ᠱᠠᠰᠲᠢᠷ ᠤᠨ ᠳᠡᠭᠡᠳᠦ ᠠᠷᠪᠠᠨ ᠨᠢᠭᠡ
ᠳ᠋ᠠᠸᠢᠳ᠋ ᠬᠠᠭᠠᠨ ᠪᠣᠯᠪᠠ
1 ᠪᠦᠬᠦ ᠢᠰᠷᠧᠯ ᠾᠧᠪᠷᠣᠨ ᠳᠤ ᠴᠤᠭᠯᠠᠨ ᠢᠷᠡᠵᠦ᠂ ᠳ᠋ᠠᠸᠢᠳ᠋ ᠲᠤ᠄ 《ᠬᠠᠷ᠎ᠠ᠂ ᠪᠢᠳᠡ ᠲᠠᠨ ᠤ ᠶᠠᠰᠤ ᠮᠢᠬᠠᠨ ᠤ ᠲᠠᠰᠤᠷᠬᠠᠢ ᠪᠢᠯᠡ᠃ 2 ᠤᠷᠢᠳᠤ ᠰᠠᠦ᠋ᠯ ᠬᠠᠭᠠᠨ ᠪᠠᠢᠬᠤ ᠦᠶ᠎ᠡ ᠳᠦ ᠴᠤ ᠢᠰᠷᠧᠯ ᠤᠨ ᠴᠡᠷᠢᠭ ᠢ ᠤᠳᠤᠷᠢᠳᠤᠨ ᠭᠠᠷᠭᠠᠵᠤ ᠪᠤᠴᠠᠭᠠᠳᠠᠭ ᠨᠢ ᠲᠠ ᠪᠠᠢᠭᠰᠠᠨ᠃ ᠲᠠᠨ ᠤ ᠪᠤᠷᠬᠠᠨ ᠶᠣᠬᠣᠸᠠ ᠴᠤ ᠲᠠᠨ ᠳᠤ ᠠᠢᠯᠠᠳᠤᠨ᠄ 〈ᠮᠢᠨᠦ ᠠᠷᠠᠳ ᠲᠦᠮᠡᠨ ᠢᠰᠷᠧᠯ ᠢ ᠬᠠᠷᠢᠭᠤᠯᠬᠤ ᠬᠣᠨᠢᠴᠢᠨ ᠪᠣᠯ ᠴᠢ ᠮᠥᠨ᠂ ᠮᠢᠨᠦ ᠠᠷᠠᠳ ᠲᠦᠮᠡᠨ ᠢᠰᠷᠧᠯ ᠤᠨ ᠳᠡᠭᠡᠷ᠎ᠡ ᠴᠢ ᠤᠳᠤᠷᠢᠳᠤᠭᠴᠢ ᠪᠣᠯᠣᠨ᠎ᠠ〉 ᠬᠡᠮᠡᠨ ᠠᠢᠯᠠᠳᠤᠭᠰᠠᠨ》 ᠭᠡᠵᠦ ᠬᠡᠯᠡᠵᠡᠭᠡᠪᠡ᠃ 3 ᠲᠡᠢᠨ ᠬᠦ ᠢᠰᠷᠧᠯ ᠤᠨ ᠠᠬᠠᠮᠠᠳ ᠤᠳ ᠪᠦᠭᠦᠳᠡᠭᠡᠷ ᠾᠧᠪᠷᠣᠨ ᠳᠠᠬᠢ ᠬᠠᠭᠠᠨ ᠳᠡᠭᠡᠷ᠎ᠡ ᠢᠷᠡᠬᠦ ᠳᠦ᠂ ᠳ᠋ᠠᠸᠢᠳ᠋ ᠾᠧᠪᠷᠣᠨ ᠳᠤ ᠶᠣᠬᠣᠸᠠ ᠶᠢᠨ ᠡᠮᠦᠨ᠎ᠡ ᠲᠡᠳᠡᠨ ᠲᠡᠢ ᠭᠡᠷ᠎ᠡ ᠪᠠᠢᠭᠤᠯᠪᠠ᠃ ᠲᠡᠳᠡ ᠳ᠋ᠠᠸᠢᠳ᠋ ᠢ ᠲᠣᠰᠣᠯᠠᠨ ᠢᠰᠷᠧᠯ ᠤᠨ ᠬᠠᠭᠠᠨ ᠪᠣᠯᠭᠠᠭᠰᠠᠨ ᠳᠤ᠂ ᠶᠣᠬᠣᠸᠠ ᠶᠢᠨ ᠰᠠᠮᠦ᠋ᠶᠧᠯ ᠢᠶᠠᠷ ᠬᠡᠯᠡᠭᠦᠯᠦᠭᠰᠡᠨ ᠦᠭᠡ ᠪᠡᠶᠡᠯᠡᠭᠳᠡᠵᠡᠢ᠃
ᠶᠧᠷᠦ᠋ᠰᠠᠯᠧᠮ ᠢ ᠡᠵᠡᠯᠡᠪᠡ
4 ᠳ᠋ᠠᠸᠢᠳ᠋ ᠪᠦᠬᠦ ᠢᠰᠷᠧᠯ ᠲᠠᠢ ᠬᠠᠮᠲᠤ ᠶᠧᠷᠦ᠋ᠰᠠᠯᠧᠮ ᠪᠤᠶᠤ ᠶᠧᠪᠦ᠋ᠰ ᠤᠷᠤᠭᠤ ᠬᠥᠳᠡᠯᠪᠡ᠃ ᠲᠡᠷᠡ ᠨᠤᠲᠤᠭ ᠲᠤ ᠶᠧᠪᠦ᠋ᠰᠴᠦᠳ ᠰᠠᠭᠤᠵᠤ ᠪᠠᠢᠪᠠ᠃ 5 ᠶᠧᠪᠦ᠋ᠰᠴᠦᠳ ᠳ᠋ᠠᠸᠢᠳ᠋ ᠲᠤ᠄ 《ᠴᠢ ᠡᠰᠢ ᠪᠠᠨ ᠣᠷᠣᠵᠤ ᠢᠷᠡᠵᠦ ᠴᠢᠳᠠᠬᠤ ᠦᠭᠡᠢ︕》 ᠭᠡᠰᠡᠨ ᠪᠣᠯᠪᠠᠴᠤ ᠳ᠋ᠠᠸᠢᠳ᠋ ᠽᠢᠶᠣᠨ ᠴᠠᠢᠵᠠ ᠶᠢ ᠡᠵᠡᠯᠡᠨ ᠠᠪᠤᠭᠰᠠᠨ ᠪᠥᠭᠡᠳ ᠲᠡᠷᠡ ᠨᠢ ᠳ᠋ᠠᠸᠢᠳ᠋ ᠤᠨ ᠬᠣᠲᠠ ᠪᠣᠯᠪᠠ᠃ 6 ᠳ᠋ᠠᠸᠢᠳ᠋᠄ 《ᠬᠡᠨ ᠴᠤ ᠪᠠᠢ᠂ ᠬᠠᠮᠤᠭ ᠤᠨ ᠲᠦᠷᠦᠭᠦᠨ ᠳᠦ ᠶᠧᠪᠦ᠋ᠰᠴᠦᠳ ᠢ ᠳᠣᠪᠲᠣᠯᠬᠤ ᠬᠥᠮᠦᠨ ᠨᠢ ᠲᠡᠷᠢᠭᠦᠨ ᠨᠣᠶᠠᠨ ᠪᠣᠯᠣᠨ᠎ᠠ》 ᠭᠡᠬᠦ ᠳᠦ᠂ ᠽᠧᠷᠣᠢᠶ᠎ᠠ ᠶᠢᠨ ᠬᠦᠦ ᠶᠣᠶᠠᠪ ᠬᠠᠮᠤᠭ ᠤᠨ ᠲᠦᠷᠦᠭᠦᠨ ᠳᠦ ᠳᠡᠭᠡᠭᠰᠢ ᠭᠠᠷᠴᠤ ᠲᠡᠷᠢᠭᠦᠨ ᠪᠣᠯᠪᠠ᠃ 7 ᠳ᠋ᠠᠸᠢᠳ᠋ ᠲᠡᠷᠡ ᠴᠠᠢᠵᠠ ᠳᠤ ᠰᠠᠭᠤᠷᠢᠰᠢᠭᠰᠠᠨ ᠢᠶᠠᠷ ᠲᠡᠷᠡ ᠨᠢ ᠳ᠋ᠠᠸᠢᠳ᠋ ᠤᠨ ᠬᠣᠲᠠ ᠭᠡᠵᠦ ᠨᠡᠷᠡᠯᠡᠭᠳᠡᠪᠡ᠃ 8 ᠳ᠋ᠠᠸᠢᠳ᠋ ᠮᠢᠯᠣ᠋ ᠡᠴᠡ ᠡᠬᠢᠯᠡᠨ ᠪᠦᠬᠦ ᠬᠣᠲᠠ ᠶᠢᠨ ᠲᠣᠭᠣᠷᠢᠨ ᠳᠠᠬᠢ ᠶᠢ ᠪᠠᠷᠢᠵᠤ᠂ ᠬᠣᠲᠠ ᠶᠢᠨ ᠪᠤᠰᠤᠳ ᠬᠡᠰᠡᠭ ᠢ ᠶᠣᠶᠠᠪ ᠰᠡᠷᠭᠦᠭᠡᠨ ᠪᠣᠰᠬᠠᠪᠠ᠃ 9 ᠠᠤᠭ᠎ᠠ ᠬᠦᠴᠦᠲᠦ ᠶᠣᠬᠣᠸᠠ ᠥᠪᠡᠷ ᠲᠡᠢ ᠨᠢ ᠬᠠᠮᠲᠤ ᠪᠠᠢᠭᠰᠠᠨ ᠲᠤᠯᠠ ᠳ᠋ᠠᠸᠢᠳ᠋ ᠤᠯᠠᠮ ᠤᠯᠠᠮ ᠬᠦᠴᠦᠷᠬᠡᠭ ᠪᠣᠯᠵᠤ ᠪᠠᠢᠪᠠ᠃
