1 2 3 4 5 6 7 8 9 10 11 12 13 14 15 16 17 18 19 20 21 22 23 24 25 26 27 28 29


ᠱᠠᠰᠲᠢᠷ ᠤᠨ ᠳᠡᠭᠡᠳᠦ ᠲᠠᠪᠤ
 ᠷᠧᠣᠪᠧᠨ ᠤ ᠦᠷ᠎ᠡ ᠤᠳᠤᠮ

1 ᠢᠰᠷᠧᠯ ᠤᠨ ᠤᠤᠭᠠᠨ ᠬᠦᠦ ᠷᠧᠣᠪᠧᠨ ᠤ ᠬᠥᠪᠡᠭᠦᠳ᠄ (ᠷᠧᠣᠪᠧᠨ ᠤᠤᠭᠠᠨ ᠬᠦᠦ ᠪᠠᠢᠭᠰᠠᠨ ᠪᠣᠯᠪᠠᠴᠤ ᠲᠡᠷᠡ ᠡᠴᠢᠭᠡ ᠶᠢᠨ ᠢᠶᠠᠨ ᠣᠷᠣ ᠶᠢ ᠪᠤᠵᠠᠷᠯᠠᠭᠰᠠᠨ ᠲᠤᠯᠠ ᠤᠤᠭᠠᠨ ᠬᠦᠦ ᠶᠢᠨ ᠡᠷᠬᠡ ᠶᠢ ᠨᠢ ᠢᠰᠷᠧᠯ ᠤᠨ ᠬᠦᠦ ᠶᠣᠰᠧᠹ ᠤᠨ ᠬᠥᠪᠡᠭᠦᠳ ᠣᠯᠣᠭᠰᠠᠨ ᠶᠤᠮ᠃ ᠡᠢᠮᠦ ᠡᠴᠡ ᠲᠡᠷᠡ ᠭᠡᠷ ᠦᠨ ᠴᠠᠳᠢᠭ ᠲᠤ ᠤᠤᠭᠠᠨ ᠭᠡᠵᠦ ᠲᠣᠭᠠᠴᠠᠭᠳᠠᠭᠰᠠᠨ ᠦᠭᠡᠢ᠃ 2 ᠠᠬ᠎ᠠ ᠳᠡᠭᠦᠦᠰ ᠦᠨ ᠢᠶᠠᠨ ᠳᠤᠮᠳᠠ ᠬᠠᠮᠤᠭ ᠤᠨ ᠬᠦᠴᠦᠷᠬᠡᠭ ᠪᠣᠯᠵᠤ᠂ ᠵᠠᠬᠢᠷᠤᠭᠴᠢ ᠭᠠᠷᠤᠭᠰᠠᠨ ᠨᠢ ᠶᠦᠳᠠ ᠪᠣᠯᠪᠠᠴᠤ ᠤᠤᠭᠠᠨ ᠬᠦᠦ ᠶᠢᠨ ᠡᠷᠬᠡ ᠶᠣᠰᠧᠹ ᠲᠤ ᠪᠤᠢ) 3 ᠢᠰᠷᠧᠯ ᠤᠨ ᠤᠤᠭᠠᠨ ᠬᠦᠦ ᠷᠧᠣᠪᠧᠨ ᠤ ᠬᠥᠪᠡᠭᠦᠳ᠄ ᠬᠠᠨᠣᠺ᠂ ᠫᠠᠯᠦ᠋᠂ ᠾᠧᠽᠷᠣᠨ᠂ ᠺᠠᠷᠮᠢ᠃ 4 ᠶᠣᠶᠧᠯ ᠤᠨ ᠦᠷ᠎ᠡ ᠤᠳᠤᠮ᠄ ᠱᠧᠮᠠᠢᠶ᠎ᠠ᠂ ᠲᠡᠭᠦᠨ ᠦ ᠬᠦᠦ ᠭᠣᠭ᠂ ᠲᠡᠭᠦᠨ ᠦ ᠬᠦᠦ ᠱᠢᠮᠧᠶᠢ᠂ 5 ᠲᠡᠭᠦᠨ ᠦ ᠬᠦᠦ ᠮᠢᠺᠠ᠂ ᠲᠡᠭᠦᠨ ᠦ ᠬᠦᠦ ᠷᠧᠶᠠᠢᠶ᠎ᠠ᠂ ᠲᠡᠭᠦᠨ ᠦ ᠬᠦᠦ ᠪᠠᠯ᠂ 6 ᠲᠡᠭᠦᠨ ᠦ ᠬᠦᠦ ᠪᠧᠷᠠ (ᠷᠧᠣᠪᠧᠨᠴᠤᠳ ᠤᠨ ᠤᠳᠤᠷᠢᠳᠤᠭᠴᠢ᠂ ᠲᠡᠷᠡ ᠠᠰᠢᠷᠢᠶ᠎ᠠ ᠶᠢᠨ ᠬᠠᠭᠠᠨ ᠲᠢᠯᠭᠠᠲ ᠫᠢᠯᠨᠧᠰᠧᠷ ᠲᠤ ᠣᠯᠵᠠᠯᠠᠭᠳᠠᠪᠠ)᠃ 7 ᠪᠧᠷᠠ ᠶᠢᠨ ᠬᠠᠮᠢᠶᠠᠲᠠᠨ ᠨᠤᠭᠤᠳ ᠤᠨ ᠳᠤᠮᠳᠠ ᠠᠴᠠ ᠠᠢᠮᠠᠭ ᠤᠨ ᠢᠶᠠᠨ ᠭᠡᠷ ᠦᠨ ᠴᠠᠳᠢᠭ ᠲᠤ ᠣᠷᠣᠭᠰᠠᠨ ᠬᠥᠮᠦᠰ ᠪᠣᠯ᠄ ᠵᠠᠬᠢᠷᠤᠭᠴᠢ ᠶᠧᠶᠧᠯ᠂ ᠽᠧᠺᠠᠷᠢᠶ᠎ᠠ᠂ 8 ᠪᠧᠯᠠ (ᠶᠣᠶᠧᠯ ᠤᠨ ᠵᠢᠴᠢ᠂ ᠱᠧᠮᠠ ᠶᠢᠨ ᠠᠴᠢ᠂ ᠠᠽᠠᠽ ᠤᠨ ᠬᠦᠦ)᠃ ᠲᠡᠳᠡᠭᠡᠷ ᠷᠧᠣᠪᠧᠨᠴᠤᠳ ᠠᠷᠣᠶᠧᠷ ᠲᠤ᠂ ᠴᠢᠨᠠᠭᠰᠢ ᠨᠧᠪᠣ ᠪᠣᠯᠣᠨ ᠪᠠᠯ ᠮᠧᠶᠣᠨ ᠬᠦᠷᠲᠡᠯᠡᠬᠢ ᠭᠠᠵᠠᠷ ᠲᠤ ᠰᠠᠭᠤᠷᠢᠰᠢᠪᠠ᠃ 9 ᠭᠢᠯᠧᠶᠠᠳ᠋ ᠭᠠᠵᠠᠷ ᠲᠤ ᠲᠡᠳᠡᠨ ᠦ ᠮᠠᠯ ᠰᠦᠷᠦᠭ ᠮᠥᠨ ᠣᠯᠠᠰᠢᠷᠠᠭᠰᠠᠨ ᠢᠶᠠᠷ ᠳᠣᠷᠣᠨ᠎ᠠ ᠵᠦᠭ ᠲᠦ ᠶᠠᠪᠤᠵᠤ ᠡᠶᠦ᠋ᠹᠷᠠᠲ᠋ᠧᠰ ᠮᠥᠷᠡᠨ ᠡᠴᠡ ᠴᠥᠯ ᠦᠨ ᠵᠠᠬ᠎ᠠ ᠬᠦᠷᠲᠡᠯᠡᠬᠢ ᠭᠠᠵᠠᠷ ᠢᠶᠠᠷ ᠴᠤ ᠰᠠᠭᠤᠷᠢᠰᠢᠭᠰᠠᠨ ᠶᠤᠮ᠃ 10 ᠰᠠᠦ᠋ᠯ ᠤᠨ ᠡᠳᠦᠷ ᠤᠳ ᠲᠤ ᠲᠡᠳᠡ ᠬᠠᠭᠷᠢ ᠬᠥᠮᠦᠰ ᠲᠡᠢ ᠳᠠᠢᠨ ᠬᠢᠵᠦ᠂ ᠲᠡᠳᠡᠨ ᠢ ᠭᠠᠷ ᠲᠠᠭᠠᠨ ᠣᠷᠣᠭᠤᠯᠤᠭᠠᠳ᠂ ᠭᠢᠯᠧᠶᠠᠳ᠋ ᠤᠨ ᠵᠡᠭᠦᠨ ᠵᠦᠭ ᠦᠨ ᠪᠦᠬᠦ ᠨᠤᠲᠤᠭ ᠲᠤ ᠮᠠᠢᠬᠠᠨ ᠨᠤᠭᠤᠳ ᠢᠶᠠᠨ ᠪᠣᠰᠬᠠᠵᠠᠢ᠃
 ᠭᠠᠳ᠋ ᠤᠨ ᠦᠷ᠎ᠡ ᠤᠳᠤᠮ

11 ᠲᠡᠳᠡᠨ ᠦ ᠡᠰᠡᠷᠭᠦ ᠲᠠᠯ᠎ᠠ ᠳᠤ᠂ ᠭᠠᠳ᠋ᠴᠤᠳ ᠪᠠᠱᠠᠨ ᠳᠤ᠂ ᠴᠢᠨᠠᠭᠰᠢ ᠰᠠᠯᠧᠺᠠ ᠳᠤ ᠬᠦᠷᠲᠡᠯᠡᠬᠢ ᠭᠠᠵᠠᠷ ᠲᠤ ᠰᠠᠭᠤᠳᠠᠭ ᠪᠠᠢᠪᠠ᠃ 12 ᠲᠣᠯᠣᠭᠠᠢᠯᠠᠭᠴᠢ ᠨᠢ ᠶᠣᠶᠧᠯ᠂ ᠤᠳᠠᠭᠠᠬᠢ ᠨᠢ ᠱᠠᠹᠠᠮ᠂ ᠳᠠᠷᠠᠭ᠎ᠠ ᠶᠢᠨ ᠬᠢᠨᠢ ᠪᠠᠱᠠᠨ ᠳᠤ ᠪᠠᠢᠭ᠎ᠠ ᠶᠠᠨᠠᠢ᠂ ᠱᠠᠹᠠᠲ ᠨᠠᠷ ᠪᠠᠢᠪᠠ᠃ 13 ᠲᠡᠳᠡᠨ ᠦ ᠬᠠᠮᠢᠶᠠᠲᠠᠨ ᠪᠣᠯᠬᠤ ᠠᠢᠮᠠᠭ ᠤᠨ ᠤᠳᠤᠷᠢᠳᠤᠭᠴᠢᠳ ᠪᠣᠯ ᠮᠢᠺᠠᠶᠧᠯ᠂ ᠮᠧᠱᠦ᠋ᠯᠠᠮ᠂ ᠱᠧᠪᠠ᠂ ᠶᠣᠷᠠᠢ᠂ ᠶᠠᠺᠠᠨ᠂ ᠽᠢᠶ᠎ᠠ᠂ ᠡᠪᠧᠷ ᠳᠣᠯᠣᠭ᠎ᠠ ᠪᠢᠯᠡ᠃ 14 ᠡᠳᠡ ᠨᠠᠷ ᠪᠣᠯ ᠠᠪᠢᠬᠠᠢᠯ ᠤᠨ ᠬᠥᠪᠡᠭᠦᠳ ᠪᠥᠭᠡᠳ ᠠᠪᠢᠬᠠᠢᠯ ᠨᠢ ᠾᠦᠷᠢ ᠶᠢᠨ ᠬᠦᠦ᠂ ᠶᠠᠷᠣᠶ᠎ᠠ ᠶᠢᠨ ᠠᠴᠢ᠂ ᠭᠢᠯᠧᠶᠠᠳ᠋ ᠤᠨ ᠵᠢᠴᠢ᠂ ᠮᠢᠺᠠᠶᠧᠯ ᠤᠨ ᠭᠤᠴᠢ᠂ ᠶᠧᠱᠢᠱᠠᠢ ᠶᠢᠨ ᠳᠥᠴᠢ᠂ ᠶᠠᠳᠣ᠋ ᠶᠢᠨ ᠲᠠᠴᠢ᠂ ᠪᠦᠽ ᠤᠨ ᠳᠣᠯᠣᠳᠤᠭᠠᠷ ᠦᠶ᠎ᠡ ᠶᠢᠨ ᠬᠦᠦ ᠶᠤᠮ᠃ 15 ᠭᠦᠨᠢ ᠶᠢᠨ ᠠᠴᠢ᠂ ᠲᠤᠬᠠᠢᠯᠠᠪᠠᠯ ᠠᠪᠳᠢᠶᠧᠯ ᠤᠨ ᠬᠦᠦ ᠠᠾᠢ ᠴᠤ ᠲᠡᠳᠡᠨ ᠦ ᠡᠷᠦᠬᠡ ᠶᠢᠨ ᠨᠢᠭᠡ ᠲᠣᠯᠣᠭᠠᠢᠯᠠᠭᠴᠢ ᠪᠢᠯᠡ᠃ 16 ᠲᠡᠳᠡ ᠭᠢᠯᠧᠶᠠᠳ᠋᠂ ᠪᠠᠱᠠᠨ ᠪᠣᠯᠣᠨ ᠲᠡᠨᠳᠡᠬᠢ ᠶᠢᠨ ᠲᠣᠰᠬᠣᠳ ᠲᠤ᠂ ᠪᠠᠰᠠ ᠱᠠᠷᠣᠨ ᠤ ᠪᠦᠬᠦᠢᠯᠡ ᠲᠠᠯ᠎ᠠ ᠭᠠᠵᠠᠷ ᠤᠨ ᠵᠠᠬ᠎ᠠ ᠬᠦᠷᠲᠡᠯ᠎ᠡ ᠰᠠᠭᠤᠳᠠᠭ ᠪᠠᠢᠪᠠ᠃ 17 ᠡᠨᠡ ᠪᠦᠭᠦᠳᠡ ᠨᠢ ᠶᠦᠳᠠ ᠶᠢᠨ ᠬᠠᠭᠠᠨ ᠶᠣᠲ᠋ᠠᠮ ᠪᠣᠯᠣᠨ ᠢᠰᠷᠧᠯ ᠤᠨ ᠬᠠᠭᠠᠨ ᠶᠧᠷᠣᠪᠣᠶᠠᠮ ᠤᠨ ᠡᠳᠦᠷ ᠤᠳ ᠲᠤ ᠭᠡᠷ ᠦᠨ ᠴᠠᠳᠢᠭ ᠲᠤ ᠲᠡᠮᠳᠡᠭᠯᠡᠭᠳᠡᠭᠰᠡᠨ ᠶᠤᠮ᠃

18 ᠷᠧᠣᠪᠧᠨᠴᠤᠳ᠂ ᠭᠠᠳ᠋ᠴᠤᠳ ᠪᠣᠯᠣᠨ ᠮᠠᠨᠠᠰᠧ ᠶᠢᠨ ᠬᠠᠭᠠᠰ ᠣᠪᠣᠭ ᠤᠨ ᠳᠤᠮᠳᠠ ᠠᠴᠠ ᠳᠠᠢᠨ ᠳᠤ ᠮᠣᠷᠳᠠᠬᠤ ᠳᠤ ᠪᠡᠯᠡᠬᠡᠨ ᠳᠥᠴᠢᠨ ᠳᠥᠷᠪᠡᠨ ᠮᠢᠩ᠋ᠭ᠎ᠠ ᠳᠣᠯᠣᠭᠠᠨ ᠵᠠᠭᠤ ᠵᠢᠷᠠᠨ ᠡᠷ᠎ᠡ ᠪᠠᠢᠪᠠ᠃ ᠲᠡᠳᠡ ᠰᠡᠯᠡᠮ᠎ᠡ ᠪᠠᠮᠪᠠᠢ ᠠᠭᠰᠠᠳᠠᠭ᠂ ᠨᠤᠮᠤ ᠲᠠᠲᠠᠳᠠᠭ ᠪᠥᠭᠡᠳ ᠲᠤᠯᠤᠯᠳᠤᠭᠠᠨ ᠤ ᠲᠤᠷᠰᠢᠯᠭ᠎ᠠ ᠲᠠᠢ ᠶᠤᠮ᠃ 19 ᠲᠡᠳᠡ ᠬᠠᠭᠷᠢᠴᠤᠳ᠂ ᠶᠧᠲ᠋ᠣᠷᠴᠤᠳ᠂ ᠨᠠᠹᠢᠱᠴᠤᠳ᠂ ᠨᠣᠳᠠᠪᠴᠤᠳ ᠲᠠᠢ ᠳᠠᠢᠲᠤᠪᠠ᠃ 20 ᠲᠡᠳᠡ ᠲᠤᠯᠤᠯᠳᠤᠬᠤ ᠳᠠᠭᠠᠨ ᠪᠤᠷᠬᠠᠨ ᠳᠤ ᠬᠠᠰᠬᠢᠷᠤᠨ ᠭᠤᠶᠤᠵᠤ᠂ ᠲᠡᠭᠦᠨ ᠳᠦ ᠢᠲᠡᠭᠡᠭᠰᠡᠨ ᠢᠶᠡᠷ ᠪᠤᠷᠬᠠᠨ ᠰᠣᠨᠣᠰᠣᠭᠠᠳ ᠲᠤᠰᠠᠯᠠᠵᠤ ᠲᠡᠳᠡᠨ ᠦ ᠭᠠᠷ ᠲᠤ ᠬᠠᠭᠷᠢᠴᠤᠳ ᠪᠣᠯᠣᠨ ᠬᠠᠭᠷᠢᠴᠤᠳ ᠲᠠᠢ ᠨᠡᠢᠯᠡᠭᠰᠡᠨ ᠪᠦᠬᠦᠨ ᠢ ᠲᠤᠰᠢᠶᠠᠵᠠᠢ᠃ 21 ᠲᠡᠳᠡ ᠳᠠᠢᠰᠤᠨ ᠤ ᠮᠠᠯ ᠰᠦᠷᠦᠭ ᠡᠴᠡ ᠲᠠᠪᠤᠨ ᠲᠦᠮᠡᠨ ᠲᠡᠮᠡᠭᠡ᠂ ᠬᠣᠷᠢᠨ ᠲᠠᠪᠤᠨ ᠲᠦᠮᠡᠨ ᠬᠣᠨᠢ᠂ ᠬᠣᠶᠠᠷ ᠮᠢᠩ᠋ᠭᠠᠨ ᠡᠯᠵᠢᠭᠡ ᠪᠤᠯᠢᠶᠠᠵᠤ᠂ ᠠᠷᠪᠠᠨ ᠲᠦᠮᠡᠨ ᠬᠥᠮᠦᠨ ᠣᠯᠵᠠᠯᠠᠪᠠ᠃ 22 ᠲᠡᠷᠡ ᠳᠠᠢᠨ ᠪᠤᠷᠬᠠᠨ ᠤ ᠪᠠᠢᠭᠰᠠᠨ ᠲᠤᠯᠠ ᠣᠯᠠᠨ ᠬᠥᠮᠦᠨ ᠠᠯᠠᠭᠳᠠᠨ ᠤᠨᠠᠭᠰᠠᠨ ᠪᠠᠢᠨ᠎ᠠ᠃ ᠲᠡᠳᠡ ᠣᠯᠵᠠᠯᠠᠭᠳᠠᠨ ᠶᠠᠪᠤᠬᠤ ᠬᠦᠷᠲᠡᠯ᠎ᠡ ᠪᠡᠨ ᠲᠡᠨᠳᠡ ᠰᠠᠭᠤᠵᠤ ᠪᠠᠢᠪᠠ᠃
 ᠮᠠᠨᠠᠰᠧ ᠶᠢᠨ ᠬᠠᠭᠠᠰ ᠣᠪᠣᠭ

23 ᠮᠠᠨᠠᠰᠧ ᠶᠢᠨ ᠬᠠᠭᠠᠰ ᠣᠪᠣᠭ ᠤᠨ ᠬᠢᠨ ᠪᠠᠱᠠᠨ ᠠᠴᠠ ᠪᠠᠯ ᠾᠧᠷᠮᠣᠨ᠂ ᠰᠧᠨᠢᠷ ᠪᠣᠯᠣᠨ ᠾᠧᠷᠮᠣᠨ ᠠᠭᠤᠯᠠ ᠬᠦᠷᠲᠡᠯᠡᠬᠢ ᠨᠤᠲᠤᠭ ᠲᠤ ᠰᠠᠭᠤᠷᠢᠰᠢᠵᠠᠢ᠃ ᠲᠡᠳᠡᠨ ᠦ ᠠᠮᠠ ᠪᠦᠯᠢ ᠣᠯᠠᠨ ᠪᠠᠢᠪᠠ᠃ 24 ᠲᠡᠳᠡᠨ ᠦ ᠠᠢᠮᠠᠭ ᠤᠳ ᠤᠨ ᠠᠬᠠᠯᠠᠭᠴᠢᠳ᠄ ᠡᠹᠧᠷ᠂ ᠢᠱᠢ᠂ ᠡᠯᠢᠶᠧᠯ᠂ ᠠᠽᠷᠢᠶᠧᠯ᠂ ᠶᠧᠷᠧᠮᠢᠶ᠎ᠠ᠂ ᠬᠣᠳᠠᠸᠢᠶ᠎ᠠ᠂ ᠶᠠᠳᠢᠶᠧᠯ ᠪᠢᠯᠡ᠃ ᠲᠡᠳᠡ ᠵᠣᠷᠢᠭᠲᠤ ᠳᠠᠢᠴᠢᠳ᠂ ᠠᠯᠳᠠᠷᠲᠠᠳ᠂ ᠤᠳᠤᠮ ᠤᠨ ᠢᠶᠠᠨ ᠠᠬᠠᠯᠠᠭᠴᠢᠳ ᠪᠠᠢᠪᠠ᠃ 25 ᠭᠡᠪᠡᠴᠦ ᠲᠡᠳᠡ ᠳᠡᠭᠡᠳᠦᠰ ᠦᠨ ᠢᠶᠠᠨ ᠪᠤᠷᠬᠠᠨ ᠠᠴᠠ ᠤᠷᠪᠠᠵᠤ᠂ ᠪᠤᠷᠬᠠᠨ ᠤ ᠲᠡᠳᠡᠨ ᠦ ᠡᠮᠦᠨ᠎ᠡ ᠡᠴᠡ ᠤᠰᠠᠳᠬᠠᠭᠰᠠᠨ ᠲᠡᠷᠡ ᠭᠠᠵᠠᠷ ᠤᠨ ᠠᠷᠠᠳ ᠲᠦᠮᠡᠨ ᠦ ᠪᠤᠷᠬᠠᠳ ᠤᠨ ᠠᠷᠤ ᠠᠴᠠ ᠵᠠᠪᠬᠠᠢᠷᠠᠵᠠᠢ᠃ 26 ᠢᠰᠷᠧᠯ ᠤᠨ ᠪᠤᠷᠬᠠᠨ ᠠᠱᠦ᠋ᠷ ᠤᠨ ᠬᠠᠭᠠᠨ ᠫᠦᠯ (ᠠᠰᠢᠷᠢᠶ᠎ᠠ ᠶᠢᠨ ᠬᠠᠭᠠᠨ ᠲᠢᠯᠭᠠᠲ ᠫᠢᠯᠨᠧᠰᠧᠷ) ᠤᠨ ᠰᠡᠳᠬᠢᠯ ᠢ ᠬᠥᠳᠡᠯᠭᠡᠭᠰᠡᠨ ᠳᠦ᠂ ᠲᠡᠷᠡ ᠷᠧᠣᠪᠧᠨ᠂ ᠭᠠᠳ᠋᠂ ᠮᠠᠨᠠᠰᠧ ᠶᠢᠨ ᠬᠠᠭᠠᠰ ᠣᠪᠣᠭ ᠢ ᠣᠯᠵᠠᠯᠠᠨ᠂ ᠾᠠᠯᠠ᠂ ᠾᠠᠪᠣᠷ᠂ ᠾᠠᠷᠠ ᠬᠢᠭᠡᠳ ᠭᠣᠽᠠᠨ ᠭᠣᠣᠯ ᠤᠷᠤᠭᠤ ᠠᠪᠠᠴᠢᠵᠠᠢ᠃ ᠲᠡᠳᠡ ᠣᠳᠣ ᠴᠤ ᠲᠡᠨᠳᠡ ᠪᠡᠨ ᠪᠠᠢᠨ᠎ᠠ᠃