1 2 3 4 5 6 7 8 9 10 11 12 13 14 15 16 17 18 19 20 21 22 23 24 25 26 27 28 29


ᠱᠠᠰᠲᠢᠷ ᠤᠨ ᠳᠡᠭᠡᠳᠦ ᠠᠷᠪᠠᠨ ᠬᠣᠶᠠᠷ

1 ᠳ᠋ᠠᠸᠢᠳ᠋ ᠺᠢᠱ ᠤᠨ ᠬᠥᠪᠡᠭᠦᠨ ᠰᠠᠦ᠋ᠯ ᠡᠴᠡ ᠪᠣᠯᠵᠤ ᠽᠢᠺᠯᠠᠭ ᠲᠤ ᠨᠢᠭᠤᠭᠳᠠᠵᠤ ᠪᠠᠢᠬᠤ ᠳᠤ᠂ ᠲᠡᠭᠦᠨ ᠤᠷᠤᠭᠤ ᠢᠷᠡᠵᠦ ᠳᠠᠢᠨ ᠲᠤᠯᠤᠯᠳᠤᠭᠠᠨ ᠤ ᠦᠶ᠎ᠡ ᠳᠦ ᠲᠡᠭᠦᠨ ᠳᠦ ᠲᠤᠰᠠᠯᠠᠭᠰᠠᠨ ᠳᠠᠢᠴᠢᠳ ᠪᠠᠢᠭᠰᠠᠨ᠃ 2 ᠲᠡᠳᠡ ᠮᠡᠷᠭᠡᠨ ᠬᠠᠷᠪᠤᠭᠠᠴᠢ ᠪᠥᠭᠡᠳ ᠪᠠᠷᠠᠭᠤᠨ ᠵᠡᠭᠦᠨ ᠭᠠᠷ ᠢᠶᠠᠷ ᠢᠶᠠᠨ ᠴᠢᠯᠠᠭᠤ ᠳᠦᠦᠭᠡᠦᠷᠳᠡᠬᠦ᠂ ᠨᠤᠮᠤ ᠰᠤᠮᠤ ᠬᠠᠷᠪᠤᠬᠤ ᠠᠪᠢᠶᠠᠰ ᠲᠠᠢ᠃ ᠲᠡᠳᠡ ᠪᠦᠭᠦᠳᠡᠭᠡᠷ ᠢᠶᠡᠨ ᠪᠢᠨᠶᠠᠮᠢᠨ ᠭᠠᠷᠤᠯ ᠲᠠᠢ ᠪᠥᠭᠡᠳ ᠰᠠᠦ᠋ᠯ ᠤᠨ ᠬᠠᠮᠢᠶᠠᠲᠠᠨ ᠪᠢᠯᠡ᠃ 3 ᠲᠣᠯᠣᠭᠠᠢᠯᠠᠭᠴᠢ ᠨᠢ ᠭᠢᠪᠧᠶ᠎ᠠ ᠬᠥᠮᠦᠨ ᠱᠧᠮᠠ ᠶᠢᠨ ᠬᠥᠪᠡᠭᠦᠨ ᠠᠾᠢᠶᠧᠽᠧᠷ᠂ ᠤᠳᠠᠭᠠᠬᠢ ᠨᠢ ᠲᠡᠭᠦᠨ ᠦ ᠳᠡᠭᠦᠦ ᠶᠣᠶᠠᠱ᠃ ᠪᠤᠰᠤᠳ ᠳᠠᠢᠴᠢᠳ ᠭᠡᠪᠡᠯ᠂ ᠶᠧᠽᠢᠶᠧᠯ ᠫᠧᠯᠧᠲ ᠬᠣᠶᠠᠷ᠂ ᠪᠧᠷᠠᠺᠠ᠂ ᠠᠨᠠᠲ᠋ᠣᠲ ᠬᠥᠮᠦᠨ ᠶᠧᠾᠦ᠋᠂ 4 ᠨᠥᠭᠥᠭᠡ ᠭᠤᠴᠢᠨ ᠪᠠᠭᠠᠲᠤᠷ ᠤᠨ ᠨᠢᠭᠡ ᠪᠥᠭᠡᠳ ᠲᠡᠳᠡᠨ ᠦ ᠤᠳᠤᠷᠢᠳᠤᠭᠴᠢ ᠪᠣᠯᠣᠭᠰᠠᠨ ᠭᠢᠪᠧᠶᠣᠨ ᠬᠥᠮᠦᠨ ᠢᠱᠮᠠᠢᠶ᠎ᠠ᠂ ᠶᠧᠷᠧᠮᠢᠶ᠎ᠠ᠂ ᠶᠠᠬᠠᠽᠢᠶᠧᠯ᠂ ᠶᠣᠬᠠᠨᠠᠨ᠂ ᠭᠧᠳᠧᠷᠠ ᠬᠥᠮᠦᠨ ᠶᠣᠽᠠᠪᠠᠳ᠋᠂ 5 ᠡᠯᠦ᠋ᠽᠠᠢ᠂ ᠶᠧᠷᠧᠮᠣᠲ᠂ ᠪᠧᠶᠠᠯᠢᠶ᠎ᠠ᠂ ᠱᠧᠮᠠᠷᠢᠶ᠎ᠠ᠂ ᠬᠠᠷᠦ᠋ᠹ ᠬᠥᠮᠦᠨ ᠱᠧᠹᠠᠲ᠋ᠢᠶ᠎ᠠ; 6 ᠡᠯᠺᠠᠨᠠ᠂ ᠢᠱᠢᠶ᠎ᠠ᠂ ᠠᠽᠠᠷᠧᠯ᠂ ᠶᠣᠶᠧᠽᠧᠷ᠂ ᠶᠠᠱᠣᠪᠧᠶᠠᠮ ᠨᠠᠷ (ᠺᠣᠷᠠᠴᠤᠳ); 7 ᠭᠧᠳᠣᠷ ᠤᠨ ᠶᠧᠷᠣᠬᠠᠮ ᠤᠨ ᠬᠥᠪᠡᠭᠦᠳ ᠶᠣᠶᠧᠯᠠ᠂ ᠽᠧᠪᠠᠳᠢᠶ᠎ᠠ ᠨᠠᠷ ᠪᠢᠯᠡ᠃

8 ᠭᠠᠳ᠋ᠴᠤᠳ ᠤᠨ ᠳᠤᠮᠳᠠ ᠠᠴᠠ ᠴᠤ ᠴᠥᠯ ᠦᠨ ᠪᠡᠬᠢᠯᠡᠯᠲᠡ ᠳᠠᠬᠢ ᠳ᠋ᠠᠸᠢᠳ᠋ ᠤᠨ ᠲᠠᠯ᠎ᠠ ᠳᠤ ᠣᠷᠣᠭᠰᠠᠨ ᠬᠥᠮᠦᠰ ᠪᠠᠢᠵᠠᠢ᠃ ᠲᠡᠳᠡ ᠵᠣᠷᠢᠭᠲᠠᠢ᠂ ᠲᠤᠷᠰᠢᠯᠭ᠎ᠠ ᠲᠠᠢ ᠳᠠᠢᠴᠢᠳ ᠪᠥᠭᠡᠳ ᠵᠢᠳᠠ ᠪᠠᠮᠪᠠᠢ ᠬᠡᠷᠡᠭᠯᠡᠬᠦ ᠳᠡᠭᠡᠨ ᠭᠠᠷᠮᠠᠭᠠᠢ ᠪᠢᠯᠡ᠃ ᠲᠡᠳᠡ ᠠᠷᠰᠯᠠᠨ ᠮᠡᠲᠦ ᠴᠢᠷᠠᠢ ᠲᠠᠢ᠂ ᠠᠭᠤᠯᠠ ᠶᠢᠨ ᠪᠣᠷᠣ ᠭᠥᠷᠥᠭᠡᠰᠦ ᠮᠡᠲᠦ ᠬᠤᠷᠳᠤᠨ ᠪᠠᠢᠳᠠᠭ᠃ 9 ᠲᠣᠯᠣᠭᠠᠢᠯᠠᠭᠴᠢ ᠨᠢ ᠡᠽᠧᠷ᠂ ᠤᠳᠠᠭᠠᠬᠢ ᠨᠢ ᠣᠪᠠᠳᠢᠶ᠎ᠠ᠂ ᠭᠤᠷᠪᠠᠳᠠᠬᠢ ᠨᠢ ᠡᠯᠢᠶᠠᠪ᠂ 10 ᠳᠥᠷᠪᠡᠳᠡᠬᠢ ᠨᠢ ᠮᠢᠱᠮᠠᠨᠠ᠂ ᠲᠠᠪᠤᠳᠠᠬᠢ ᠨᠢ ᠶᠧᠷᠧᠮᠢᠶ᠎ᠠ᠂ 11 ᠵᠢᠷᠭᠤᠳᠠᠬᠢ ᠨᠢ ᠠᠲ᠋ᠠᠢ᠂ ᠳᠣᠯᠣᠳᠠᠬᠢ ᠨᠢ ᠡᠯᠢᠶᠧᠯ᠂ 12 ᠨᠠᠢ᠌ᠮᠠᠳᠠᠬᠢ ᠨᠢ ᠶᠣᠬᠠᠨᠠᠨ᠂ ᠶᠢᠰᠦᠳᠡᠬᠢ ᠨᠢ ᠡᠯᠽᠠᠪᠠᠳ᠋᠂ 13 ᠠᠷᠪᠠᠳᠠᠬᠢ ᠨᠢ ᠶᠧᠷᠧᠮᠢᠶ᠎ᠠ᠂ ᠠᠷᠪᠠᠨ ᠨᠢᠭᠡᠳᠡᠬᠢ ᠨᠢ ᠮᠠᠺᠪᠠᠨᠠᠢ ᠪᠢᠯᠡ᠃ 14 ᠡᠳᠡᠭᠡᠷ ᠭᠠᠳ᠋ᠴᠤᠳ ᠴᠡᠷᠢᠭ ᠤᠨ ᠵᠠᠩᠵᠤᠨ ᠪᠣᠯᠪᠠ᠃ ᠪᠠᠭ᠎ᠠ ᠨᠢ ᠵᠠᠭᠤᠲᠤ ᠶᠢᠨ ᠳᠡᠭᠡᠷ᠎ᠡ᠂ ᠲᠣᠮᠣ ᠨᠢ ᠮᠢᠩ᠋ᠭᠠᠲᠤ ᠶᠢᠨ ᠳᠡᠭᠡᠷ᠎ᠡ᠃ 15 ᠨᠢᠭᠡᠳᠦᠭᠡᠷ ᠰᠠᠷ᠎ᠠ ᠳᠤ ᠶᠣᠷᠳᠠᠨ ᠭᠣᠣᠯ ᠪᠦᠬᠦ ᠡᠷᠭᠢ ᠪᠠᠨ ᠬᠠᠯᠢᠨ ᠦᠶᠡᠷᠯᠡᠵᠦ ᠪᠠᠢᠬᠤ ᠳᠤ᠂ ᠲᠡᠳᠡ ᠭᠣᠣᠯ ᠭᠠᠲᠤᠯᠵᠤ᠂ ᠭᠣᠣᠯ ᠤᠨ ᠵᠡᠭᠦᠨ ᠪᠠᠷᠠᠭᠤᠨ ᠬᠥᠪᠡᠭᠡ ᠪᠡᠷ ᠰᠠᠭᠤᠭᠴᠢᠳ ᠢ ᠬᠥᠭᠡᠭᠡᠨ ᠶᠠᠪᠤᠭᠤᠯᠵᠠᠢ᠃

16 ᠪᠢᠨᠶᠠᠮᠢᠨᠴᠤᠳ ᠪᠣᠯᠣᠨ ᠶᠦᠳᠠᠴᠤᠳ ᠤᠨ ᠳᠤᠮᠳᠠ ᠠᠴᠠ ᠴᠤ ᠳ᠋ᠠᠸᠢᠳ᠋ ᠤᠨ ᠪᠡᠬᠢᠯᠡᠯᠲᠡ ᠳᠦ ᠣᠴᠢᠵᠤ᠂ ᠲᠡᠭᠦᠨ ᠲᠡᠢ ᠬᠦᠴᠦ ᠪᠡᠨ ᠨᠡᠢᠯᠡᠭᠦᠯᠦᠭᠰᠡᠨ ᠬᠥᠮᠦᠰ ᠪᠤᠢ᠃ 17 ᠳ᠋ᠠᠸᠢᠳ᠋ ᠲᠡᠳᠡᠨ ᠢ ᠤᠭᠲᠤᠬᠤ ᠪᠠᠷ ᠭᠠᠷᠴᠤ᠄ 《ᠬᠡᠷᠪᠡ ᠲᠠ ᠨᠠᠷ ᠨᠠᠳᠠ ᠳᠤ ᠲᠤᠰᠠᠯᠠᠬᠤ ᠭᠡᠵᠦ ᠰᠠᠢᠨ ᠰᠠᠨᠠᠭ᠎ᠠ ᠪᠠᠷ ᠢᠷᠡᠭᠰᠡᠨ ᠪᠣᠯ᠂ ᠵᠢᠷᠦᠬᠡ ᠰᠡᠳᠬᠢᠯ ᠮᠢᠨᠢ ᠲᠠ ᠨᠠᠷ ᠲᠠᠢ ᠨᠡᠢᠯᠡᠬᠦ ᠪᠣᠯᠣᠨ᠎ᠠ᠃ ᠬᠠᠷᠢᠨ ᠮᠢᠨᠦ ᠭᠠᠷ ᠲᠤ ᠶᠠᠮᠠᠷ ᠴᠤ ᠪᠤᠷᠤᠭᠤ ᠦᠭᠡᠢ ᠪᠠᠢᠬᠤ ᠳᠤ᠂ ᠨᠠᠳᠠ ᠠᠴᠠ ᠤᠷᠪᠠᠨ ᠨᠠᠮᠠᠶᠢ ᠳᠠᠢᠰᠤᠨ ᠨᠤᠭᠤᠳ ᠲᠤ ᠲᠤᠰᠢᠶᠠᠬᠤ ᠭᠡᠪᠡᠯ᠂ ᠪᠢᠳᠡᠨ ᠦ ᠡᠴᠢᠭᠡ ᠡᠪᠦᠭᠡᠳ ᠦᠨ ᠪᠤᠷᠬᠠᠨ ᠬᠠᠷᠠᠵᠤ᠂ ᠰᠢᠳᠬᠡᠬᠦ ᠪᠣᠯᠲᠤᠭᠠᠢ》 ᠭᠡᠵᠦ ᠬᠡᠯᠡᠪᠡ᠃ 18 ᠲᠡᠭᠡᠬᠦ ᠳᠦ᠂ ᠠᠷᠢᠭᠤᠨ ᠰᠦᠨᠡᠰᠦ ᠨᠥᠭᠥᠭᠡ ᠭᠤᠴᠢᠨ ᠬᠥᠮᠦᠨ ᠦ ᠠᠬᠠᠯᠠᠭᠴᠢ ᠠᠮᠠᠰᠠᠢ ᠶᠢ ᠪᠦᠷᠬᠦᠭᠰᠡᠨ ᠳᠦ᠂ ᠲᠡᠷᠡ᠄ 《ᠳ᠋ᠠᠸᠢᠳ᠋ ᠡ᠂ ᠪᠢᠳᠡ ᠲᠠᠨ ᠤ ᠬᠢ᠂ ᠪᠢᠳᠡ ᠢᠱᠠᠢ ᠶᠢᠨ ᠬᠦᠦ ᠲᠠᠨ ᠲᠠᠢ ᠬᠠᠮᠲᠤ ᠪᠠᠢᠨ᠎ᠠ᠃ ᠲᠠᠨ ᠳᠤ ᠠᠮᠤᠷ᠂ ᠠᠮᠤᠷ ᠲᠠᠢᠪᠤᠩ ᠪᠠᠢᠬᠤ ᠪᠣᠯᠲᠤᠭᠠᠢ︕ ᠲᠠᠨ ᠳᠤ ᠲᠤᠰᠠᠯᠠᠳᠠᠭ ᠬᠥᠮᠦᠰ ᠲᠦ ᠴᠤ ᠠᠮᠤᠷ ᠲᠠᠢᠪᠤᠩ ᠪᠠᠢᠬᠤ ᠪᠣᠯᠲᠤᠭᠠᠢ︕ ᠲᠠᠨ ᠤ ᠪᠤᠷᠬᠠᠨ ᠦᠨᠡᠬᠡᠷ ᠲᠠᠨ ᠳᠤ ᠲᠤᠰᠠᠯᠠᠵᠤ ᠪᠠᠢᠳᠠᠭ ᠰᠢᠦ》 ᠭᠡᠵᠦ ᠬᠡᠯᠡᠭᠰᠡᠨ ᠳᠦ᠂ ᠳ᠋ᠠᠸᠢᠳ᠋ ᠲᠡᠳᠡᠨ ᠢ ᠬᠦᠯᠢᠶᠡᠨ ᠠᠪᠴᠤ᠂ ᠲᠡᠳᠡᠨ ᠢ ᠴᠡᠷᠢᠭ ᠤᠨ ᠲᠣᠯᠣᠭᠠᠢᠯᠠᠭᠴᠢᠳ ᠢᠶᠠᠷ ᠲᠣᠮᠢᠯᠠᠪᠠ᠃

19 ᠮᠠᠨᠠᠰᠧᠴᠤᠳ ᠠᠴᠠ ᠴᠤ ᠳ᠋ᠠᠸᠢᠳ᠋ ᠤᠨ ᠲᠠᠯ᠎ᠠ ᠳᠤ ᠣᠷᠣᠭᠰᠠᠨ ᠬᠥᠮᠦᠰ ᠪᠤᠢ᠃ ᠲᠡᠷᠡ ᠦᠶ᠎ᠡ ᠳᠦ ᠳ᠋ᠠᠸᠢᠳ᠋ ᠹᠢᠯᠢᠰᠲ᠋ᠴᠦᠳ ᠲᠡᠢ ᠬᠠᠮᠲᠤ ᠰᠠᠦ᠋ᠯ ᠲᠠᠢ ᠳᠠᠢᠲᠤᠬᠤ ᠪᠠᠷ ᠶᠠᠪᠤᠬᠤ ᠭᠡᠰᠡᠨ ᠪᠣᠯᠪᠠᠴᠤ ᠲᠡᠳᠡᠨ ᠢ ᠲᠤᠰᠠᠯᠠᠬᠤ ᠪᠣᠯᠣᠮᠵᠢ ᠦᠭᠡᠢ ᠪᠣᠯᠵᠠᠢ᠃ ᠤᠴᠢᠷ ᠨᠢ᠂ ᠹᠢᠯᠢᠰᠲ ᠤᠨ ᠨᠣᠶᠠᠳ ᠵᠥᠪᠯᠡᠯᠳᠦᠭᠰᠡᠨ ᠦ ᠳᠠᠷᠠᠭ᠎ᠠ᠄ 《ᠲᠡᠷᠡ ᠪᠢᠳᠡᠨ ᠦ ᠲᠣᠯᠣᠭᠠᠢ ᠶᠢ ᠠᠪᠴᠤ ᠥᠪᠡᠷ ᠦᠨ ᠢᠶᠠᠨ ᠡᠵᠡᠨ ᠰᠠᠦ᠋ᠯ ᠳᠤ ᠣᠷᠣᠵᠤ ᠥᠭᠬᠦ ᠮᠠᠭᠠᠳ ᠦᠭᠡᠢ》 ᠬᠡᠮᠡᠨ ᠳ᠋ᠠᠸᠢᠳ᠋ ᠢ ᠪᠤᠴᠠᠭᠠᠪᠠ᠃ 20 ᠳ᠋ᠠᠸᠢᠳ᠋ ᠽᠢᠺᠯᠠᠭ ᠤᠷᠤᠭᠤ ᠶᠠᠪᠤᠬᠤ ᠦᠶ᠎ᠡ ᠳᠦ᠂ ᠲᠡᠭᠦᠨ ᠦ ᠲᠠᠯ᠎ᠠ ᠳᠤ ᠣᠷᠣᠭᠰᠠᠨ ᠬᠡᠰᠡᠭ ᠮᠠᠨᠠᠰᠧᠴᠤᠳ᠄ ᠠᠳ᠋ᠨᠠ᠂ ᠶᠣᠽᠠᠪᠠᠳ᠋᠂ ᠶᠧᠳᠢᠶᠠᠶᠧᠯ᠂ ᠮᠢᠺᠠᠶᠧᠯ᠂ ᠶᠣᠽᠠᠪᠠᠳ᠋᠂ ᠡᠯᠢᠾᠦ᠋᠂ ᠽᠢᠯᠧᠲ᠋ᠠᠢ᠃ ᠲᠡᠳᠡ ᠪᠦᠭᠦᠳᠡᠭᠡᠷ ᠢᠶᠡᠨ ᠮᠠᠨᠠᠰᠧ ᠣᠪᠣᠭ ᠤᠨ ᠮᠢᠩ᠋ᠭᠠᠲᠤ ᠶᠢᠨ ᠳᠠᠷᠤᠭ᠎ᠠ ᠨᠠᠷ ᠪᠢᠯᠡ᠃ 21 ᠲᠡᠳᠡ ᠪᠦᠭᠦᠳᠡᠭᠡᠷ ᠢᠶᠡᠨ ᠵᠣᠷᠢᠭᠲᠤ ᠳᠠᠢᠴᠢᠳ ᠪᠥᠭᠡᠳ ᠴᠡᠷᠢᠭ ᠤᠨ ᠵᠠᠩᠵᠤᠨ ᠨᠠᠷ ᠪᠣᠯᠬᠣᠷ ᠳ᠋ᠠᠸᠢᠳ᠋ ᠲᠤ ᠲᠤᠰᠠᠯᠠᠨ ᠳᠣᠪᠲᠣᠯᠣᠭᠴᠢᠳ ᠢ ᠴᠣᠬᠢᠪᠠ᠃ 22 ᠳ᠋ᠠᠸᠢᠳ᠋ ᠢ ᠲᠤᠰᠠᠯᠠᠬᠤ ᠬᠥᠮᠦᠰ ᠡᠳᠦᠷ ᠪᠦᠷᠢ ᠢᠷᠡᠭᠰᠡᠭᠡᠷ ᠪᠤᠷᠬᠠᠨ ᠤ ᠴᠡᠷᠢᠭ ᠮᠡᠲᠦ ᠦᠯᠡᠮᠵᠢ ᠶᠡᠬᠡ ᠴᠡᠷᠢᠭ ᠪᠣᠯᠪᠠ᠃

23 ᠶᠣᠬᠣᠸᠠ ᠶᠢᠨ ᠬᠡᠯᠡᠭᠰᠡᠨ ᠶᠣᠰᠣᠭᠠᠷ ᠰᠠᠦ᠋ᠯ ᠤᠨ ᠬᠠᠭᠠᠨᠴᠢᠯᠠᠯ ᠢ ᠳ᠋ᠠᠸᠢᠳ᠋ ᠲᠤ ᠡᠷᠭᠢᠭᠦᠯᠬᠦ ᠶᠢᠨ ᠲᠤᠯᠠᠳᠠ ᠾᠧᠪᠷᠣᠨ ᠳᠤ ᠳ᠋ᠠᠸᠢᠳ᠋ ᠤᠷᠤᠭᠤ ᠬᠦᠷᠴᠦ ᠢᠷᠡᠭᠰᠡᠨ᠂ ᠵᠡᠪᠰᠡᠭᠯᠡᠭᠰᠡᠨ ᠳᠠᠢᠴᠢᠳ ᠤᠨ ᠲᠣᠭ᠎ᠠ᠄ 24 ᠶᠦᠳᠠᠴᠤᠳ ᠤᠨ ᠳᠤᠮᠳᠠ ᠠᠴᠠ ᠳᠠᠢᠲᠤᠬᠤ ᠪᠠᠷ ᠵᠡᠪᠰᠡᠭᠯᠡᠭᠰᠡᠨ ᠵᠢᠳᠠ ᠪᠠᠮᠪᠠᠢ ᠲᠠᠢ ᠳᠠᠢᠴᠢᠨ ᠵᠢᠷᠭᠤᠭᠠᠨ ᠮᠢᠩ᠋ᠭ᠎ᠠ ᠨᠠᠢ᠌ᠮᠠᠨ ᠵᠠᠭᠤ ᠪᠠᠢᠪᠠ᠃ 25 ᠰᠢᠮᠧᠶᠣᠨᠴᠤᠳ ᠤᠨ ᠳᠤᠮᠳᠠ ᠠᠴᠠ ᠳᠣᠯᠣᠭᠠᠨ ᠮᠢᠩ᠋ᠭ᠎ᠠ ᠨᠢᠭᠡ ᠵᠠᠭᠤᠨ ᠳᠠᠢᠴᠢᠨ; 26 ᠯᠧᠸᠢᠴᠦᠳ ᠦᠨ ᠳᠤᠮᠳᠠ ᠠᠴᠠ ᠳᠥᠷᠪᠡᠨ ᠮᠢᠩ᠋ᠭ᠎ᠠ ᠵᠢᠷᠭᠤᠭᠠᠨ ᠵᠠᠭᠤᠨ ᠳᠠᠢᠴᠢᠨ; 27 ᠲᠡᠳᠡᠨ ᠦ ᠳᠤᠮᠳᠠᠬᠢ ᠭᠤᠷᠪᠠᠨ ᠮᠢᠩ᠋ᠭ᠎ᠠ ᠳᠣᠯᠣᠭᠠᠨ ᠵᠠᠭᠤᠨ ᠬᠥᠮᠦᠨ ᠨᠢ ᠠᠷᠣᠨ ᠤ ᠤᠳᠤᠮ ᠤᠨ ᠠᠬᠠᠯᠠᠭᠴᠢ ᠶᠧᠬᠣᠢᠶᠠᠳᠠ ᠲᠠᠢ ᠬᠠᠮᠲᠤ ᠢᠷᠡᠪᠡ᠃ 28 ᠵᠠᠯᠠᠭᠤ ᠳᠠᠢᠴᠢᠨ ᠽᠠᠳᠣᠺ ᠴᠤ ᠠᠢᠮᠠᠭ ᠤᠨ ᠢᠶᠠᠨ ᠬᠣᠷᠢᠨ ᠬᠣᠶᠠᠷ ᠨᠣᠶᠠᠨ ᠲᠠᠢ ᠬᠠᠮᠲᠤ ᠢᠷᠡᠪᠡ᠃ 29 ᠰᠠᠦ᠋ᠯ ᠤᠨ ᠬᠠᠮᠢᠶᠠᠲᠠᠨ ᠪᠢᠨᠶᠠᠮᠢᠨᠴᠤᠳ ᠠᠴᠠ ᠭᠤᠷᠪᠠᠨ ᠮᠢᠩ᠋ᠭᠠᠨ ᠬᠥᠮᠦᠨ ᠢᠷᠡᠪᠡ᠃ ᠲᠡᠳᠡᠨ ᠦ ᠶᠡᠬᠡᠩᠬᠢ ᠨᠢ ᠲᠡᠷᠡ ᠦᠶ᠎ᠡ ᠬᠦᠷᠲᠡᠯ᠎ᠡ ᠰᠠᠦ᠋ᠯ ᠤᠨ ᠭᠡᠷ ᠲᠦ ᠰᠢᠳᠤᠷᠭᠤ ᠬᠡᠪ ᠢᠶᠡᠷ ᠪᠠᠢᠪᠠ᠃ 30 ᠡᠹᠷᠠᠢᠮᠴᠤᠳ ᠠᠴᠠ ᠬᠣᠶᠠᠷ ᠲᠦᠮᠡ ᠨᠠᠢ᠌ᠮᠠᠨ ᠵᠠᠭᠤᠨ ᠳᠠᠢᠴᠢᠨ ᠢᠷᠡᠪᠡ᠃ ᠲᠡᠳᠡ ᠪᠦᠭᠦᠳᠡᠭᠡᠷ ᠢᠶᠡᠨ ᠪᠦᠯᠢ ᠶᠢᠨ ᠢᠶᠠᠨ ᠨᠡᠷᠡᠲᠡᠢ ᠬᠥᠮᠦᠰ ᠪᠠᠢᠪᠠ᠃ 31 ᠮᠠᠨᠠᠰᠧ ᠶᠢᠨ ᠬᠠᠭᠠᠰ ᠣᠪᠣᠭ ᠠᠴᠠ ᠨᠢᠭᠡ ᠲᠦᠮᠡ ᠨᠠᠢ᠌ᠮᠠᠨ ᠮᠢᠩ᠋ᠭᠠᠨ ᠬᠥᠮᠦᠨ ᠳ᠋ᠠᠸᠢᠳ᠋ ᠢ ᠬᠠᠭᠠᠨ ᠪᠣᠯᠭᠠᠬᠤ ᠪᠠᠷ ᠰᠣᠩ᠋ᠭᠣᠭᠳᠠᠵᠤ ᠢᠷᠡᠪᠡ᠃ 32 ᠢᠰᠠᠺᠠᠷᠴᠤᠳ ᠠᠴᠠ ᠴᠠᠭ ᠢ ᠣᠢᠯᠠᠭᠠᠵᠤ᠂ ᠢᠰᠷᠧᠯ ᠤᠨ ᠶᠠᠭᠤ ᠬᠢᠬᠦ ᠶᠣᠰᠣᠲᠠᠢ ᠶᠢ ᠮᠡᠳᠡᠳᠡᠭ ᠬᠣᠶᠠᠷ ᠵᠠᠭᠤᠨ ᠤᠳᠤᠷᠢᠳᠤᠭᠴᠢ ᠬᠠᠮᠢᠶᠠᠲᠠᠳ ᠲᠠᠢ ᠪᠠᠨ ᠬᠠᠮᠲᠤ ᠢᠷᠡᠪᠡ᠃ 33 ᠽᠧᠪᠦ᠋ᠯᠣᠨ ᠠᠴᠠ ᠳ᠋ᠠᠸᠢᠳ᠋ ᠲᠤ ᠬᠣᠶᠠᠷ ᠰᠡᠳᠬᠢᠯ ᠦᠭᠡᠢ ᠲᠤᠰᠠᠯᠠᠬᠤ ᠪᠠᠷ ᠲᠠᠪᠤᠨ ᠲᠦᠮᠡᠨ ᠴᠡᠷᠢᠭ ᠢᠷᠡᠪᠡ᠃ ᠲᠡᠳᠡ ᠪᠠᠢᠯᠳᠤᠭᠠᠨ ᠳᠤ ᠮᠣᠷᠳᠠᠬᠤ ᠳᠤ ᠪᠡᠯᠡᠬᠡᠨ ᠪᠥᠭᠡᠳ ᠶᠠᠩᠵᠤ ᠪᠦᠷᠢ ᠶᠢᠨ ᠵᠡᠪᠰᠡᠭ ᠲᠦ ᠮᠡᠷᠭᠡᠰᠢᠭᠰᠡᠨ ᠪᠠᠢᠪᠠ᠃ 34 ᠨᠠᠹᠲ᠋ᠠᠯᠢ ᠡᠴᠡ ᠵᠢᠳᠠ ᠪᠠᠮᠪᠠᠢ ᠲᠠᠢ ᠭᠤᠷᠪᠠᠨ ᠲᠦᠮᠡ ᠳᠣᠯᠣᠭᠠᠨ ᠮᠢᠩ᠋ᠭᠠᠨ ᠡᠷ᠎ᠡ ᠲᠠᠢ ᠬᠠᠮᠲᠤ ᠮᠢᠩ᠋ᠭᠠᠨ ᠨᠣᠶᠠᠨ ᠢᠷᠡᠪᠡ᠃ 35 ᠳ᠋ᠠᠨᠴᠤᠳ ᠠᠴᠠ ᠪᠠᠢᠯᠳᠤᠭᠠᠨ ᠳᠤ ᠪᠡᠯᠡᠬᠡᠨ ᠬᠣᠶᠠᠷ ᠲᠦᠮᠡ ᠨᠠᠢ᠌ᠮᠠᠨ ᠮᠢᠩ᠋ᠭ᠎ᠠ ᠵᠢᠷᠭᠤᠭᠠᠨ ᠵᠠᠭᠤᠨ ᠬᠥᠮᠦᠨ ᠢᠷᠡᠪᠡ᠃ 36 ᠠᠱᠧᠷ ᠡᠴᠡ ᠪᠠᠢᠯᠳᠤᠭᠠᠨ ᠳᠤ ᠪᠡᠯᠡᠬᠡᠨ ᠳᠥᠷᠪᠡᠨ ᠲᠦᠮᠡᠨ ᠬᠠᠰᠢᠷ ᠴᠡᠷᠢᠭ ᠢᠷᠡᠪᠡ᠃ 37 ᠶᠣᠷᠳᠠᠨ ᠤ ᠲᠡᠷᠲᠡᠭᠡᠬᠢ ᠷᠧᠣᠪᠧᠨ᠂ ᠭᠠᠳ᠋᠂ ᠮᠠᠨᠠᠰᠧ ᠶᠢᠨ ᠬᠠᠭᠠᠰ ᠣᠪᠣᠭ ᠠᠴᠠ ᠴᠤ ᠪᠠᠢᠯᠳᠤᠭᠠᠨ ᠤ ᠲᠥᠷᠥᠯ ᠪᠦᠷᠢ ᠶᠢᠨ ᠵᠡᠪᠰᠡᠭ ᠲᠡᠢ ᠠᠷᠪᠠᠨ ᠬᠣᠶᠠᠷ ᠲᠦᠮᠡᠨ ᠬᠥᠮᠦᠨ ᠢᠷᠡᠪᠡ᠃

