1 2 3 4 5 6 7 8 9 10 11 12 13 14 15 16 17 18 19 20 21 22 23 24 25 26 27 28 29


ᠱᠠᠰᠲᠢᠷ ᠤᠨ ᠳᠡᠭᠡᠳᠦ ᠠᠷᠪᠠ
 ᠰᠠᠦ᠋ᠯ ᠬᠠᠭᠠᠨ ᠤ ᠦᠬᠦᠯ

1 ᠹᠢᠯᠢᠰᠲ᠋ᠴᠦᠳ ᠢᠰᠷᠧᠯ ᠲᠠᠢ ᠲᠤᠯᠤᠯᠳᠤᠬᠤ ᠳᠤ᠂ ᠢᠰᠷᠧᠯᠴᠦᠳ ᠹᠢᠯᠢᠰᠲ᠋ᠴᠦᠳ ᠡᠴᠡ ᠵᠢᠭᠤᠲᠠᠵᠤ᠂ ᠭᠢᠯᠪᠣᠶ᠎ᠠ ᠠᠭᠤᠯᠠᠨ ᠳᠤ ᠬᠢᠶᠠᠷᠠᠨ ᠤᠨᠠᠵᠠᠢ᠃ 2 ᠹᠢᠯᠢᠰᠲ᠋ᠴᠦᠳ ᠰᠠᠦ᠋ᠯ ᠪᠣᠯᠣᠨ ᠲᠡᠭᠦᠨ ᠦ ᠬᠥᠪᠡᠭᠦᠳ ᠢ ᠭᠦᠢᠴᠡᠨ ᠠᠪᠴᠤ᠂ ᠰᠠᠦ᠋ᠯ ᠤᠨ ᠬᠥᠪᠡᠭᠦᠳ ᠶᠣᠨᠠᠲ᠋ᠠᠨ᠂ ᠠᠪᠢᠨᠠᠳᠠᠪ᠂ ᠮᠠᠯᠺᠢᠱᠦ᠋ᠶ᠎ᠠ ᠨᠠᠷ ᠢ ᠠᠯᠠᠪᠠ᠃ 3 ᠰᠠᠦ᠋ᠯ ᠤᠨ ᠡᠷᠭᠢᠨ ᠲᠣᠭᠣᠷᠢᠨ ᠳᠤ ᠲᠤᠯᠤᠯᠳᠤᠭᠠᠨ ᠤᠯᠠᠮ ᠰᠢᠷᠦᠭᠦᠰᠦᠭᠰᠡᠭᠡᠷ᠂ ᠬᠠᠷᠪᠤᠭᠠᠴᠢᠳ ᠲᠡᠭᠦᠨ ᠢ ᠬᠠᠷᠪᠤᠭᠰᠠᠨ ᠳᠤ᠂ ᠲᠡᠷᠡ ᠲᠡᠳᠡᠨ ᠦ ᠰᠤᠮᠤᠨ ᠳᠤ ᠰᠢᠷᠬᠠᠲᠤᠪᠠ᠃ 4 ᠰᠠᠦ᠋ᠯ ᠵᠡᠪᠰᠡᠭ ᠢ ᠨᠢ ᠪᠠᠷᠢᠭᠴᠢ ᠴᠡᠷᠢᠭ ᠲᠡᠭᠡᠨ᠄ 《ᠴᠢ ᠢᠯᠳᠦ ᠪᠡᠨ ᠰᠤᠭᠤᠯᠤᠨ ᠨᠠᠮᠠᠶᠢ ᠬᠠᠳᠬᠤᠵᠤ ᠠᠯᠠ᠃ ᠬᠥᠪᠴᠢᠷᠬᠡᠢ ᠬᠥᠨᠳᠡᠭᠦᠯᠦᠭᠡ ᠦᠭᠡᠢ ᠡᠲᠡᠭᠡᠳ ᠢᠷᠡᠵᠦ ᠨᠠᠮᠠᠶᠢ ᠳᠣᠷᠣᠮᠵᠢᠯᠠᠭᠤᠵᠠᠢ》 ᠭᠡᠪᠡ᠃ ᠭᠡᠪᠡᠴᠦ ᠵᠡᠪᠰᠡᠭ ᠪᠠᠷᠢᠭᠴᠢ ᠨᠢ ᠶᠡᠬᠡᠳᠡ ᠠᠶᠤᠵᠤ ᠭᠦᠢᠴᠡᠳᠬᠡᠬᠦ ᠦᠭᠡᠢ ᠪᠠᠢᠪᠠ᠃ ᠡᠢᠮᠦ ᠳᠦ ᠰᠠᠦ᠋ᠯ ᠢᠯᠳᠦ ᠪᠡᠨ ᠠᠪᠴᠤ ᠥᠪᠡᠷ ᠢᠶᠡᠨ ᠳᠡᠭᠡᠷ᠎ᠡ ᠡᠴᠡ ᠨᠢ ᠤᠨᠠᠪᠠ᠃ 5 ᠰᠠᠦ᠋ᠯ ᠤᠨ ᠦᠬᠦᠭᠰᠡᠨ ᠢ ᠦᠵᠡᠭᠡᠳ ᠵᠡᠪᠰᠡᠭ ᠪᠠᠷᠢᠭᠴᠢ ᠨᠢ ᠴᠤ ᠮᠥᠨ ᠠᠳᠠᠯᠢ ᠪᠠᠷ ᠥᠪᠡᠷ ᠦᠨ ᠢᠶᠠᠨ ᠢᠯᠳᠦᠨ ᠳᠡᠭᠡᠷ᠎ᠡ ᠤᠨᠠᠵᠤ ᠦᠬᠦᠪᠡ᠃ 6 ᠡᠢᠨ ᠬᠦ ᠰᠠᠦ᠋ᠯ ᠭᠤᠷᠪᠠᠨ ᠬᠦᠦ ᠲᠠᠢ ᠪᠠᠨ ᠬᠠᠮᠲᠤ ᠦᠬᠦᠵᠦ᠂ ᠲᠡᠭᠦᠨ ᠦ ᠪᠦᠬᠦ ᠭᠡᠷ ᠰᠦᠢᠷᠡᠪᠡ᠃ 7 ᠲᠠᠯ᠎ᠠ ᠭᠠᠵᠠᠷ ᠲᠤ ᠰᠠᠭᠤᠳᠠᠭ ᠢᠰᠷᠧᠯᠴᠦᠳ ᠪᠦᠭᠦᠳᠡᠭᠡᠷ ᠢᠶᠡᠨ ᠴᠡᠷᠢᠭ ᠤᠨ ᠢᠶᠠᠨ ᠵᠢᠭᠤᠲᠠᠭᠰᠠᠨ ᠢ᠂ ᠮᠥᠨ ᠰᠠᠦ᠋ᠯ ᠪᠣᠯᠣᠨ ᠲᠡᠭᠦᠨ ᠦ ᠬᠥᠪᠡᠭᠦᠳ ᠦᠨ ᠦᠬᠦᠭᠰᠡᠨ ᠢ ᠬᠠᠷᠠᠭᠠᠳ᠂ ᠬᠣᠲᠠ ᠨᠤᠭᠤᠳ ᠢᠶᠠᠨ ᠣᠷᠬᠢᠵᠤ ᠵᠢᠭᠤᠲᠠᠭᠰᠠᠨ ᠳᠤ᠂ ᠹᠢᠯᠢᠰᠲ᠋ᠴᠦᠳ ᠢᠷᠡᠵᠦ᠂ ᠲᠡᠨᠳᠡ ᠨᠢ ᠰᠠᠭᠤᠷᠢᠰᠢᠪᠠ᠃

8 ᠳᠠᠷᠠᠭ᠎ᠠ ᠡᠳᠦᠷ ᠨᠢ ᠹᠢᠯᠢᠰᠲ᠋ᠴᠦᠳ ᠠᠯᠠᠭᠳᠠᠭᠰᠠᠳ ᠤᠨ ᠬᠤᠪᠴᠠᠰᠤ ᠬᠤᠨᠠᠷ ᠢ ᠠᠪᠬᠤ ᠪᠠᠷ ᠢᠷᠡᠬᠦ ᠳᠡᠭᠡᠨ᠂ ᠰᠠᠦ᠋ᠯ ᠪᠣᠯᠣᠨ ᠲᠡᠭᠦᠨ ᠦ ᠬᠥᠪᠡᠭᠦᠳ ᠦᠨ ᠭᠢᠯᠪᠣᠶ᠎ᠠ ᠠᠭᠤᠯᠠᠨ ᠳᠤ ᠤᠨᠠᠭᠰᠠᠨ ᠢ ᠣᠯᠵᠤ ᠬᠠᠷᠠᠪᠠ᠃ 9 ᠲᠡᠳᠡ ᠰᠠᠦ᠋ᠯ ᠢ ᠨᠢᠴᠦᠭᠦᠯᠡᠵᠦ᠂ ᠲᠣᠯᠣᠭᠠᠢ ᠪᠣᠯᠣᠨ ᠬᠤᠶᠠᠭ ᠵᠡᠪᠰᠡᠭ ᠢ ᠨᠢ ᠠᠪᠤᠭᠠᠳ ᠹᠢᠯᠢᠰᠲ ᠤᠨ ᠨᠤᠲᠤᠭ ᠳᠠᠶᠠᠭᠠᠷ ᠬᠥᠮᠦᠨ ᠶᠠᠪᠤᠭᠤᠯᠵᠤ᠂ ᠥᠪᠡᠷᠰᠡᠳ ᠦᠨ ᠢᠶᠠᠨ ᠰᠢᠲᠦᠭᠡᠨ ᠪᠣᠯᠣᠨ ᠠᠷᠠᠳ ᠲᠦᠮᠡᠨ ᠤᠷᠤᠭᠤ ᠪᠠᠨ ᠴᠢᠮᠡᠭᠡ ᠬᠦᠷᠭᠡᠪᠡ᠃ 10 ᠲᠡᠳᠡ ᠰᠠᠦ᠋ᠯ ᠤᠨ ᠬᠤᠶᠠᠭ ᠵᠡᠪᠰᠡᠭ ᠢ ᠥᠪᠡᠷᠰᠡᠳ ᠦᠨ ᠢᠶᠠᠨ ᠪᠤᠷᠬᠠᠳ ᠤᠨ ᠳᠤᠭᠠᠩ ᠳᠤ ᠲᠠᠯᠪᠢᠵᠤ᠂ ᠲᠣᠯᠣᠭᠠᠢ ᠶᠢ ᠨᠢ ᠳ᠋ᠠᠭᠣᠨ ᠤ ᠳᠤᠭᠠᠩ ᠳᠤ ᠡᠯᠭᠦᠪᠡ᠃ 11 ᠹᠢᠯᠢᠰᠲ᠋ᠴᠦᠳ ᠦᠨ ᠰᠠᠦ᠋ᠯ ᠢ ᠬᠡᠷᠬᠢᠭᠰᠡᠨ ᠢ ᠶᠠᠪᠧᠱ ᠭᠢᠯᠧᠶᠠᠳ᠋ ᠤᠨ ᠬᠥᠮᠦᠨ ᠪᠦᠬᠦᠨ ᠰᠣᠨᠣᠰᠪᠠ᠃ 12 ᠲᠡᠭᠡᠭᠡᠳ ᠬᠠᠮᠤᠭ ᠵᠣᠷᠢᠭᠲᠤ ᠡᠷ᠎ᠡ ᠬᠥᠳᠡᠯᠦᠯᠴᠡᠵᠦ᠂ ᠰᠠᠦ᠋ᠯ ᠪᠣᠯᠣᠨ ᠬᠥᠪᠡᠭᠦᠳ ᠦᠨ ᠬᠢᠨᠢ ᠱᠠᠷᠢᠯ ᠢ ᠪᠤᠯᠢᠶᠠᠵᠤ᠂ ᠶᠠᠪᠧᠱ ᠲᠤ ᠠᠪᠴᠢᠷᠠᠭᠠᠳ ᠲᠡᠨᠳᠡᠬᠢ ᠶᠢᠨ ᠨᠢᠭᠡᠨ ᠴᠠᠷᠠᠰᠤᠨ ᠤ ᠳᠣᠣᠷ᠎ᠠ ᠶᠠᠰᠤ ᠶᠢ ᠨᠢ ᠣᠷᠣᠰᠢᠭᠤᠯᠵᠤ ᠳᠣᠯᠣᠭᠠᠨ ᠬᠣᠨᠣᠭ ᠪᠠᠴᠠᠭ ᠪᠠᠷᠢᠪᠠ᠃

13 ᠡᠢᠨ ᠬᠦ ᠰᠠᠦ᠋ᠯ ᠶᠣᠬᠣᠸᠠ ᠳᠤ ᠰᠢᠳᠤᠷᠭᠤ ᠪᠤᠰᠤ ᠶᠢ ᠦᠢᠯᠡᠳᠦᠭᠰᠡᠨ ᠡᠴᠡ ᠪᠣᠯᠵᠤ ᠦᠬᠦᠪᠡ᠃ ᠲᠡᠷᠡ ᠶᠣᠬᠣᠸᠠ ᠶᠢᠨ ᠦᠭᠡ ᠶᠢ ᠰᠠᠬᠢᠭᠰᠠᠨ ᠦᠭᠡᠢ ᠪᠠᠷ ᠦᠯᠦ ᠪᠠᠷᠠᠮ᠂ ᠰᠦᠨᠡᠰᠦ ᠳᠠᠭᠤᠳᠠᠭᠴᠢᠳ ᠠᠴᠠ ᠠᠰᠠᠭᠤᠨ᠂ ᠵᠥᠪᠯᠡᠯᠭᠡ ᠶᠢ ᠲᠡᠳᠡᠨ ᠡᠴᠡ ᠭᠤᠶᠤᠨ᠂ 14 ᠶᠣᠬᠣᠸᠠ ᠠᠴᠠ ᠭᠤᠶᠤᠭᠰᠠᠨ ᠦᠭᠡᠢ ᠲᠤᠯᠠ ᠶᠣᠬᠣᠸᠠ ᠲᠡᠭᠦᠨ ᠢ ᠰᠥᠨᠥᠭᠡᠵᠦ᠂ ᠬᠠᠭᠠᠨᠴᠢᠯᠠᠯ ᠢ ᠨᠢ ᠢᠱᠠᠢ ᠶᠢᠨ ᠬᠦᠦ ᠳ᠋ᠠᠸᠢᠳ᠋ ᠲᠤ ᠲᠤᠰᠢᠶᠠᠭᠰᠠᠨ ᠠᠵᠢ᠃