ᠳ᠋ᠠᠸᠢᠳ᠋ ᠤᠨ ᠳᠠᠢᠴᠢᠳ
10 ᠳ᠋ᠠᠸᠢᠳ᠋ ᠲᠠᠢ ᠪᠠᠢᠭᠰᠠᠨ ᠳᠠᠢᠴᠢᠳ ᠤᠨ ᠲᠣᠯᠣᠭᠠᠢᠯᠠᠭᠴᠢᠳ᠂ ᠲᠤᠬᠠᠢᠯᠠᠪᠠᠯ ᠢᠰᠷᠧᠯ ᠤᠨ ᠲᠤᠬᠠᠢ ᠶᠣᠬᠣᠸᠠ ᠶᠢᠨ ᠬᠡᠯᠡᠭᠰᠡᠨ ᠶᠣᠰᠣᠭᠠᠷ ᠳ᠋ᠠᠸᠢᠳ᠋ ᠢ ᠪᠦᠬᠦ ᠢᠰᠷᠧᠯ ᠤᠨ ᠬᠠᠭᠠᠨ ᠪᠣᠯᠲᠠᠯ᠎ᠠ ᠲᠡᠭᠦᠨ ᠦ ᠬᠠᠭᠠᠨᠴᠢᠯᠠᠯ ᠢ ᠪᠡᠶᠡᠯᠡᠭᠦᠯᠬᠦ ᠶᠢᠨ ᠲᠤᠯᠠᠳᠠ ᠬᠦᠴᠦ ᠪᠡᠨ ᠨᠡᠢᠯᠡᠭᠦᠯᠦᠭᠰᠡᠨ 11 ᠳ᠋ᠠᠸᠢᠳ᠋ ᠲᠠᠢ ᠪᠠᠢᠭᠰᠠᠨ ᠪᠠᠭᠠᠲᠤᠷ ᠤᠳ ᠤᠨ ᠨᠡᠷᠡᠰ᠄ ᠭᠤᠴᠢᠨ ᠳᠠᠢᠴᠢᠳ ᠤᠨ ᠲᠡᠷᠢᠭᠦᠨ ᠨᠢ ᠬᠠᠺᠮᠣᠨ ᠬᠥᠮᠦᠨ ᠶᠠᠱᠣᠪᠧᠶᠠᠮ᠂ ᠲᠡᠷᠡ ᠪᠡᠷ ᠵᠢᠳᠠ ᠪᠠᠨ ᠳᠠᠯᠠᠢᠵᠤ ᠨᠢᠭᠡ ᠯᠠ ᠤᠳᠠᠭ᠎ᠠ ᠭᠤᠷᠪᠠᠨ ᠵᠠᠭᠤᠨ ᠬᠥᠮᠦᠨ ᠢ ᠰᠥᠨᠥᠭᠡᠭᠰᠡᠨ ᠶᠤᠮ᠃
12 ᠳᠠᠷᠠᠭᠠᠬᠢ ᠨᠢ ᠠᠬᠣᠾ ᠬᠥᠮᠦᠨ ᠳ᠋ᠣᠳᠣ᠋ ᠶᠢᠨ ᠬᠥᠪᠡᠭᠦᠨ ᠡᠯᠧᠶᠠᠽᠠᠷ᠂ ᠲᠡᠷᠡ ᠴᠤ ᠭᠤᠷᠪᠠᠨ ᠪᠠᠭᠠᠲᠤᠷ ᠤᠨ ᠨᠢᠭᠡ ᠪᠢᠯᠡ᠃ 13 ᠹᠢᠯᠢᠰᠲ᠋ᠴᠦᠳ ᠫᠠᠰᠳᠠᠮᠢᠮ ᠳᠤ ᠲᠤᠯᠤᠯᠳᠤᠬᠤ ᠪᠠᠷ ᠴᠤᠭᠯᠠᠷᠠᠬᠤ ᠦᠶ᠎ᠡ ᠳᠦ᠂ ᠲᠡᠷᠡ ᠲᠡᠨᠳᠡ ᠳ᠋ᠠᠸᠢᠳ᠋ ᠲᠠᠢ ᠬᠠᠮᠲᠤ ᠪᠠᠢᠭᠰᠠᠨ᠃ ᠲᠡᠨᠳᠡ ᠠᠷᠪᠠᠢ ᠶᠡᠬᠡ ᠲᠠᠷᠢᠭᠰᠠᠨ ᠲᠠᠯᠠᠪᠠᠢ ᠪᠠᠢᠪᠠ᠃ ᠢᠰᠷᠧᠯᠴᠦᠳ ᠹᠢᠯᠢᠰᠲ᠋ᠴᠦᠳ ᠡᠴᠡ ᠳᠤᠲᠠᠭᠠᠬᠤ ᠳᠤ᠂ 14 ᠲᠡᠷᠡ ᠳ᠋ᠠᠸᠢᠳ᠋ ᠲᠠᠢ ᠬᠠᠮᠲᠤ ᠲᠠᠯᠠᠪᠠᠢ ᠶᠢᠨ ᠭᠣᠣᠯ ᠳᠤᠮᠳᠠ ᠵᠣᠭᠰᠣᠵᠤ ᠹᠢᠯᠢᠰᠲ᠋ᠴᠦᠳ ᠢ ᠴᠣᠬᠢᠵᠤ ᠲᠡᠷᠡ ᠭᠠᠵᠠᠷ ᠢ ᠬᠠᠮᠠᠭᠠᠯᠠᠪᠠ᠃ ᠡᠢᠨ ᠬᠦ ᠶᠣᠬᠣᠸᠠ ᠦᠯᠡᠮᠵᠢ ᠶᠡᠬᠡ ᠢᠯᠠᠯᠲᠠ ᠶᠢ ᠰᠣᠶᠣᠷᠬᠠᠵᠠᠢ᠃
15 ᠹᠢᠯᠢᠰᠲ ᠤᠨ ᠶᠡᠬᠡ ᠴᠡᠷᠢᠭ ᠷᠧᠹᠠᠢᠮ ᠤᠨ ᠬᠥᠨᠳᠡᠢ ᠳᠦ ᠬᠤᠸᠠᠷᠠᠩᠨᠠᠨ ᠪᠠᠢᠬᠤ ᠦᠶ᠎ᠡ ᠳᠦ᠂ ᠭᠤᠴᠢᠨ ᠳᠠᠢᠴᠢᠳ ᠤᠨ ᠭᠤᠷᠪᠠ ᠨᠢ ᠳ᠋ᠠᠸᠢᠳ᠋ ᠢ ᠬᠠᠢᠨ ᠬᠠᠳᠠᠨ ᠳᠤ ᠪᠤᠢ ᠠᠳᠦ᠋ᠯᠠᠮ ᠠᠭᠤᠢ ᠳᠤ ᠢᠷᠡᠪᠡ᠃ 16 ᠲᠡᠷᠡ ᠦᠶ᠎ᠡ ᠳᠦ ᠳ᠋ᠠᠸᠢᠳ᠋ ᠪᠡᠬᠢᠯᠡᠯᠲᠡ ᠳᠡᠭᠡᠨ ᠪᠠᠢᠵᠤ᠂ ᠹᠢᠯᠢᠰᠲ᠋ᠴᠦᠳ ᠦᠨ ᠴᠡᠷᠢᠭ ᠠᠩ᠋ᠬᠢ ᠪᠧᠲ᠋ᠯᠧᠾᠧᠮ ᠳᠤ ᠪᠠᠢᠵᠠᠢ᠃ 17 ᠳ᠋ᠠᠸᠢᠳ᠋ ᠨᠤᠲᠤᠭ ᠢᠶᠠᠨ ᠰᠠᠨᠠᠵᠤ᠄ 《ᠬᠡᠨ ᠨᠢᠭᠡ ᠨᠢ ᠪᠧᠲ᠋ᠯᠧᠾᠧᠮ ᠤᠨ ᠬᠠᠭᠠᠯᠭᠠᠨ ᠳᠠᠬᠢ ᠬᠤᠳᠳᠤᠭ ᠠᠴᠠ ᠨᠠᠳᠠ ᠳᠤ ᠤᠤᠭᠤᠬᠤ ᠤᠰᠤ ᠠᠪᠴᠢᠷᠠᠵᠤ ᠥᠭᠳᠡᠭ ᠴᠤ ᠪᠣᠯᠣᠭᠠᠰᠠᠢ》 ᠭᠡᠬᠦ ᠳᠦ᠂ 18 ᠲᠡᠷᠡ ᠭᠤᠷᠪᠠ ᠹᠢᠯᠢᠰᠲ᠋ᠴᠦᠳ ᠦᠨ ᠬᠤᠸᠠᠷᠠᠨ ᠢ ᠰᠢᠪᠲᠤᠯᠤᠨ ᠭᠠᠷᠴᠤ᠂ ᠪᠧᠲ᠋ᠯᠧᠾᠧᠮ ᠤᠨ ᠬᠠᠭᠠᠯᠭᠠᠨ ᠳᠠᠬᠢ ᠬᠤᠳᠳᠤᠭ ᠠᠴᠠ ᠤᠰᠤ ᠤᠳᠬᠤᠨ ᠳ᠋ᠠᠸᠢᠳ᠋ ᠲᠤ ᠠᠪᠴᠢᠷᠠᠭᠰᠠᠨ ᠪᠠᠢᠯ᠎ᠠ᠃ ᠬᠠᠷᠢᠨ ᠳ᠋ᠠᠸᠢᠳ᠋ ᠲᠡᠭᠦᠨ ᠡᠴᠡ ᠤᠤᠭᠤᠯ ᠦᠭᠡᠢ᠂ ᠶᠣᠬᠣᠸᠠ ᠶᠢᠨ ᠡᠮᠦᠨ᠎ᠡ ᠠᠰᠬᠠᠵᠤ᠄ 19 《ᠡᠳᠡᠭᠡᠷ ᠢ ᠦᠢᠯᠡᠳᠬᠦ ᠨᠢ ᠮᠢᠨᠦ ᠪᠤᠷᠬᠠᠨ ᠤ ᠡᠮᠦᠨ᠎ᠡ ᠨᠠᠳᠠ ᠠᠴᠠ ᠬᠣᠯᠠ ᠪᠠᠢᠭ᠃ ᠲᠡᠳᠡ ᠠᠮᠢ ᠪᠠᠨ ᠴᠥᠯᠡᠵᠦ ᠠᠪᠴᠢᠷᠠᠭᠰᠠᠨ ᠪᠠᠢᠬᠤ ᠳᠤ᠂ ᠪᠢ ᠡᠨᠡ ᠬᠥᠮᠦᠰ ᠦᠨ ᠠᠮᠢ ᠪᠦᠬᠦᠢ ᠴᠢᠰᠤ ᠶᠢ ᠤᠤᠭᠤᠨ᠎ᠠ ᠭᠡᠵᠢ ᠤᠤ︖》 ᠭᠡᠳ ᠤᠤᠭᠤᠬᠤ ᠦᠭᠡᠢ ᠪᠠᠢᠯ᠎ᠠ᠃ ᠡᠨᠡ ᠭᠤᠷᠪᠠᠨ ᠪᠠᠭᠠᠲᠤᠷ ᠤᠨ ᠦᠢᠯᠡ ᠶᠠᠪᠤᠳᠠᠯ ᠡᠢᠮᠦ ᠪᠠᠢᠯ᠎ᠠ᠃
20 ᠲᠡᠷᠡ ᠭᠤᠷᠪᠠᠨ ᠪᠠᠭᠠᠲᠤᠷ ᠤᠨ ᠲᠡᠷᠢᠭᠦᠨ ᠨᠢ ᠶᠣᠶᠠᠪ ᠤᠨ ᠳᠡᠭᠦᠦ ᠠᠪᠢᠱᠠᠢ ᠪᠢᠯᠡ᠃ ᠲᠡᠷᠡ ᠪᠡᠷ ᠵᠢᠳᠠ ᠪᠠᠨ ᠳᠠᠯᠠᠢᠵᠤ ᠭᠤᠷᠪᠠᠨ ᠵᠠᠭᠤᠨ ᠬᠥᠮᠦᠨ ᠢ ᠠᠯᠠᠭᠰᠠᠨ ᠪᠠ ᠨᠥᠭᠥᠭᠡ ᠭᠤᠷᠪᠠ ᠰᠢᠭ᠋ ᠠᠯᠳᠠᠷ ᠲᠠᠢ ᠪᠠᠢᠪᠠ᠃ 21 ᠲᠡᠷᠡ ᠪᠡᠷ ᠨᠥᠭᠥᠭᠡ ᠭᠤᠷᠪᠠ ᠠᠴᠠ ᠳᠠᠬᠢᠨ ᠢᠯᠡᠭᠦᠦ ᠨᠡᠷ᠎ᠡ ᠬᠦᠨᠳᠦᠲᠡᠢ ᠪᠠᠢᠵᠤ᠂ ᠲᠡᠳᠡᠨ ᠦ ᠤᠳᠤᠷᠢᠳᠤᠭᠴᠢ ᠪᠣᠯᠣᠭᠰᠠᠨ ᠪᠣᠯᠪᠠᠴᠤ ᠨᠥᠭᠥᠭᠡ ᠭᠤᠷᠪᠠᠨ ᠪᠠᠭᠠᠲᠤᠷ ᠤᠨ ᠲᠣᠭᠠᠨ ᠳᠤ ᠣᠷᠣᠭᠰᠠᠨ ᠦᠭᠡᠢ ᠪᠠᠢᠪᠠ᠃
