1 2 3 4 5 6 7 8 9 10 11 12 13 14 15 16 17 18 19 20 21 22 23 24 25 26 27 28 29


ᠱᠠᠰᠲᠢᠷ ᠤᠨ ᠳᠡᠭᠡᠳᠦ ᠠᠷᠪᠠᠨ ᠭᠤᠷᠪᠠ
 ᠠᠪᠳᠠᠷ᠎ᠠ ᠶᠢ ᠠᠪᠴᠢᠷᠠᠬᠤ ᠣᠷᠣᠯᠳᠤᠯᠭ᠎ᠠ

1 ᠳ᠋ᠠᠸᠢᠳ᠋ ᠮᠢᠩ᠋ᠭᠠᠲᠤ᠂ ᠵᠠᠭᠤᠲᠤ ᠶᠢᠨ ᠳᠠᠷᠤᠭ᠎ᠠ ᠪᠤᠶᠤ ᠪᠦᠬᠦ ᠤᠳᠤᠷᠢᠳᠤᠭᠴᠢ ᠲᠠᠢ ᠵᠥᠪᠯᠡᠯᠳᠦᠭᠰᠡᠨ ᠦ ᠳᠠᠷᠠᠭ᠎ᠠ᠂ 2 ᠢᠰᠷᠧᠯ ᠤᠨ ᠪᠦᠬᠦ ᠴᠢᠭᠤᠯᠭᠠᠨ ᠳᠤ ᠬᠠᠨᠳᠤᠨ᠄ 《ᠬᠡᠷᠪᠡ ᠲᠠ ᠨᠠᠷ ᠲᠤ ᠰᠠᠢᠨ ᠰᠠᠨᠠᠭᠳᠠᠵᠤ᠂ ᠪᠢᠳᠡᠨ ᠦ ᠪᠤᠷᠬᠠᠨ ᠶᠣᠬᠣᠸᠠ ᠵᠥᠪᠰᠢᠶᠡᠷᠡᠬᠦ ᠶᠤᠮ ᠪᠣᠯ᠂ ᠢᠰᠷᠧᠯ ᠤᠨ ᠪᠦᠬᠦ ᠨᠤᠲᠤᠭ ᠳᠡᠪᠢᠰᠬᠡᠷ ᠲᠦ ᠪᠠᠢᠭ᠎ᠠ ᠪᠤᠰᠤᠳ ᠠᠬ᠎ᠠ ᠳᠡᠭᠦᠦᠰ ᠤᠷᠤᠭᠤ ᠪᠠᠨ᠂ ᠮᠥᠨ ᠲᠡᠳᠡᠨ ᠲᠡᠢ ᠬᠠᠮᠲᠤ ᠲᠡᠳᠡᠨ ᠦ ᠬᠣᠲᠠᠳ ᠪᠠ ᠬᠥᠳᠡᠭᠡ ᠳᠦ ᠰᠠᠭᠤᠳᠠᠭ ᠲᠠᠬᠢᠯᠴᠢᠳ ᠪᠣᠯᠣᠨ ᠯᠧᠸᠢᠴᠦᠳ ᠤᠷᠤᠭᠤ ᠬᠡᠯᠡ ᠶᠠᠪᠤᠭᠤᠯᠵᠤ᠂ ᠡ᠊ᠨᠳᠡ ᠴᠤᠭᠯᠠᠭᠤᠯᠤᠶ᠎ᠠ᠃ 3 ᠲᠡᠭᠡᠭᠡᠳ ᠪᠤᠷᠬᠠᠨ ᠤ ᠪᠠᠨ ᠠᠪᠳᠠᠷ᠎ᠠ ᠶᠢ ᠨᠠᠰᠢ ᠠᠪᠴᠢᠷᠠᠶ᠎ᠠ᠃ ᠰᠠᠦ᠋ᠯ ᠤᠨ ᠦᠶ᠎ᠡ ᠳᠦ ᠪᠢᠳᠡ ᠲᠡᠭᠦᠨ ᠦ ᠲᠠᠭᠠᠯᠠᠯ ᠢ ᠬᠠᠢᠳᠠᠭ ᠦᠭᠡᠢ ᠪᠠᠢᠭᠰᠠᠨ》 ᠭᠡᠰᠡᠨ ᠳᠦ᠂ 4 ᠪᠦᠬᠦ ᠴᠢᠭᠤᠯᠭᠠᠨ᠄ 《ᠲᠡᠭᠡᠶ᠎ᠡ》 ᠭᠡᠵᠦ ᠬᠠᠷᠢᠭᠤᠯᠪᠠ᠃ ᠪᠦᠬᠦ ᠠᠷᠠᠳ ᠲᠦᠮᠡᠨ ᠲᠡᠭᠦᠨ ᠦ ᠰᠠᠨᠠᠯ ᠢ ᠵᠥᠪ ᠭᠡᠵᠦ ᠦᠵᠡᠪᠡ᠃

