᠨ ᠬᠠᠮᠲᠤ ᠶᠧᠷᠦ᠋ᠰᠠᠯᠧᠮ ᠳᠤ ᠰᠠᠭᠤᠵᠤ ᠪᠠᠢᠪᠠ᠃ 39 ᠨᠧᠷ ᠤᠨ ᠬᠦᠦ ᠺᠢᠱ᠂ ᠺᠢᠱ ᠤᠨ ᠬᠦᠦ ᠰᠠᠦ᠋ᠯ᠂ ᠰᠠᠦ᠋ᠯ ᠤᠨ ᠬᠦᠦ ᠶᠣᠨᠠᠲ᠋ᠠᠨ᠂ ᠮᠠᠯᠺᠢᠱᠦ᠋ᠶᠠ᠂ ᠠᠪᠢᠨᠠᠳᠠᠪ᠂ ᠡᠱᠪᠠᠯ᠃ 40 ᠶᠣᠨᠠᠲ᠋ᠠᠨ ᠤ ᠬᠦᠦ ᠮᠧᠷᠢᠪ ᠪᠠᠯ᠂ ᠮᠧᠷᠢᠪ ᠪᠠᠯ ᠤᠨ ᠬᠦᠦ ᠮᠢᠺᠠ᠃ 41 ᠮᠢᠺᠠ ᠶᠢᠨ ᠬᠥᠪᠡᠭᠦᠳ᠄ ᠫᠢᠲ᠋ᠣᠨ᠂ ᠮᠧᠯᠧᠺ᠂ ᠲᠠᠷᠧᠶᠠ᠂ ᠠᠬᠠᠽ᠃ 42 ᠠᠬᠠᠽ ᠤᠨ ᠬᠦᠦ ᠶᠧᠶᠠᠷᠠ᠂ ᠶᠧᠶᠠᠷᠠ ᠶᠢᠨ ᠬᠥᠪᠡᠭᠦᠳ᠄ ᠠᠯᠧᠮᠧᠲ᠂ ᠠᠽᠮᠠᠸᠧᠲ᠂ ᠽᠢᠮᠷᠢ᠃ ᠽᠢᠮᠷᠢ ᠶᠢᠨ ᠬᠦᠦ ᠮᠣᠽᠠ᠂ 43 ᠮᠣᠽᠠ ᠶᠢᠨ ᠬᠦᠦ ᠪᠢᠨᠧᠶᠠ᠂ ᠪᠢᠨᠧᠶᠠ ᠶᠢᠨ ᠬᠦᠦ ᠷᠠᠹᠠᠶᠠ᠂ ᠲᠡᠭᠦᠨ ᠦ ᠬᠦᠦ ᠡᠯᠧᠶᠠᠰᠠ᠂ ᠲᠡᠭᠦᠨ ᠦ ᠬᠦᠦ ᠠᠽᠧᠯ᠃ 44 ᠠᠽᠧᠯ ᠵᠢᠷᠭᠤᠭᠠᠨ ᠬᠦᠦ ᠲᠠᠢ ᠪᠥᠭᠡᠳ ᠲᠡᠳᠡᠨ ᠢ ᠠᠽᠷᠢᠺᠠᠮ᠂ ᠪᠣᠺᠧᠷᠦ᠋᠂ ᠢᠱᠮᠠᠶᠧᠯ᠂ ᠱᠧᠶᠠᠷᠢᠶᠠ᠂ ᠣᠪᠠᠳᠢᠶ᠎ᠠ᠂ ᠬᠠᠨᠠᠨ ᠭᠡᠳᠡᠭ᠃ ᠡᠳᠡ ᠪᠦᠭᠦᠳᠡ ᠠᠽᠧᠯ ᠤᠨ ᠬᠥᠪᠡᠭᠦᠳ ᠶᠤᠮ᠃