22 ᠺᠠᠪᠽᠧᠯ ᠤᠨ ᠬᠥᠮᠦᠨ ᠶᠧᠬᠣᠷᠠᠢᠳᠠ ᠶᠢᠨ ᠬᠥᠪᠡᠭᠦᠨ ᠪᠧᠨᠠᠢᠶ᠎ᠠ ᠶᠡᠬᠡ ᠭᠠᠪᠢᠶ᠎ᠠ ᠲᠠᠢ ᠬᠦᠴᠦᠲᠦ ᠡᠷ᠎ᠡ ᠪᠠᠢᠯ᠎ᠠ᠃ ᠲᠡᠷᠡ ᠮᠣᠶᠠᠪ ᠤᠨ ᠠᠷᠰᠯᠠᠨ ᠮᠡᠲᠦ ᠬᠣᠶᠠᠷ ᠪᠠᠭᠠᠲᠤᠷ ᠢ ᠠᠯᠠᠭᠰᠠᠨ ᠪᠥᠭᠡᠳ ᠨᠢᠭᠡᠨ ᠴᠠᠰᠤ ᠲᠠᠢ ᠡᠳᠦᠷ ᠨᠦᠬᠡᠨ ᠳᠦ ᠣᠷᠣᠵᠤ ᠠᠷᠰᠯᠠᠨ ᠢ ᠠᠯᠠᠭᠰᠠᠨ ᠠᠵᠢ᠃ 23 ᠶᠧᠵᠢᠫᠲ ᠤᠨ ᠲᠠᠪᠤᠨ ᠲᠣᠬᠣᠢ ᠥᠨᠳᠥᠷ ᠪᠡᠶᠡᠲᠦ ᠬᠥᠮᠦᠨ ᠢ ᠴᠤ ᠲᠡᠷᠡ ᠠᠯᠠᠭᠰᠠᠨ ᠪᠢᠯᠡ᠃ ᠥᠨᠥᠬᠢ ᠶᠧᠵᠢᠫᠲ ᠬᠥᠮᠦᠨ ᠭᠠᠷ ᠲᠠᠭᠠᠨ ᠡᠭᠡᠷᠡᠦᠯ ᠦᠨ ᠲᠡᠩᠬᠡᠯᠢᠭ ᠮᠡᠲᠦ ᠪᠦᠳᠦᠭᠦᠨ ᠵᠢᠳᠠ ᠲᠠᠢ ᠠᠲᠠᠯ᠎ᠠ ᠪᠧᠨᠠᠢᠶ᠎ᠠ ᠰᠢᠯᠪᠢᠭᠦᠷ ᠯᠠ ᠠᠳᠬᠤᠵᠤ ᠲᠡᠭᠦᠨ ᠤᠷᠤᠭᠤ ᠳᠠᠭᠠᠷᠢᠨ ᠭᠠᠷ ᠠᠴᠠ ᠨᠢ ᠵᠢᠳᠠ ᠶᠢ ᠨᠢ ᠪᠤᠯᠢᠶᠠᠵᠤ᠂ ᠲᠡᠷᠡ ᠵᠢᠳᠠ ᠪᠠᠷ ᠲᠡᠭᠦᠨ ᠢ ᠲᠣᠨᠢᠯᠭᠠᠭᠰᠠᠨ ᠶᠤᠮ᠃ 24 ᠶᠧᠬᠣᠷᠠᠢᠳᠠ ᠶᠢᠨ ᠬᠥᠪᠡᠭᠦᠨ ᠪᠧᠨᠠᠢᠶ᠎ᠠ ᠡᠳᠡᠭᠡᠷ ᠢ ᠦᠢᠯᠡᠳᠦᠭᠰᠡᠨ ᠪᠠ ᠨᠥᠭᠥᠭᠡ ᠭᠤᠷᠪᠠᠨ ᠪᠠᠭᠠᠲᠤᠷ ᠰᠢᠭ᠋ ᠠᠯᠳᠠᠷ ᠲᠠᠢ ᠪᠠᠢᠪᠠ᠃ 25 ᠲᠡᠷᠡ ᠪᠡᠷ ᠥᠨᠥᠬᠢ ᠭᠤᠴᠢ ᠡᠴᠡ ᠢᠯᠡᠭᠦᠦ ᠨᠡᠷ᠎ᠡ ᠬᠦᠨᠳᠦᠲᠡᠢ ᠪᠣᠯᠪᠠᠴᠤ ᠨᠥᠭᠥᠭᠡ ᠭᠤᠷᠪᠠ ᠶᠢᠨ ᠲᠣᠭᠠᠨ ᠳᠤ ᠣᠷᠣᠭᠰᠠᠨ ᠦᠭᠡᠢ᠃ ᠳ᠋ᠠᠸᠢᠳ᠋ ᠲᠡᠭᠦᠨ ᠢ ᠥᠪᠡᠷ ᠦᠨ ᠢᠶᠠᠨ ᠰᠢᠳᠠᠷ ᠬᠠᠮᠠᠭᠠᠯᠠᠭᠴᠢ ᠶᠢᠨ ᠲᠡᠷᠢᠭᠦᠨ ᠢᠶᠡᠷ ᠲᠣᠮᠢᠯᠠᠵᠠᠢ᠃
26 ᠶᠡᠬᠡ ᠴᠡᠷᠢᠭ ᠤᠨ ᠪᠠᠭᠠᠲᠤᠷ ᠤᠳ᠄ ᠶᠣᠶᠠᠪ ᠤᠨ ᠳᠡᠭᠦᠦ ᠠᠰᠠᠾᠧᠯ᠂ ᠪᠧᠲ᠋ᠯᠧᠾᠧᠮ ᠬᠥᠮᠦᠨ ᠳ᠋ᠣᠳᠣ᠋ ᠶᠢᠨ ᠬᠦᠦ ᠡᠯᠬᠠᠨᠠᠨ᠂ 27 ᠬᠠᠷᠣᠷ ᠬᠥᠮᠦᠨ ᠱᠠᠮᠣᠲ᠂ ᠫᠧᠯᠣᠨ ᠬᠥᠮᠦᠨ ᠾᠧᠯᠧᠽ᠂ 28 ᠲᠧᠺᠣ ᠬᠥᠮᠦᠨ ᠢᠺᠧᠱ ᠤᠨ ᠬᠦᠦ ᠢᠷ᠎ᠠ᠂ ᠠᠨᠠᠲ᠋ᠣᠲ ᠬᠥᠮᠦᠨ ᠠᠪᠢᠶᠧᠽᠧᠷ᠂ 29 ᠾᠦᠱᠠᠲ ᠬᠥᠮᠦᠨ ᠰᠢᠪᠧᠺᠠᠢ᠂ ᠠᠬᠣᠾᠢ ᠬᠥᠮᠦᠨ ᠢᠯᠠᠢ᠂ 30 ᠨᠧᠲ᠋ᠣᠹᠠ ᠬᠥᠮᠦᠨ ᠮᠠᠬᠠᠷᠠᠢ᠂ ᠨᠧᠲ᠋ᠣᠹᠠ ᠬᠥᠮᠦᠨ ᠪᠠᠨ᠎ᠠ ᠶᠢᠨ ᠬᠦᠦ ᠾᠧᠯᠧᠳ᠋᠂ 31 ᠪᠢᠨᠶᠠᠮᠢᠨ ᠳᠠᠬᠢ ᠭᠢᠪᠧᠶ᠎ᠠ ᠬᠥᠮᠦᠨ ᠷᠢᠪᠠᠢ ᠶᠢᠨ ᠬᠦᠦ ᠢᠲ᠋ᠠᠢ᠂ ᠫᠢᠷᠠᠲ᠋ᠣᠨ ᠬᠥᠮᠦᠨ ᠪᠧᠨᠠᠢᠶ᠎ᠠ᠂ 32 ᠭᠠᠱ ᠭᠣᠷᠣᠬᠠᠨ ᠤ ᠬᠥᠮᠦᠨ ᠾᠦᠷᠠᠢ᠂ ᠠᠷᠪᠠ ᠬᠥᠮᠦᠨ ᠠᠪᠢᠶᠧᠯ᠂ 33 ᠪᠠᠬᠠᠷᠦ᠋ᠮ ᠬᠥᠮᠦᠨ ᠠᠽᠮᠠᠸᠧᠲ᠂ ᠱᠠᠯᠪᠣᠨ ᠬᠥᠮᠦᠨ ᠡᠯᠢᠶᠠᠪᠠ᠂ 34 ᠭᠢᠽᠣᠨ ᠬᠥᠮᠦᠨ ᠬᠠᠱᠧᠮ ᠤᠨ ᠬᠡᠦᠬᠡᠳ ᠤᠳ᠂ ᠬᠠᠷᠠᠷ ᠬᠥᠮᠦᠨ ᠱᠠᠭᠧ ᠶᠢᠨ ᠬᠦᠦ ᠶᠣᠨᠠᠲ᠋ᠠᠨ᠂ 35 ᠬᠠᠷᠠᠷ ᠬᠥᠮᠦᠨ ᠰᠠᠺᠠᠷ ᠤᠨ ᠬᠦᠦ ᠠᠾᠢᠶᠠᠮ᠂ ᠦᠦᠷ ᠦᠨ ᠬᠦᠦ ᠡᠯᠢᠹᠠᠯ᠂ 36 ᠮᠧᠺᠧᠷᠠ ᠬᠥᠮᠦᠨ ᠾᠧᠹᠧᠷ᠂ ᠫᠧᠯᠣᠨ ᠬᠥᠮᠦᠨ ᠠᠾᠢᠶᠠ᠂ 