5 ᠢᠩᠭᠢᠭᠡᠳ ᠺᠢᠷᠢᠶᠠᠲ ᠶᠧᠶᠠᠷᠢᠮ ᠠᠴᠠ ᠪᠤᠷᠬᠠᠨ ᠤ ᠠᠪᠳᠠᠷ᠎ᠠ ᠶᠢ ᠠᠪᠴᠢᠷᠠᠬᠤ ᠶᠢᠨ ᠲᠤᠯᠠᠳᠠ ᠳ᠋ᠠᠸᠢᠳ᠋ ᠶᠧᠵᠢᠫᠲ ᠤᠨ ᠰᠢᠬᠣᠷ ᠠᠴᠠ ᠯᠧᠪᠣᠬᠠᠮᠠᠲ ᠬᠦᠷᠲᠡᠯᠡᠬᠢ ᠪᠦᠬᠦ ᠢᠰᠷᠧᠯ ᠢ ᠴᠤᠭᠯᠠᠭᠤᠯᠪᠠ᠃ 6 ᠳ᠋ᠠᠸᠢᠳ᠋ ᠪᠦᠬᠦ ᠢᠰᠷᠧᠯ ᠲᠠᠢ ᠬᠠᠮᠲᠤ ᠶᠦᠳᠠ ᠶᠢᠨ ᠪᠠᠯ᠎ᠠ᠂ ᠲᠤᠬᠠᠢᠯᠠᠪᠠᠯ ᠺᠢᠷᠢᠶᠠᠲ ᠶᠧᠶᠠᠷᠢᠮ ᠳᠤ ᠣᠴᠢᠵᠤ᠂ ᠪᠤᠷᠬᠠᠨ ᠤ ᠠᠪᠳᠠᠷ᠎ᠠ᠂ ᠺᠧᠷᠣᠪ ᠤᠳ ᠤᠨ ᠳᠡᠭᠡᠷ᠎ᠡ ᠵᠠᠯᠠᠷᠠᠭᠴᠢ ᠶᠣᠬᠣᠸᠠ ᠶᠢᠨ ᠨᠡᠷ᠎ᠡ ᠪᠡᠷ ᠳᠠᠭᠤᠳᠠᠭᠳᠠᠳᠠᠭ ᠠᠪᠳᠠᠷ᠎ᠠ ᠶᠢ ᠲᠡᠨᠳᠡ ᠡᠴᠡ ᠠᠪᠴᠢᠷᠠᠬᠤ ᠪᠠᠷ ᠪᠣᠯᠪᠠ᠃ 7 ᠲᠡᠳᠡ ᠪᠤᠷᠬᠠᠨ ᠤ ᠠᠪᠳᠠᠷ᠎ᠠ ᠶᠢ ᠠᠪᠢᠨᠠᠳᠠᠪ ᠤᠨ ᠭᠡᠷ ᠡᠴᠡ ᠭᠠᠷᠭᠠᠵᠤ ᠰᠢᠨ᠎ᠡ ᠲᠡᠷᠭᠡᠨ ᠳᠦ ᠲᠡᠭᠡᠭᠡᠵᠦ ᠶᠠᠪᠤᠪᠠ᠃ ᠦᠽᠠ᠂ ᠠᠾᠢᠣ᠋ ᠨᠠᠷ ᠲᠡᠷᠭᠡ ᠭᠡᠯᠢᠵᠦ ᠪᠠᠢᠯ᠎ᠠ᠃ 8 ᠳ᠋ᠠᠸᠢᠳ᠋ ᠪᠣᠯᠣᠨ ᠪᠦᠬᠦ ᠢᠰᠷᠧᠯ ᠳᠠᠭᠤᠤ ᠳᠠᠭᠤᠯᠠᠨ᠂ ᠶᠠᠲᠤᠭ᠎ᠠ᠂ ᠬᠤᠭᠤᠷ᠂ ᠬᠡᠩᠭᠡᠷᠭᠡ᠂ ᠴᠠᠩ᠂ ᠪᠦᠷᠢᠶ᠎ᠡ ᠳᠤᠤᠭᠠᠷᠭᠠᠨ ᠪᠤᠷᠬᠠᠨ ᠤ ᠡᠮᠦᠨ᠎ᠡ ᠪᠦᠬᠦ ᠴᠢᠳᠠᠯ ᠢᠶᠠᠷ ᠢᠶᠠᠨ ᠬᠥᠭᠵᠢᠯᠳᠦᠵᠦ ᠪᠠᠢᠪᠠ᠃

