ᠱᠠᠰᠲᠢᠷ ᠤᠨ ᠳᠡᠭᠡᠳᠦ ᠬᠣᠷᠢᠨ ᠬᠣᠶᠠᠷ
1 ᠲᠡᠷᠡ ᠦᠶ᠎ᠡ ᠳᠦ ᠳ᠋ᠠᠸᠢᠳ᠋᠄ 《ᠶᠣᠬᠣᠸᠠ ᠪᠤᠷᠬᠠᠨ ᠤ ᠥᠷᠭᠥᠭᠡ ᠶᠢ ᠪᠠᠷᠢᠵᠤ᠂ ᠢᠰᠷᠧᠯ ᠤᠨ ᠰᠢᠲᠠᠭᠠᠯᠭᠠᠲᠤ ᠲᠠᠬᠢᠯ ᠤᠨ ᠰᠢᠷᠡᠭᠡ ᠶᠢ ᠪᠣᠰᠬᠠᠬᠤ ᠭᠠᠵᠠᠷ ᠶᠠᠭ ᠡᠨᠡ ᠪᠠᠢᠨ᠎ᠠ》 ᠭᠡᠪᠡ᠃
ᠥᠷᠭᠥᠭᠡ ᠪᠠᠷᠢᠬᠤ ᠪᠡᠯᠡᠳᠬᠡᠯ
2 ᠳ᠋ᠠᠸᠢᠳ᠋ ᠵᠠᠷᠯᠢᠭ ᠪᠠᠭᠤᠯᠭᠠᠵᠤ ᠢᠰᠷᠧᠯ ᠤᠨ ᠨᠤᠲᠤᠭ ᠲᠤ ᠪᠠᠢᠭ᠎ᠠ ᠬᠠᠷᠢ ᠶᠢᠨ ᠬᠢᠨ ᠢ ᠴᠤᠭᠯᠠᠭᠤᠯᠵᠤ ᠲᠡᠳᠡᠨ ᠦ ᠳᠤᠮᠳᠠ ᠠᠴᠠ ᠴᠢᠯᠠᠭᠤᠴᠢᠳ ᠢ ᠲᠣᠮᠢᠯᠠᠨ᠂ ᠪᠤᠷᠬᠠᠨ ᠤ ᠥᠷᠭᠥᠭᠡ ᠶᠢ ᠪᠠᠷᠢᠬᠤ ᠶᠢᠨ ᠲᠥᠯᠥᠭᠡ ᠴᠢᠯᠠᠭᠤ ᠴᠠᠪᠴᠢᠭᠤᠯᠪᠠ᠃ 3 ᠳ᠋ᠠᠸᠢᠳ᠋ ᠶᠡᠬᠡ ᠬᠡᠮᠵᠢᠶᠡᠨ ᠦ ᠲᠡᠮᠦᠷ ᠪᠡᠯᠡᠳᠬᠡᠵᠡᠢ᠃ ᠲᠡᠳᠡᠭᠡᠷ ᠲᠡᠮᠦᠷ ᠨᠢ ᠡᠭᠦᠳᠡ ᠬᠠᠭᠠᠯᠭᠠᠨ ᠤ ᠬᠠᠳᠠᠭᠠᠰᠤ ᠪᠣᠯᠣᠨ ᠲᠣᠨᠣᠭᠯᠠᠯ ᠤᠳ ᠢ ᠬᠢᠬᠦ ᠳᠦ ᠬᠡᠷᠡᠭ ᠲᠡᠢ ᠪᠠᠢᠪᠠ᠃ ᠳ᠋ᠠᠸᠢᠳ᠋ ᠬᠡᠮᠵᠢᠶᠡᠯᠡᠰᠢ ᠦᠭᠡᠢ ᠶᠡᠬᠡ ᠬᠦᠷᠡᠯ ᠪᠠ 4 ᠲᠣᠭᠠᠯᠠᠰᠢ ᠦᠭᠡᠢ ᠣᠯᠠᠨ ᠬᠤᠱᠢ ᠮᠣᠳᠣ ᠪᠡᠯᠡᠳᠬᠡᠵᠡᠢ᠃ ᠲᠡᠷᠡ ᠮᠣᠳᠣᠳ ᠢ ᠰᠢᠢᠳᠣᠨᠴᠤᠳ ᠪᠠ ᠲᠢᠷᠴᠦᠳ ᠳ᠋ᠠᠸᠢᠳ᠋ ᠲᠤ ᠣᠯᠠᠨ ᠢᠶᠠᠷ ᠠᠪᠴᠢᠷᠠᠭᠰᠠᠨ ᠶᠤᠮ᠃ 5 ᠳ᠋ᠠᠸᠢᠳ᠋᠄ 《ᠶᠣᠬᠣᠸᠠ ᠶᠢᠨ ᠲᠥᠯᠥᠭᠡ ᠪᠠᠷᠢᠬᠤ ᠥᠷᠭᠥᠭᠡ ᠮᠠᠨᠢ ᠳᠡᠯᠡᠬᠡᠢ ᠳᠠᠶᠠᠭᠠᠷ ᠬᠣᠣᠰ ᠦᠭᠡᠢ ᠮᠤᠨᠳᠠᠭ᠂ ᠠᠯᠳᠠᠷ ᠲᠠᠢ᠂ ᠰᠦᠷ ᠵᠢᠪᠬᠤᠯᠠᠩ ᠲᠠᠢ ᠪᠠᠢᠬᠤ ᠶᠣᠰᠣᠲᠠᠢ᠃ ᠬᠠᠷᠢᠨ ᠮᠢᠨᠦ ᠬᠦᠦ ᠰᠣᠯᠣᠮᠣᠨ ᠨᠠᠰᠤ ᠵᠠᠯᠠᠭᠤ ᠴᠢᠰᠤ ᠰᠢᠩᠭᠡᠨ ᠪᠣᠯᠬᠣᠷ ᠪᠢ ᠪᠡᠯᠡᠳᠬᠡᠵᠦ ᠥᠭᠭᠥᠶ᠎ᠡ》 ᠭᠡᠳ ᠥᠭᠡᠳᠡ ᠪᠣᠯᠬᠤ ᠠᠴᠠ ᠪᠠᠨ ᠡᠮᠦᠨ᠎ᠡ ᠴᠥᠭᠡᠨ ᠪᠤᠰᠤ ᠪᠡᠯᠡᠳᠬᠡᠯ ᠬᠢᠵᠡᠢ᠃
6 ᠳ᠋ᠠᠸᠢᠳ᠋ ᠬᠦᠦ ᠰᠣᠯᠣᠮᠣᠨ ᠢᠶᠠᠨ ᠳᠠᠭᠤᠳᠠᠵᠤ᠂ ᠢᠰᠷᠧᠯ ᠤᠨ ᠪᠤᠷᠬᠠᠨ ᠶᠣᠬᠣᠸᠠ ᠳᠤ ᠵᠣᠷᠢᠭᠤᠯᠤᠨ ᠥᠷᠭᠥᠭᠡ ᠪᠠᠷᠢᠬᠤ ᠶᠢ ᠲᠤᠰᠢᠶᠠᠨ᠄ 7 《ᠬᠦᠦ ᠮᠢᠨᠢ ᠡ᠂ ᠪᠢ ᠪᠤᠷᠬᠠᠨ ᠶᠣᠬᠣᠸᠠ ᠶᠢᠨ ᠢᠶᠠᠨ ᠨᠡᠷ᠎ᠡ ᠠᠯᠳᠠᠷ ᠤᠨ ᠲᠥᠯᠥᠭᠡ ᠥᠷᠭᠥᠭᠡ ᠪᠠᠷᠢᠬᠤ ᠬᠦᠰᠡᠯ ᠲᠡᠢ ᠪᠠᠢᠭᠰᠠᠨ ᠶᠤᠮ᠃ 8 ᠭᠡᠪᠡᠴᠦ ᠶᠣᠬᠣᠸᠠ ᠶᠢᠨ ᠦᠭᠡ ᠨᠠᠳᠠ ᠳᠤ ᠢᠷᠡᠵᠦ᠂ 〈ᠴᠢ ᠶᠡᠬᠡ ᠴᠢᠰᠤ ᠤᠷᠤᠰᠬᠠᠨ᠂ ᠶᠡᠬᠡ ᠳᠠᠢᠨ ᠪᠠᠢᠯᠳᠤᠭᠠᠨ ᠬᠢᠭᠰᠡᠨ ᠤᠴᠢᠷ ᠠᠴᠠ ᠮᠢᠨᠦ ᠠᠯᠳᠠᠷ ᠨᠡᠷ᠎ᠡ ᠶᠢᠨ ᠲᠥᠯᠥᠭᠡ ᠥᠷᠭᠥᠭᠡ ᠪᠠᠷᠢᠵᠤ ᠪᠣᠯᠬᠤ ᠦᠭᠡᠢ᠃ ᠴᠢ ᠮᠢᠨᠦ ᠡᠮᠦᠨ᠎ᠡ ᠭᠠᠵᠠᠷ ᠳᠡᠭᠡᠷ᠎ᠡ ᠶᠡᠬᠡᠳᠡ ᠴᠢᠰᠤ ᠤᠷᠤᠰᠬᠠᠭᠰᠠᠨ᠃ 9 ᠬᠠᠷᠢᠨ ᠴᠢᠮ᠎ᠠ ᠳᠤ ᠬᠦᠦ ᠲᠥᠷᠥᠬᠦ ᠪᠥᠭᠡᠳ ᠲᠡᠷᠡ ᠠᠮᠤᠭᠤᠯᠠᠩ ᠬᠥᠮᠦᠨ ᠪᠣᠯᠣᠨ᠎ᠠ᠃ ᠪᠢ ᠲᠡᠭᠦᠨ ᠢ ᠡᠷᠭᠢᠨ ᠲᠣᠭᠣᠷᠢᠨ ᠤ ᠬᠠᠮᠤᠭ ᠳᠠᠢᠰᠤᠨ ᠠᠴᠠ ᠨᠢ ᠠᠮᠤᠷᠠᠭᠤᠯᠤᠶᠠ᠃ ᠲᠡᠭᠦᠨ ᠦ ᠨᠡᠷ᠎ᠡ ᠶᠢ ᠰᠣᠯᠣᠮᠣᠨ ᠭᠡᠬᠦ ᠪᠣᠯᠣᠨ᠎ᠠ᠃ ᠲᠡᠭᠦᠨ ᠦ ᠡᠳᠦᠷ ᠤᠳ ᠲᠤ ᠪᠢ ᠢᠰᠷᠧᠯ ᠳᠤ ᠠᠮᠤᠷ ᠲᠠᠢᠪᠤᠩ ᠢ ᠥᠭᠭᠥᠨ᠎ᠡ᠃ 10 ᠮᠢᠨᠦ ᠨᠡᠷ᠎ᠡ ᠠᠯᠳᠠᠷ ᠤᠨ ᠲᠥᠯᠥᠭᠡ ᠥᠷᠭᠥᠭᠡ ᠪᠠᠷᠢᠬᠤ ᠬᠥᠮᠦᠨ ᠪᠣᠯ ᠲᠡᠷᠡ᠂ ᠲᠡᠷᠡ ᠮᠢᠨᠦ ᠬᠦᠦ᠂ ᠪᠢ ᠲᠡᠭᠦᠨ ᠦ ᠡᠴᠢᠭᠡ ᠪᠣᠯᠵᠤ᠂ ᠲᠡᠭᠦᠨ ᠦ ᠬᠠᠭᠠᠨᠴᠢᠯᠠᠯ ᠤᠨ ᠰᠡᠨᠲᠢ ᠶᠢ ᠢᠰᠷᠧᠯ ᠤᠨ ᠳᠡᠭᠡᠷ᠎ᠡ ᠡᠭᠦᠷᠢᠳᠡ ᠪᠠᠲᠤᠵᠢᠭᠤᠯᠤᠶᠠ〉 ᠭᠡᠰᠡᠨ ᠶᠤᠮ᠃ 11 ᠲᠡᠢᠮᠦ ᠡᠴᠡ ᠮᠢᠨᠦ ᠬᠦᠦ ᠡ᠂ ᠶᠣᠬᠣᠸᠠ ᠴᠢᠮ᠎ᠠ ᠲᠠᠢ ᠬᠠᠮᠲᠤ ᠪᠠᠢᠵᠤ᠂ ᠴᠢ ᠲᠡᠭᠦᠨ ᠦ ᠬᠡᠯᠡᠭᠰᠡᠨ ᠶᠣᠰᠣᠭᠠᠷ ᠪᠠᠳᠠᠷᠠᠵᠤ᠂ ᠶᠣᠬᠣᠸᠠ ᠪᠤᠷᠬᠠᠨ ᠤ ᠪᠠᠨ ᠥᠷᠭᠥᠭᠡ ᠶᠢ ᠪᠠᠷᠢᠬᠤ ᠪᠣᠯᠣᠭᠠᠰᠠᠢ᠃ 12 ᠶᠣᠬᠣᠸᠠ ᠴᠢᠮ᠎ᠠ ᠳᠤ ᠮᠡᠷᠭᠡᠨ ᠤᠬᠠᠭᠠᠨ ᠪᠠ ᠠᠪᠬᠠᠯᠵᠢ ᠰᠣᠶᠣᠷᠬᠠᠵᠤ᠂ ᠴᠢᠮ᠎ᠠ ᠪᠠᠷ ᠢᠰᠷᠧᠯ ᠢ ᠵᠠᠬᠢᠷᠤᠭᠤᠯᠬᠤ ᠳᠤ᠂ ᠴᠢ ᠪᠤᠷᠬᠠᠨ ᠶᠣᠬᠣᠸᠠ ᠶᠢᠨ ᠢᠶᠠᠨ ᠬᠠᠤᠯᠢ ᠶᠢ ᠰᠠᠬᠢᠬᠤ ᠪᠣᠯᠲᠤᠭᠠᠢ᠃ 13 ᠮᠣᠰᠧ ᠪᠠᠷ ᠳᠠᠮᠵᠢᠭᠤᠯᠤᠨ ᠢᠰᠷᠧᠯ ᠳᠤ ᠵᠠᠷᠯᠢᠭᠳᠠᠭᠰᠠᠨ ᠳᠦᠷᠢᠮ ᠪᠠ ᠲᠣᠭᠲᠠᠭᠠᠯ ᠢ ᠰᠠᠬᠢᠵᠤ ᠪᠡᠶᠡᠯᠡᠭᠦᠯᠬᠦ ᠶᠤᠮ ᠪᠣᠯ ᠴᠢ ᠪᠠᠳᠠᠷᠠᠬᠤ ᠪᠣᠯᠣᠨ᠎ᠠ᠃ ᠬᠦᠴᠦᠲᠡᠢ ᠪᠥᠭᠡᠳ ᠵᠣᠷᠢᠭᠲᠠᠢ ᠪᠠᠢ᠃ ᠪᠦᠦ ᠠᠶᠤ᠂ ᠪᠦᠦ ᠰᠢᠨᠲᠠᠷᠠ᠃ 14 ᠪᠢ ᠵᠦᠳᠡᠷᠡᠵᠦ ᠪᠠᠢᠵᠤ ᠶᠣᠬᠣᠸᠠ ᠶᠢᠨ ᠥᠷᠭᠥᠭᠡᠨ ᠳᠦ ᠵᠣᠷᠢᠭᠤᠯᠤᠨ ᠠᠷᠪᠠᠨ ᠲᠦᠮᠡᠨ ᠲᠠᠯᠠᠨᠲ 20 ᠠᠯᠲᠠ᠂ ᠵᠠᠭᠤᠨ ᠲᠦᠮᠡᠨ ᠲᠠᠯᠠᠨᠲ 21 ᠮᠥᠩᠭᠥ᠂ ᠵᠢᠩᠯᠡᠵᠦ ᠪᠠᠷᠠᠰᠢ ᠦᠭᠡᠢ ᠶᠡᠬᠡ ᠬᠦᠷᠡᠯ᠂ ᠲᠡᠮᠦᠷ ᠡᠴᠡ ᠭᠠᠳᠠᠨ᠎ᠠ ᠮᠣᠳᠣ ᠴᠢᠯᠠᠭᠤ ᠶᠢ ᠴᠤ ᠪᠡᠯᠡᠳᠬᠡᠨ ᠲᠠᠯᠪᠢᠭᠰᠠᠨ᠃ ᠡᠭᠦᠨ ᠳᠦ ᠴᠢ ᠢᠯᠡᠭᠦᠦ ᠶᠢ ᠨᠡᠮᠡᠵᠦ ᠪᠣᠯᠣᠨ᠎ᠠ᠃ 15 ᠴᠢᠮ᠎ᠠ ᠳᠤ ᠠᠵᠢᠯᠴᠢᠨ ᠴᠤ ᠣᠯᠠᠨ ᠪᠤᠢ᠃ ᠴᠢᠯᠠᠭᠤ ᠴᠠᠪᠴᠢᠭᠴᠢ᠂ ᠴᠢᠯᠠᠭᠤ ᠥᠩᠭᠡᠯᠡᠭᠴᠢ᠂ ᠮᠣᠳᠣᠴᠢᠨ ᠪᠣᠯᠣᠨ ᠶᠠᠩᠵᠤ ᠪᠦᠷᠢ ᠶᠢᠨ ᠠᠵᠢᠯᠴᠢᠨ᠂ 16 ᠠᠯᠲᠠ᠂ ᠮᠥᠩᠭᠥ᠂ ᠬᠦᠷᠡᠯ᠂ ᠲᠡᠮᠦᠷ ᠦᠨ ᠮᠡᠷᠭᠡᠵᠢᠯᠲᠡᠨ ᠴᠤ ᠲᠣᠭᠠᠯᠠᠰᠢ ᠦᠭᠡᠢ ᠣᠯᠠᠨ ᠪᠣᠯᠬᠣᠷ ᠴᠢ ᠬᠥᠳᠡᠯᠵᠦ᠂ ᠠᠵᠢᠯᠯᠠᠭᠲᠤᠨ᠃ ᠶᠣᠬᠣᠸᠠ ᠴᠢᠮ᠎ᠠ ᠲᠠᠢ ᠬᠠᠮᠲᠤ ᠪᠠᠢᠬᠤ ᠪᠣᠯᠣᠨ᠎ᠠ》 ᠭᠡᠪᠡ᠃