37 ᠺᠠᠷᠮᠧᠯ ᠬᠥᠮᠦᠨ ᠾᠧᠽᠷᠣ᠋᠂ ᠡᠽᠪᠠᠢ ᠶᠢᠨ ᠬᠦᠦ ᠨᠠᠷᠠᠢ᠂ 38 ᠨᠠᠲ᠋ᠠᠨ ᠤ ᠳᠡᠭᠦᠦ ᠶᠣᠶᠧᠯ᠂ ᠬᠠᠭᠷᠢ ᠶᠢᠨ ᠬᠦᠦ ᠮᠢᠪᠬᠠᠷ᠂ 39 ᠠᠮᠣᠨ ᠬᠥᠮᠦᠨ ᠽᠧᠯᠧᠺ᠂ ᠽᠧᠷᠣᠢᠶ᠎ᠠ ᠶᠢᠨ ᠬᠦᠦ ᠶᠣᠶᠠᠪ ᠤᠨ ᠵᠡᠪᠰᠡᠭ ᠪᠠᠷᠢᠭᠴᠢ ᠪᠧᠷᠣᠲ ᠬᠥᠮᠦᠨ ᠨᠠᠬᠠᠷᠠᠢ᠂ 40 ᠢᠲ᠋ᠷᠢ ᠬᠥᠮᠦᠨ ᠢᠷ᠎ᠠ᠂ ᠢᠲ᠋ᠷᠢ ᠬᠥᠮᠦᠨ ᠭᠠᠷᠧᠪ᠂ 41 ᠾᠢᠲ ᠬᠥᠮᠦᠨ ᠦᠦᠷᠢᠶ᠎ᠠ᠂ ᠠᠯᠠᠢ ᠶᠢᠨ ᠬᠦᠦ ᠽᠠᠪᠠᠳ᠋᠂ 42 ᠷᠧᠣᠪᠧᠨ ᠬᠥᠮᠦᠨ ᠱᠢᠽᠠ ᠶᠢᠨ ᠬᠦᠦ ᠷᠧᠣᠪᠧᠨᠴᠤᠳ ᠤᠨ ᠠᠬᠠᠯᠠᠭᠴᠢ ᠠᠳᠢᠨᠠ ᠪᠠ ᠲᠡᠭᠦᠨ ᠲᠡᠢ ᠬᠠᠮᠲᠤ ᠪᠠᠢᠭᠰᠠᠨ ᠭᠤᠴᠢᠨ ᠬᠥᠮᠦᠨ᠂ 43 ᠮᠠᠺᠠ ᠶᠢᠨ ᠬᠦᠦ ᠬᠠᠨᠠᠨ᠂ ᠮᠢᠲ᠋ᠨᠢ ᠬᠥᠮᠦᠨ ᠶᠣᠱᠠᠹᠠᠲ᠂ 44 ᠠᠱᠲ᠋ᠧᠷᠣᠲ ᠬᠥᠮᠦᠨ ᠦᠽᠢᠶ᠎ᠠ᠂ ᠠᠶᠣᠶᠧᠷ ᠬᠥᠮᠦᠨ ᠬᠣᠲ᠋ᠠᠮ ᠤᠨ ᠬᠥᠪᠡᠭᠦᠳ᠄ ᠱᠠᠮᠠ ᠪᠣᠯᠣᠨ ᠶᠧᠶᠧᠯ᠂ 45 ᠱᠢᠮᠷᠢ ᠶᠢᠨ ᠬᠦᠦ ᠶᠧᠳᠢᠶᠠᠶᠧᠯ᠂ ᠲᠡᠭᠦᠨ ᠦ ᠳᠡᠭᠦᠦ ᠲᠢᠽ ᠬᠥᠮᠦᠨ ᠶᠣᠬᠠ᠂ 46 ᠮᠠᠬᠠᠸᠠ ᠬᠥᠮᠦᠨ ᠡᠯᠢᠶᠧᠯ᠂ ᠡᠯᠨᠠᠮ ᠤᠨ ᠬᠥᠪᠡᠭᠦᠳ᠄ ᠶᠧᠷᠢᠪᠠᠢ ᠪᠣᠯᠣᠨ ᠶᠣᠱᠠᠸᠢᠶᠠ᠂ ᠮᠣᠶᠠᠪ ᠬᠥᠮᠦᠨ ᠢᠲ᠋ᠮᠠ᠂ 47 ᠡᠯᠢᠶᠧᠯ ᠪᠣᠯᠣᠨ ᠣᠪᠧᠳ᠋᠂ ᠮᠧᠽᠣᠪᠠ ᠬᠥᠮᠦᠨ ᠶᠠᠰᠢᠶᠧᠯ ᠨᠠᠷ ᠪᠢᠯᠡ᠃