9 ᠬᠠᠷᠢᠨ ᠲᠡᠳᠡ ᠺᠢᠳᠣᠨ ᠤ ᠦᠲᠦᠷᠮ᠎ᠡ ᠳᠦ ᠢᠷᠡᠲᠡᠯ᠎ᠡ᠂ ᠦᠬᠡᠷ ᠤᠳ ᠪᠦᠳᠦᠷᠢᠭᠰᠡᠨ ᠲᠤᠯᠠ ᠦᠽᠠ ᠭᠠᠷ ᠢᠶᠠᠨ ᠰᠤᠩ᠋ᠭᠠᠨ ᠲᠡᠭᠦᠨ ᠢ ᠪᠠᠷᠢᠵᠠᠢ᠃ 10 ᠲᠡᠭᠡᠲᠡᠯ᠎ᠡ ᠶᠣᠬᠣᠸᠠ ᠶᠢᠨ ᠬᠢᠯᠢᠩ ᠦᠽᠠ ᠶᠢᠨ ᠡᠰᠡᠷᠭᠦ ᠰᠢᠲᠠᠪᠠ᠃ ᠶᠣᠬᠣᠸᠠ ᠲᠡᠭᠦᠨ ᠢ ᠠᠪᠳᠠᠷ᠎ᠠ ᠳᠤ ᠭᠠᠷ ᠢᠶᠠᠨ ᠬᠦᠷᠭᠡᠭᠰᠡᠨ ᠦ ᠬᠢᠨᠢ ᠤᠯᠠᠮ ᠢᠶᠠᠷ ᠴᠣᠬᠢᠭᠰᠠᠨ ᠳᠤ᠂ ᠲᠡᠷᠡ ᠲᠡᠨᠳᠡ ᠪᠤᠷᠬᠠᠨ ᠤ ᠡᠮᠦᠨ᠎ᠡ ᠦᠬᠦᠪᠡ᠃ 11 ᠶᠣᠬᠣᠸᠠ ᠦᠽᠠ ᠤᠷᠤᠭᠤ ᠲᠡᠢᠨ ᠬᠦ ᠳᠠᠭᠠᠷᠢᠭᠰᠠᠨ ᠳᠤ᠂ ᠳ᠋ᠠᠸᠢᠳ᠋ ᠠᠭᠤᠷᠯᠠᠵᠠᠢ᠃ ᠡᠢᠮᠦ ᠡᠴᠡ ᠲᠡᠷᠡ ᠭᠠᠵᠠᠷ ᠥᠨᠥᠳᠥᠷ ᠪᠣᠯᠲᠠᠯ᠎ᠠ ᠫᠧᠷᠧᠽ ᠦᠽᠠ 6 ᠭᠡᠵᠦ ᠳᠠᠭᠤᠳᠠᠭᠳᠠᠭᠰᠠᠭᠠᠷ ᠪᠠᠢᠨ᠎ᠠ᠃ 12 ᠲᠡᠷᠡ ᠡᠳᠦᠷ ᠳ᠋ᠠᠸᠢᠳ᠋ ᠪᠤᠷᠬᠠᠨ ᠠᠴᠠ ᠠᠶᠤᠨ᠄ 《ᠪᠢ ᠪᠤᠷᠬᠠᠨ ᠤ ᠠᠪᠳᠠᠷ᠎ᠠ ᠶᠢ ᠨᠠᠰᠢ ᠠᠪᠴᠢᠷᠠᠵᠤ ᠪᠣᠯᠣᠨ᠎ᠠ ᠭᠡᠵᠢ ᠤᠤ︖》 ᠭᠡᠪᠡ᠃ 13 ᠲᠡᠭᠡᠭᠡᠳ ᠳ᠋ᠠᠸᠢᠳ᠋ ᠶᠣᠬᠣᠸᠠ ᠶᠢᠨ ᠠᠪᠳᠠᠷ᠎ᠠ ᠶᠢ ᠳ᠋ᠠᠸᠢᠳ᠋ ᠤᠨ ᠬᠣᠲᠠ ᠤᠷᠤᠭᠤ ᠪᠠᠨ ᠨᠡᠭᠦᠯᠭᠡᠯ ᠦᠭᠡᠢ᠂ ᠲᠡᠭᠦᠨ ᠢ ᠭᠢᠲ ᠬᠥᠮᠦᠨ ᠣᠪᠧᠳ᠋ ᠡᠳᠣᠮ ᠤᠨ ᠭᠡᠷ ᠲᠦ ᠰᠢᠯᠵᠢᠭᠦᠯᠪᠡ᠃ 14 ᠢᠩᠭᠢᠭᠡᠳ ᠪᠤᠷᠬᠠᠨ ᠤ ᠠᠪᠳᠠᠷ᠎ᠠ ᠣᠪᠧᠳ᠋ ᠡᠳᠣᠮ ᠤᠨ ᠭᠡᠷ ᠲᠦ᠂ ᠭᠡᠷ ᠪᠦᠯᠢ ᠶᠢᠨ ᠬᠢᠨ ᠲᠠᠢ ᠨᠢ ᠬᠠᠮᠲᠤ ᠭᠤᠷᠪᠠᠨ ᠰᠠᠷ᠎ᠠ ᠪᠠᠢᠭᠰᠠᠨ ᠪᠥᠭᠡᠳ ᠶᠣᠬᠣᠸᠠ ᠣᠪᠧᠳ᠋ ᠡᠳᠣᠮ ᠤᠨ ᠭᠡᠷ ᠪᠦᠯᠢ ᠶᠢ ᠪᠠᠢᠭᠰᠠᠨ ᠪᠦᠬᠦᠨ ᠦ ᠬᠢᠨᠢ ᠬᠠᠮᠲᠤ ᠢᠪᠡᠭᠡᠵᠡᠢ᠃