ᠱᠠᠰᠲᠢᠷ ᠤᠨ ᠳᠡᠭᠡᠳᠦ ᠠᠷᠪᠠᠨ ᠳᠣᠯᠣᠭ᠎ᠠ
ᠪᠤᠷᠬᠠᠨ ᠳ᠋ᠠᠸᠢᠳ᠋ ᠲᠠᠢ ᠭᠡᠷ᠎ᠡ ᠪᠠᠢᠭᠤᠯᠪᠠ
1 ᠳ᠋ᠠᠸᠢᠳ᠋ ᠥᠪᠡᠷ ᠦᠨ ᠢᠶᠠᠨ ᠭᠡᠷ ᠲᠦ ᠰᠠᠭᠤᠳᠠᠭ ᠪᠣᠯᠣᠭᠰᠠᠨ ᠤ ᠳᠠᠷᠠᠭ᠎ᠠ᠂ ᠡᠰᠢ ᠦᠵᠡᠭᠦᠯᠦᠭᠴᠢ ᠨᠠᠲ᠋ᠠᠨ ᠳᠤ᠄ 《ᠬᠠᠷ᠎ᠠ᠂ ᠪᠢ ᠬᠤᠱᠢ ᠮᠣᠳᠣᠨ ᠭᠡᠷ ᠲᠦ ᠰᠠᠭᠤᠵᠤ ᠪᠠᠢᠲᠠᠯ᠎ᠠ᠂ ᠶᠣᠬᠣᠸᠠ ᠶᠢᠨ ᠭᠡᠷ᠎ᠡ ᠶᠢᠨ ᠠᠪᠳᠠᠷ᠎ᠠ ᠮᠠᠢᠬᠠᠨ ᠤ ᠳᠣᠣᠷ᠎ᠠ 11 ᠪᠠᠢᠵᠤ ᠪᠠᠢᠨ᠎ᠠ》 ᠭᠡᠪᠡ᠃ 2 ᠨᠠᠲ᠋ᠠᠨ ᠳ᠋ᠠᠸᠢᠳ᠋ ᠲᠤ᠄ 《ᠪᠤᠷᠬᠠᠨ ᠲᠠᠨ ᠲᠠᠢ ᠬᠠᠮᠲᠤ ᠪᠠᠢᠨ᠎ᠠ᠂ ᠵᠢᠷᠦᠬᠡᠨ ᠳᠡᠭᠡᠨ ᠪᠠᠢᠭ᠎ᠠ ᠪᠦᠬᠦᠨ ᠢ ᠦᠢᠯᠡᠳᠦᠭᠲᠦᠨ》 ᠭᠡᠪᠡ᠃ 3 ᠲᠡᠷᠡ ᠰᠥᠨᠢ ᠪᠤᠷᠬᠠᠨ ᠤ ᠦᠭᠡ ᠨᠠᠲ᠋ᠠᠨ ᠳᠤ ᠢᠷᠡᠵᠦ᠄
4 《ᠮᠢᠨᠦ ᠵᠠᠷᠤᠴᠠ ᠳ᠋ᠠᠸᠢᠳ᠋ ᠲᠤ ᠣᠴᠢᠵᠤ ᠬᠡᠯᠡᠭᠲᠦᠨ᠄ 〈ᠶᠣᠬᠣᠸᠠ ᠡᠢᠨ ᠬᠦ ᠠᠢᠯᠠᠳᠴᠤ ᠪᠠᠢᠨ᠎ᠠ᠂ ᠣᠷᠣᠰᠢᠨ ᠰᠠᠭᠤᠬᠤ ᠭᠡᠷ ᠢ ᠮᠢᠨᠢ ᠪᠣᠰᠬᠠᠬᠤ ᠬᠥᠮᠦᠨ ᠨᠢ ᠴᠢ ᠪᠢᠰᠢ᠃ 5 ᠢᠰᠷᠧᠯ ᠢ ᠶᠧᠵᠢᠫᠲ ᠡᠴᠡ ᠭᠠᠷᠭᠠᠭᠰᠠᠨ ᠡᠳᠦᠷ ᠡᠴᠡ ᠬᠣᠢᠰᠢ ᠥᠨᠥᠳᠥᠷ ᠬᠦᠷᠲᠡᠯ᠎ᠡ ᠪᠢ ᠭᠡᠷ ᠲᠦ ᠰᠠᠭᠤᠵᠤ ᠪᠠᠢᠭ᠎ᠠ ᠦᠭᠡᠢ᠂ ᠬᠠᠷᠢᠨ ᠮᠠᠢᠬᠠᠨ ᠠᠴᠠ ᠮᠠᠢᠬᠠᠨ ᠳᠤ᠂ ᠨᠢᠭᠡ ᠰᠠᠭᠤᠴᠠ ᠠᠴᠠ ᠨᠥᠭᠥᠭᠡ ᠰᠠᠭᠤᠴᠠ ᠤᠷᠤᠭᠤ ᠨᠡᠭᠦᠭᠰᠡᠭᠡᠷ ᠪᠠᠢᠯ᠎ᠠ᠃ 6 ᠭᠡᠪᠡᠴᠦ ᠪᠢ ᠪᠦᠬᠦ ᠢᠰᠷᠧᠯ ᠲᠠᠢ ᠬᠠᠮᠲᠤ ᠠᠶᠠᠯᠠᠵᠤ ᠪᠠᠢᠭᠰᠠᠨ ᠪᠦᠬᠦ ᠬᠤᠭᠤᠴᠠᠭᠠᠨ ᠤ ᠲᠤᠷᠰᠢ ᠠᠷᠠᠳ ᠲᠦᠮᠡᠨ ᠢᠶᠡᠨ ᠬᠠᠷᠢᠭᠤᠯᠤᠭᠤᠯᠬᠤ ᠶᠢᠨ ᠲᠥᠯᠥᠭᠡ ᠲᠤᠰᠢᠶᠠᠯ ᠥᠭᠭᠥᠭᠰᠡᠨ ᠠᠯᠢ ᠨᠢᠭᠡᠨ ᠰᠢᠭᠦᠭᠴᠢ ᠳᠤ᠄ 〈ᠶᠠᠭᠠᠬᠢᠭᠠᠳ ᠲᠠ ᠨᠠᠷ ᠨᠠᠳᠠ ᠳᠤ ᠬᠤᠱᠢ ᠮᠣᠳᠣᠨ ᠭᠡᠷ ᠪᠠᠷᠢᠵᠤ ᠥᠭᠬᠦ ᠦᠭᠡᠢ ᠪᠤᠢ︖〉 ᠭᠡᠵᠦ ᠬᠡᠯᠡᠵᠦ ᠪᠠᠢᠭᠰᠠᠨ ᠤᠳᠠᠭ᠎ᠠ ᠪᠤᠢ ᠤᠤ︖ 7 ᠲᠡᠢᠮᠦ ᠡᠴᠡ ᠴᠢ ᠣᠳᠣ ᠮᠢᠨᠦ ᠵᠠᠷᠤᠴᠠ ᠳ᠋ᠠᠸᠢᠳ᠋ ᠲᠤ ᠡᠢᠨ ᠬᠦ ᠬᠡᠯᠡᠭᠲᠦᠨ᠄ ᠠᠤᠭ᠎ᠠ ᠬᠦᠴᠦᠲᠦ ᠶᠣᠬᠣᠸᠠ ᠠᠢᠯᠠᠳᠴᠤ ᠪᠠᠢᠨ᠎ᠠ᠂ ᠬᠣᠨᠢᠨ ᠰᠦᠷᠦᠭ ᠢ ᠳᠠᠭᠠᠳᠠᠭ ᠪᠠᠢᠭᠰᠠᠨ ᠴᠢᠮᠠᠶᠢ ᠪᠢ ᠥᠪᠡᠷ ᠢᠶᠡᠨ ᠪᠡᠯᠴᠢᠭᠡᠷ ᠡᠴᠡ ᠠᠪᠴᠤ ᠠᠷᠠᠳ ᠲᠦᠮᠡᠨ ᠢᠰᠷᠧᠯ ᠤᠨ ᠢᠶᠠᠨ ᠵᠠᠬᠢᠷᠤᠭᠴᠢ ᠪᠣᠯᠭᠠᠭᠰᠠᠨ᠂ 8 ᠴᠢ ᠬᠠᠮᠢᠭᠠᠰᠢ ᠪᠠᠨ ᠶᠠᠪᠤᠭᠰᠠᠨ ᠴᠤ ᠪᠢ ᠴᠢᠮ᠎ᠠ ᠲᠠᠢ ᠬᠠᠮᠲᠤ ᠪᠠᠢᠭᠰᠠᠭᠠᠷ᠂ ᠴᠢᠨᠦ ᠡᠮᠦᠨ᠎ᠡ ᠡᠴᠡ ᠬᠠᠮᠤᠭ ᠳᠠᠢᠰᠤᠨ ᠢ ᠴᠢᠨᠢ ᠤᠰᠠᠳᠬᠠᠵᠤ ᠪᠠᠢᠭᠰᠠᠨ᠃ ᠡᠳᠦᠭᠡ ᠪᠢ ᠴᠢᠨᠦ ᠨᠡᠷ᠎ᠡ ᠶᠢ ᠭᠠᠵᠠᠷ ᠤᠨ ᠳᠡᠭᠡᠷᠡᠬᠢ ᠠᠭᠤᠤ ᠬᠥᠮᠦᠰ ᠦᠨ ᠬᠢ ᠲᠠᠢ ᠠᠳᠠᠯᠢ ᠪᠣᠯᠭᠠᠨ᠎ᠠ᠃ 9 ᠪᠢ ᠠᠷᠠᠳ ᠲᠦᠮᠡᠨ ᠢᠰᠷᠧᠯ ᠳᠡᠭᠡᠨ ᠨᠢᠭᠡ ᠨᠤᠲᠤᠭ ᠢ ᠲᠣᠭᠲᠠᠭᠠᠨ ᠥᠭᠴᠦ᠂ ᠲᠡᠳᠡᠨ ᠢ ᠲᠡᠨᠳᠡ ᠰᠠᠭᠤᠯᠭᠠᠨ᠎ᠠ᠂ ᠲᠡᠳᠡ ᠥᠪᠡᠷᠰᠡᠳ ᠦᠨ ᠢᠶᠠᠨ ᠨᠤᠲᠤᠭ ᠲᠤ ᠰᠠᠭᠤᠷᠢᠰᠢᠬᠤ ᠪᠥᠭᠡᠳ ᠳᠠᠬᠢᠨ ᠦᠢᠮᠡᠭᠦᠯᠦᠭᠳᠡᠬᠦ ᠦᠭᠡᠢ᠂ ᠪᠤᠷᠤᠭᠤᠲᠠᠳ ᠲᠤ ᠤᠷᠢᠳᠤᠬᠢ ᠶᠢᠨ ᠬᠢ ᠰᠢᠭ᠋ ᠢᠶᠠᠨ ᠳᠠᠷᠤᠯᠠᠭᠳᠠᠬᠤ ᠪᠠᠨ ᠪᠣᠯᠢᠨ᠎ᠠ᠂ 10 ᠠᠷᠠᠳ ᠲᠦᠮᠡᠨ ᠢᠰᠷᠧᠯ ᠤᠨ ᠢᠶᠠᠨ ᠳᠡᠭᠡᠷ᠎ᠡ ᠰᠢᠭᠦᠭᠴᠢᠳ ᠲᠣᠮᠢᠯᠠᠭᠰᠠᠨ ᠠᠴᠠ ᠮᠠᠨᠢ ᠬᠣᠢᠰᠢᠬᠢ ᠡᠳᠦᠷ ᠤᠳ ᠤᠨ ᠬᠢ ᠰᠢᠭ ᠲᠡᠳᠡ ᠳᠠᠷᠤᠯᠠᠭᠳᠠᠬᠤ ᠪᠠᠨ ᠪᠣᠯᠢᠨ᠎ᠠ᠃ ᠪᠢ ᠬᠠᠮᠤᠭ ᠳᠠᠢᠰᠤᠨ ᠢ ᠴᠢᠨᠢ ᠨᠣᠮᠣᠳᠬᠠᠨᠠ᠃
11 ᠴᠢᠨᠦ ᠡᠳᠦᠷ ᠤᠳ ᠭᠦᠢᠴᠡᠵᠦ᠂ ᠡᠴᠢᠭᠡ ᠡᠪᠦᠭᠡᠳ ᠤᠷᠤᠭᠤ ᠪᠠᠨ ᠣᠳᠬᠤ ᠦᠶ᠎ᠡ ᠳᠦ ᠴᠢᠨᠢ ᠪᠢ ᠴᠢᠨᠦ ᠦᠷ᠎ᠡ ᠤᠳᠤᠮ ᠠᠴᠠ᠂ ᠲᠤᠬᠠᠢᠯᠠᠪᠠᠯ ᠴᠢᠨᠦ ᠬᠥᠪᠡᠭᠦᠳ ᠡᠴᠡ ᠨᠢᠭᠡ ᠶᠢ ᠨᠢ ᠪᠣᠰᠬᠠᠵᠤ ᠬᠠᠭᠠᠨᠴᠢᠯᠠᠯ ᠢ ᠨᠢ ᠪᠠᠲᠤᠵᠢᠭᠤᠯᠤᠨ᠎ᠠ᠃ 12 ᠲᠡᠷᠡ ᠨᠠᠳᠠ ᠳᠤ ᠭᠡᠷ ᠪᠣᠰᠬᠠᠵᠤ ᠥᠭᠬᠦ ᠪᠥᠭᠡᠳ ᠪᠢ ᠲᠡᠭᠦᠨ ᠦ ᠰᠡᠨᠲᠢ ᠶᠢ ᠮᠥᠩᠬᠡᠳᠡ ᠪᠠᠲᠤᠵᠢᠭᠤᠯᠤᠨ᠎ᠠ᠃ 13 ᠪᠢ ᠲᠡᠭᠦᠨ ᠦ ᠡᠴᠢᠭᠡ ᠪᠣᠯᠵᠤ᠂ ᠲᠡᠷᠡ ᠮᠢᠨᠦ ᠬᠦᠦ ᠪᠣᠯᠣᠨ᠎ᠠ᠃ ᠪᠢ ᠴᠢᠨᠦ ᠤᠷᠢᠳᠤᠬᠢ ᠬᠥᠮᠦᠨ ᠡᠴᠡ ᠦᠨᠡᠨ ᠬᠠᠢᠷ᠎ᠠ ᠪᠠᠨ ᠵᠠᠢᠯᠠᠭᠤᠯᠤᠭᠰᠠᠨ ᠤ ᠪᠠᠨ ᠠᠳᠠᠯᠢ ᠪᠠᠷ ᠲᠡᠭᠦᠨ ᠡᠴᠡ ᠦᠨᠡᠨ ᠬᠠᠢᠷ᠎ᠠ ᠪᠠᠨ ᠵᠠᠢᠯᠠᠭᠤᠯᠬᠤ ᠦᠭᠡᠢ᠃ 14 ᠬᠠᠷᠢᠨ ᠲᠡᠭᠦᠨ ᠢ ᠥᠪᠡᠷ ᠦᠨ ᠢᠶᠠᠨ ᠭᠡᠷ᠂ ᠥᠪᠡᠷ ᠦᠨ ᠢᠶᠠᠨ ᠬᠠᠭᠠᠨᠴᠢᠯᠠᠯ ᠳᠤ ᠮᠥᠩᠬᠡᠳᠡ ᠪᠠᠢᠯᠭᠠᠨ᠎ᠠ᠂ ᠲᠡᠭᠦᠨ ᠦ ᠰᠡᠨᠲᠢ ᠮᠥᠩᠬᠡᠳᠡ ᠪᠠᠲᠤ ᠪᠠᠢᠬᠤ ᠪᠣᠯᠣᠨ᠎ᠠ〉 ᠬᠡᠮᠡᠪᠡ》 ᠭᠡᠪᠡ᠃ 15 ᠡᠨᠡ ᠪᠦᠬᠦ ᠦᠭᠡᠰ᠂ ᠡᠨᠡ ᠦᠵᠡᠭᠳᠡᠯ ᠦᠨ ᠶᠣᠰᠣᠭᠠᠷ ᠨᠠᠲ᠋ᠠᠨ ᠳ᠋ᠠᠸᠢᠳ᠋ ᠲᠤ ᠬᠡᠯᠡᠵᠡᠢ᠃
ᠳ᠋ᠠᠸᠢᠳ᠋ ᠤᠨ ᠳᠠᠭᠠᠳᠬᠠᠯ
16 ᠳ᠋ᠠᠸᠢᠳ᠋ ᠬᠠᠭᠠᠨ ᠳᠣᠲᠣᠭᠰᠢ ᠣᠷᠣᠵᠤ᠂ ᠶᠣᠬᠣᠸᠠ ᠶᠢᠨ ᠡᠮᠦᠨ᠎ᠡ ᠰᠠᠭᠤᠭᠠᠳ᠄ 《ᠶᠣᠬᠣᠸᠠ ᠪᠤᠷᠬᠠᠨ ᠮᠢᠨᠢ᠂ ᠪᠢ ᠬᠡᠨ ᠪᠣᠯᠣᠭᠠᠳ᠂ ᠪᠠᠰᠠ ᠮᠢᠨᠦ ᠭᠡᠷ ᠶᠠᠭᠤ ᠪᠣᠯᠣᠭᠠᠳ ᠲᠠ ᠨᠠᠮᠠᠶᠢ ᠡ᠊ᠨᠳᠡ ᠬᠦᠷᠲᠡᠯ᠎ᠡ ᠠᠪᠴᠢᠷᠠᠪᠠ︖ 17 ᠪᠤᠷᠬᠠᠨ᠂ ᠲᠠ ᠡᠳᠡᠭᠡᠷ ᠢ ᠴᠤ ᠥᠴᠦᠬᠡᠨ ᠭᠡᠵᠦ ᠦᠵᠡᠭᠡᠳ ᠵᠠᠷᠤᠴᠠ ᠶᠢᠨ ᠢᠶᠠᠨ ᠭᠡᠷ ᠦᠨ ᠠᠯᠤᠰ ᠢᠷᠡᠭᠡᠳᠦᠢ ᠶᠢᠨ ᠲᠤᠬᠠᠢ ᠴᠤ ᠠᠢᠯᠠᠳᠤᠭᠰᠠᠨ ᠪᠠᠢᠨ᠎ᠠ᠃ ᠶᠣᠬᠣᠸᠠ ᠪᠤᠷᠬᠠᠨ᠂ ᠲᠠ ᠨᠠᠮᠠᠶᠢ ᠡᠷᠬᠢᠮ ᠳᠡᠭᠡᠳᠦ ᠬᠥᠮᠦᠨ ᠮᠡᠲᠦ ᠦᠵᠡᠵᠡᠢ᠃ 18 ᠲᠠᠨ ᠤ ᠵᠠᠷᠤᠴᠠ ᠳᠠᠭᠠᠨ ᠰᠣᠶᠣᠷᠬᠠᠭᠰᠠᠨ ᠠᠯᠳᠠᠷ ᠬᠦᠨᠳᠦ ᠶᠢᠨ ᠲᠤᠬᠠᠢ ᠳ᠋ᠠᠸᠢᠳ᠋ ᠪᠢ ᠲᠠᠨ ᠳᠤ ᠶᠠᠭᠤ ᠶᠢ ᠨᠠᠮᠠᠵᠤ ᠶᠠᠷᠢᠬᠤ ᠪᠢᠯᠡ︖ ᠲᠠ ᠥᠪᠡᠷ ᠦᠨ ᠢᠶᠠᠨ ᠵᠠᠷᠤᠴᠠ ᠶᠢ ᠮᠡᠳᠡᠨ᠎ᠡ᠃ 19 ᠶᠣᠬᠣᠸᠠ᠂ ᠲᠠ ᠵᠠᠷᠤᠴᠠ ᠶᠢᠨ ᠢᠶᠠᠨ ᠲᠥᠯᠥᠭᠡ᠂ ᠬᠦᠰᠡᠭᠰᠡᠨ ᠶᠣᠰᠣᠭᠠᠷ ᠢᠶᠠᠨ ᠡᠳᠡᠭᠡᠷ ᠠᠭᠤᠤ ᠪᠦᠭᠦᠳᠡ ᠶᠢ ᠦᠢᠯᠡᠳᠦᠨ᠂ ᠲᠡᠭᠦᠨ ᠳᠦ ᠡᠳᠡᠭᠡᠷ ᠠᠭᠤᠤ ᠪᠦᠭᠦᠳᠡ ᠶᠢ ᠮᠡᠳᠡᠭᠦᠯᠵᠡᠢ᠃ 20 ᠶᠣᠬᠣᠸᠠ᠂ ᠪᠢᠳᠡ ᠴᠢᠬᠢ ᠪᠠᠷ ᠢᠶᠠᠨ ᠰᠣᠨᠣᠰᠣᠭᠰᠠᠨ ᠪᠦᠬᠦᠨ ᠡᠴᠡ ᠪᠡᠨ ᠦᠵᠡᠬᠦ ᠳᠦ᠂ ᠲᠠᠨ ᠲᠠᠢ ᠠᠳᠠᠯᠢ ᠨᠢᠭᠡᠨ ᠭᠡᠵᠦ ᠦᠭᠡᠢ᠂ ᠲᠠᠨ ᠠᠴᠠ ᠥᠭᠡᠷ᠎ᠡ ᠪᠤᠷᠬᠠᠨ ᠭᠡᠵᠦ ᠦᠭᠡᠢ᠃ 21 ᠭᠠᠵᠠᠷ ᠳᠡᠭᠡᠷᠡᠬᠢ ᠠᠯᠢ ᠨᠢᠭᠡ ᠦᠨᠳᠦᠰᠦᠲᠡᠨ ᠨᠢ ᠲᠠᠨ ᠤ ᠠᠷᠠᠳ ᠲᠦᠮᠡᠨ ᠢᠰᠷᠧᠯ ᠲᠠᠢ ᠠᠳᠠᠯᠢ ᠪᠣᠯᠣᠭᠠᠳ᠂ ᠪᠤᠷᠬᠠᠨ ᠨᠢ ᠥᠪᠡᠷᠰᠡᠳ ᠢ ᠨᠢ ᠠᠷᠠᠳ ᠲᠦᠮᠡᠨ ᠢᠶᠡᠨ ᠪᠣᠯᠭᠠᠨ ᠥᠪᠡᠷ ᠲᠡᠭᠡᠨ ᠵᠣᠯᠢᠨ ᠠᠪᠬᠤ ᠪᠠᠷ ᠣᠴᠢᠭᠠᠳ ᠠᠯᠳᠠᠷ ᠨᠡᠷ᠎ᠡ ᠪᠡᠨ ᠮᠠᠨᠳᠤᠭᠤᠯᠤᠨ᠂ ᠲᠡᠳᠡᠨ ᠦ ᠲᠥᠯᠥᠭᠡ ᠠᠭᠤᠤ᠂ ᠠᠶᠤᠮᠰᠢᠭᠲᠤ ᠵᠦᠢᠯᠡᠰ ᠢ ᠦᠢᠯᠡᠳᠴᠦ᠂ ᠶᠧᠵᠢᠫᠲ ᠡᠴᠡ ᠵᠣᠯᠢᠵᠤ ᠠᠪᠤᠭᠰᠠᠨ ᠠᠷᠠᠳ ᠲᠦᠮᠡᠨ ᠦ ᠪᠠᠨ ᠡᠮᠦᠨ᠎ᠡ ᠦᠨᠳᠦᠰᠦᠲᠡᠨ ᠨᠦᠭᠦᠳ ᠢ ᠵᠠᠢᠯᠠᠭᠤᠯᠵᠤ ᠪᠠᠢᠪᠠ︖ 22 ᠲᠠ ᠥᠪᠡᠷ ᠦᠨ ᠠᠷᠠᠳ ᠲᠦᠮᠡᠨ ᠢᠰᠷᠧᠯ ᠢ ᠮᠥᠩᠬᠡᠳᠡ ᠥᠪᠡᠷ ᠦᠨ ᠢᠶᠠᠨ ᠠᠷᠠᠳ ᠲᠦᠮᠡᠨ ᠪᠣᠯᠭᠠᠵᠤ᠂ ᠶᠣᠬᠣᠸᠠ ᠲᠠ ᠲᠡᠳᠡᠨ ᠦ ᠪᠤᠷᠬᠠᠨ ᠪᠣᠯᠣᠭᠰᠠᠨ ᠪᠠᠢᠨ᠎ᠠ᠃
23 ᠣᠳᠣ ᠶᠣᠬᠣᠸᠠ᠂ ᠥᠪᠡᠷ ᠦᠨ ᠢᠶᠠᠨ ᠵᠠᠷᠤᠴᠠ ᠪᠣᠯᠣᠨ ᠭᠡᠷ ᠦᠨ ᠬᠢᠨᠢ ᠲᠠᠯ᠎ᠠ ᠪᠠᠷ ᠠᠢᠯᠠᠳᠤᠭᠰᠠᠨ ᠦᠭᠡ ᠲᠠᠨᠢ ᠮᠥᠩᠬᠡᠳᠡ ᠲᠣᠭᠲᠠᠬᠤ ᠪᠣᠯᠲᠤᠭᠠᠢ᠂ ᠠᠢᠯᠠᠳᠤᠭᠰᠠᠨ ᠶᠣᠰᠣᠭᠠᠷ ᠢᠶᠠᠨ ᠪᠡᠶᠡᠯᠡᠭᠦᠯᠦᠨ ᠥᠭᠭᠥᠭᠡᠴᠢ᠃ 24 ᠲᠡᠢᠨ ᠬᠦ ᠲᠡᠷᠡ ᠲᠣᠭᠲᠠᠵᠤ᠂ ᠲᠠᠨ ᠤ ᠨᠡᠷ᠎ᠡ ᠳᠡᠭᠡᠳᠦᠯᠡᠭᠳᠡᠨ 〈ᠢᠰᠷᠧᠯ ᠤᠨ ᠪᠤᠷᠬᠠᠨ᠂ ᠢᠰᠷᠧᠯ ᠳᠠᠬᠢ ᠪᠤᠷᠬᠠᠨ ᠪᠣᠯ ᠠᠤᠭ᠎ᠠ ᠬᠦᠴᠦᠲᠦ ᠶᠣᠬᠣᠸᠠ〉 ᠭᠡᠭᠳᠡᠬᠦ ᠪᠣᠯᠲᠤᠭᠠᠢ᠂ ᠲᠠᠨ ᠤ ᠵᠠᠷᠤᠴᠠ ᠳ᠋ᠠᠸᠢᠳ᠋ ᠤᠨ ᠭᠡᠷ ᠲᠠᠨ ᠤ ᠡᠮᠦᠨ᠎ᠡ ᠪᠠᠲᠤ ᠪᠠᠢᠬᠤ ᠪᠣᠯᠲᠤᠭᠠᠢ᠃ 25 ᠪᠤᠷᠬᠠᠨ ᠮᠢᠨᠢ ᠡ᠂ ᠲᠠ ᠵᠠᠷᠤᠴᠠ ᠳᠠᠭᠠᠨ 〈ᠪᠢ ᠴᠢᠮ᠎ᠠ ᠳᠤ ᠭᠡᠷ ᠪᠣᠰᠬᠠᠵᠤ ᠥᠭᠭᠥᠨ᠎ᠡ〉 ᠭᠡᠵᠦ ᠢᠯᠡᠷᠬᠡᠶᠢᠯᠡᠭᠰᠡᠨ ᠤᠴᠢᠷ ᠠᠴᠠ ᠵᠠᠷᠤᠴᠠ ᠲᠠᠨᠢ ᠲᠠᠨ ᠳᠤ ᠳᠠᠭᠠᠳᠬᠠᠬᠤ ᠪᠠᠷ ᠪᠣᠯᠣᠯ᠎ᠠ᠃ 26 ᠶᠣᠬᠣᠸᠠ᠂ ᠲᠠ ᠯᠠ ᠪᠤᠷᠬᠠᠨ᠃ ᠡᠨᠡ ᠬᠦ ᠰᠠᠢᠨ ᠢ ᠲᠠ ᠵᠠᠷᠤᠴᠠ ᠳᠠᠭᠠᠨ ᠠᠢᠯᠠᠳᠤᠭᠰᠠᠨ ᠪᠢᠯᠡ᠃ 27 ᠣᠳᠣ ᠲᠠ ᠵᠠᠷᠤᠴᠠ ᠶᠢᠨ ᠢᠶᠠᠨ ᠭᠡᠷ ᠢ ᠢᠪᠡᠭᠡᠵᠦ ᠥᠪᠡᠷ ᠦᠨ ᠢᠶᠠᠨ ᠡᠮᠦᠨ᠎ᠡ ᠡᠭᠦᠷᠢᠳᠡ ᠪᠠᠢᠯᠭᠠᠵᠤ ᠬᠠᠢᠷᠠᠯᠠᠬᠤ ᠭᠡᠵᠦ ᠪᠠᠢᠨ᠎ᠠ᠃ ᠶᠣᠬᠣᠸᠠ᠂ ᠲᠠ ᠥᠪᠡᠷ ᠢᠶᠡᠨ ᠢᠪᠡᠭᠡᠭᠰᠡᠨ ᠲᠤᠯᠠ ᠲᠡᠷᠡ ᠮᠥᠩᠬᠡᠳᠡ ᠢᠪᠡᠭᠡᠭᠳᠡᠬᠦ ᠪᠣᠯᠣᠨ᠎ᠠ》 ᠭᠡᠪᠡ᠃