17 ᠳ᠋ᠠᠸᠢᠳ᠋ ᠪᠠᠰᠠ ᠢᠰᠷᠧᠯ ᠤᠨ ᠪᠦᠬᠦ ᠤᠳᠤᠷᠢᠳᠤᠭᠴᠢᠳ ᠲᠤ ᠬᠦᠦ ᠰᠣᠯᠣᠮᠣᠨ ᠳᠤᠨᠢ ᠲᠤᠰᠠᠯᠠᠬᠤ ᠶᠢ ᠲᠤᠰᠢᠶᠠᠨ᠄ 18 《ᠲᠠ ᠨᠠᠷ ᠤᠨ ᠪᠤᠷᠬᠠᠨ ᠶᠣᠬᠣᠸᠠ ᠲᠠ ᠨᠠᠷ ᠲᠠᠢ ᠬᠠᠮᠲᠤ ᠪᠠᠢᠭᠰᠠᠭᠠᠷ ᠲᠠ ᠨᠠᠷ ᠤᠨ ᠡᠷᠭᠢᠨ ᠲᠣᠭᠣᠷᠢᠨ ᠳᠤ ᠠᠮᠤᠷ ᠲᠠᠢᠪᠤᠩ ᠢ ᠰᠣᠶᠣᠷᠬᠠᠭᠰᠠᠨ ᠪᠢᠰᠢ ᠤᠤ︖ ᠲᠡᠷᠡ ᠪᠡᠷ ᠡᠨᠡ ᠭᠠᠵᠠᠷ ᠤᠨ ᠣᠷᠣᠰᠢᠨ ᠰᠠᠭᠤᠭᠴᠢᠳ ᠢ ᠮᠢᠨᠦ ᠭᠠᠷ ᠲᠤ ᠲᠤᠰᠢᠶᠠᠭᠰᠠᠨ ᠳᠤ ᠡᠨᠡ ᠭᠠᠵᠠᠷ ᠶᠣᠬᠣᠸᠠ ᠪᠣᠯᠣᠨ ᠲᠡᠭᠦᠨ ᠦ ᠠᠷᠠᠳ ᠲᠦᠮᠡᠨ ᠦ ᠬᠠᠷᠢᠶ᠎ᠠ ᠪᠣᠯᠣᠯ᠎ᠠ᠃ 19 ᠲᠡᠢᠮᠦ ᠡᠴᠡ ᠣᠳᠣ ᠲᠠ ᠨᠠᠷ ᠥᠪᠡᠷᠰᠡᠳ ᠦᠨ ᠢᠶᠠᠨ ᠪᠤᠷᠬᠠᠨ ᠢ ᠡᠷᠢᠯᠬᠢᠯᠡᠬᠦ ᠪᠡᠷ ᠵᠢᠷᠦᠬᠡ ᠰᠡᠳᠬᠢᠯ ᠢᠶᠠᠨ ᠬᠠᠨᠳᠤᠭᠤᠯᠤᠭᠠᠳ᠂ ᠪᠣᠰᠴᠤ ᠶᠣᠬᠣᠸᠠ ᠪᠤᠷᠬᠠᠨ ᠤ ᠠᠷᠢᠭᠤᠨ ᠭᠠᠵᠠᠷ ᠢ ᠪᠠᠷᠢᠵᠠᠭᠠ᠃ ᠶᠣᠬᠣᠸᠠ ᠶᠢᠨ ᠭᠡᠷ᠎ᠡ ᠶᠢᠨ ᠠᠪᠳᠠᠷ᠎ᠠ ᠪᠣᠯᠣᠨ ᠪᠤᠷᠬᠠᠨ ᠤ ᠠᠷᠢᠭᠤᠨ ᠰᠠᠪᠠ ᠬᠡᠷᠡᠭᠰᠡᠯ ᠤᠳ ᠢ ᠠᠪᠴᠢᠷᠠᠵᠤ᠂ ᠶᠣᠬᠣᠸᠠ ᠶᠢᠨ ᠠᠯᠳᠠᠷ ᠤᠨ ᠲᠥᠯᠥᠭᠡ ᠪᠠᠷᠢᠬᠤ ᠥᠷᠭᠥᠭᠡᠨ ᠳᠦ ᠣᠷᠣᠭᠤᠯᠤᠭᠲᠤᠨ》 ᠭᠡᠪᠡ᠃