38 ᠲᠤᠯᠤᠯᠳᠤᠭᠠᠨ ᠤ ᠪᠡᠯᠡᠳᠬᠡᠯ ᠲᠡᠢ ᠡᠳᠡᠭᠡᠷ ᠳᠠᠢᠴᠢᠳ ᠳ᠋ᠠᠸᠢᠳ᠋ ᠢ ᠪᠦᠬᠦ ᠢᠰᠷᠧᠯ ᠤᠨ ᠬᠠᠭᠠᠨ ᠢᠶᠠᠷ ᠡᠷᠭᠦᠮᠵᠢᠯᠡᠨ᠎ᠡ ᠭᠡᠵᠦ ᠬᠣᠶᠠᠷ ᠰᠡᠳᠬᠢᠯ ᠦᠭᠡᠢ ᠪᠠᠷ ᠾᠧᠪᠷᠣᠨ ᠳᠤ ᠢᠷᠡᠵᠡᠢ᠃ ᠪᠤᠰᠤᠳ ᠢᠰᠷᠧᠯᠴᠦᠳ ᠴᠤ ᠪᠦᠭᠦᠳᠡᠭᠡᠷ ᠢᠶᠡᠨ ᠳ᠋ᠠᠸᠢᠳ᠋ ᠢ ᠬᠠᠭᠠᠨ ᠢᠶᠠᠷ ᠡᠷᠭᠦᠮᠵᠢᠯᠡᠬᠦ ᠳᠦ ᠨᠢᠭᠡ ᠰᠡᠳᠬᠢᠯ ᠲᠠᠢ ᠪᠠᠢᠪᠠ᠃ 39 ᠠᠷᠠᠳ ᠣᠯᠠᠨ ᠲᠡᠨᠳᠡ ᠬᠠᠮᠢᠶᠠᠲᠠᠨ ᠤ ᠪᠠᠨ ᠪᠡᠯᠡᠳᠬᠡᠭᠰᠡᠨ ᠶᠠᠭᠤᠮᠠᠰ ᠠᠴᠠ ᠢᠳᠡᠵᠦ ᠤᠤᠭᠤᠭᠰᠠᠭᠠᠷ ᠳ᠋ᠠᠸᠢᠳ᠋ ᠲᠠᠢ ᠬᠠᠮᠲᠤ ᠭᠤᠷᠪᠠ ᠬᠣᠨᠣᠭ ᠪᠠᠢᠬᠤ ᠳᠤ᠂ 40 ᠣᠢᠷ᠎ᠠ ᠣᠷᠴᠢᠮ ᠤᠨ ᠬᠢᠨᠢ ᠰᠠᠭᠤᠭᠠᠯᠢ ᠴᠤ ᠬᠣᠭᠣᠯᠠ ᠬᠦᠨᠡᠰᠦ ᠠᠪᠴᠢᠷᠠᠵᠤ ᠪᠠᠢᠪᠠ᠃ ᠲᠡᠷᠲᠡᠭᠡ ᠬᠣᠯᠠ ᠶᠢᠨ ᠢᠰᠠᠺᠠᠷ᠂ ᠽᠧᠪᠦ᠋ᠯᠣᠨ᠂ ᠨᠠᠹᠲ᠋ᠠᠯᠢ ᠡᠴᠡ ᠴᠤ ᠡᠯᠵᠢᠭᠡ᠂ ᠲᠡᠮᠡᠭᠡ᠂ ᠯᠠᠭᠤᠰᠠ᠂ ᠦᠬᠡᠷ ᠢᠶᠡᠷ ᠬᠦᠨᠡᠰᠦ ᠠᠴᠢᠨ᠂ ᠭᠤᠯᠢᠷ ᠢᠳᠡᠭᠡᠨ᠂ ᠢᠨᠵᠢᠷ ᠲᠠᠢ ᠪᠣᠣᠪᠣ᠂ ᠬᠠᠲᠠᠭᠠᠭᠰᠠᠨ ᠦᠵᠦᠮ᠂ ᠦᠵᠦᠮ ᠦᠨ ᠳᠠᠷᠠᠰᠤ᠂ ᠲᠣᠰᠣ᠂ ᠦᠬᠡᠷ᠂ ᠬᠣᠨᠢ ᠶᠢ ᠡᠯᠪᠡᠭ ᠳᠡᠯᠪᠡᠭ ᠠᠪᠴᠢᠷᠠᠭᠰᠠᠨ ᠳᠤ᠂ ᠢᠰᠷᠧᠯ ᠳᠠᠶᠠᠭᠠᠷ ᠪᠠᠶᠠᠷ ᠬᠥᠷ ᠢᠶᠡᠷ ᠪᠢᠯᠬᠠᠪᠠ᠃