1 2 3 4 5 6 7 8 9 10 11 12 13 14 15 16 17 18 19 20 21 22 23 24 25 26 27 28 29


ᠱᠠᠰᠲᠢᠷ ᠤᠨ ᠳᠡᠭᠡᠳᠦ ᠨᠠᠢ᠌ᠮᠠ

1 ᠪᠢᠨᠶᠠᠮᠢᠨ ᠤ ᠤᠤᠭᠠᠨ ᠬᠦᠦ ᠪᠧᠯᠠ᠂ ᠤᠳᠠᠭᠠᠬᠢ ᠬᠦᠦ ᠠᠱᠪᠧᠯ᠂ ᠭᠤᠷᠪᠠᠳᠤᠭᠠᠷ ᠬᠦᠦ ᠠᠬᠠᠷᠠ᠂ 2 ᠳᠥᠷᠪᠡᠳᠦᠭᠡᠷ ᠬᠦᠦ ᠨᠣᠬ᠎ᠠ᠂ ᠲᠠᠪᠤᠳᠤᠭᠠᠷ ᠬᠦᠦ ᠷᠠᠹᠠ᠃ 3 ᠪᠧᠯᠠ ᠶᠢᠨ ᠬᠥᠪᠡᠭᠦᠳ᠄ ᠠᠳᠠᠷ᠂ ᠭᠧᠷᠠ᠂ ᠠᠪᠢᠾᠦ᠋ᠳ᠋᠂ 4 ᠠᠪᠢᠱᠦ᠋ᠶᠠ᠂ ᠨᠠᠮᠠᠨ᠂ ᠠᠬᠣᠶᠠ᠂ 5 ᠭᠧᠷᠠ᠂ ᠱᠧᠹᠦ᠋ᠹᠠᠨ᠂ ᠾᠦᠷᠠᠮ᠃ 6 ᠡᠬᠦᠳ ᠦᠨ ᠦᠷ᠎ᠡ ᠤᠳᠤᠮ᠄ (ᠲᠡᠳᠡ ᠭᠧᠪᠠ ᠳᠤ ᠰᠠᠭᠤᠷᠢᠰᠢᠭᠰᠠᠨ ᠤᠳᠤᠮ ᠤᠨ ᠢᠶᠠᠨ ᠠᠬᠠᠯᠠᠭᠴᠢᠳ ᠪᠥᠭᠡᠳ ᠮᠠᠨᠠᠬᠠᠲ ᠲᠤ ᠴᠥᠯᠡᠭᠳᠡᠪᠡ᠃) 7 ᠨᠠᠮᠠᠨ᠂ ᠠᠾᠢᠶᠠ᠂ ᠭᠧᠷᠠ ᠪᠤᠶᠤ ᠭᠢᠯᠭᠠᠮ 5 ᠃ ᠭᠧᠷᠠ ᠶᠢᠨ ᠬᠥᠪᠡᠭᠦᠳ᠄ ᠦᠽᠽᠠ ᠪᠣᠯᠣᠨ ᠠᠾᠢᠾᠦ᠋ᠳ᠋᠃ 8 ᠱᠠᠬᠠᠷᠠᠢᠮ ᠡᠬᠡᠨᠡᠷ ᠾᠦᠱᠢᠮ᠂ ᠪᠠᠷᠠ ᠬᠣᠶᠠᠷ ᠢᠶᠠᠨ ᠶᠠᠪᠤᠭᠤᠯᠤᠭᠰᠠᠨ ᠤ ᠳᠠᠷᠠᠭ᠎ᠠ᠂ ᠮᠣᠶᠠᠪ ᠨᠤᠲᠤᠭ ᠲᠤ ᠬᠡᠦᠬᠡᠳ ᠲᠡᠢ ᠪᠣᠯᠪᠠ᠃ 9 ᠰᠢᠨ᠎ᠡ ᠡᠬᠡᠨᠡᠷ ᠬᠣᠳᠧᠱ ᠡᠴᠡ ᠨᠢ ᠶᠣᠪᠠᠪ᠂ ᠽᠢᠪᠢᠶ᠎ᠠ᠂ ᠮᠧᠱᠠ᠂ ᠮᠠᠯᠺᠠᠮ᠂ 10 ᠶᠧᠶᠦ᠋ᠽ᠂ ᠰᠠᠺᠢᠶ᠎ᠠ᠂ ᠮᠢᠷᠮᠠ ᠲᠥᠷᠥᠪᠡ᠃ ᠡᠳᠡ ᠨᠠᠷ ᠪᠣᠯ ᠲᠡᠭᠦᠨ ᠦ ᠬᠥᠪᠡᠭᠦᠳ ᠪᠥᠭᠡᠳ ᠤᠳᠤᠮ ᠤᠨ ᠢᠶᠠᠨ ᠠᠬᠠᠯᠠᠭᠴᠢᠳ ᠪᠢᠯᠡ᠃ 11 ᠱᠠᠬᠠᠷᠠᠢᠮ ᠳᠤ ᠪᠠᠰᠠ ᠡᠬᠡᠨᠡᠷ ᠾᠦᠱᠢᠮ ᠡᠴᠡ ᠨᠢ ᠲᠥᠷᠥᠭᠰᠡᠨ ᠠᠪᠢᠲ᠋ᠦ᠋ᠪ ᠪᠣᠯᠣᠨ ᠡᠯᠫᠠᠯ ᠪᠠᠢᠪᠠ᠃ 12 ᠡᠯᠫᠠᠯ ᠤᠨ ᠬᠥᠪᠡᠭᠦᠳ᠄ ᠡᠪᠧᠷ᠂ ᠮᠢᠱᠠᠮ᠂ ᠱᠧᠮᠧᠳ᠋ (ᠲᠡᠷᠡ ᠪᠡᠷ ᠣᠨᠣ᠋᠂ ᠯᠣᠳ᠋ ᠪᠣᠯᠣᠨ ᠲᠡᠭᠦᠨ ᠦ ᠲᠣᠭᠣᠷᠢᠨ ᠳᠠᠬᠢ ᠲᠣᠰᠬᠣᠳ ᠢ ᠪᠠᠢᠭᠤᠯᠪᠠ)᠂ 13 ᠪᠧᠷᠢᠶ᠎ᠠ᠂ ᠱᠧᠮᠠ᠃ ᠪᠧᠷᠢᠶ᠎ᠠ ᠱᠧᠮᠠ ᠬᠣᠶᠠᠭᠤᠯᠠ ᠠᠶᠠᠯᠣᠨ ᠳᠤ ᠰᠠᠭᠤᠷᠢᠰᠢᠳᠠᠭ ᠤᠳᠤᠮ ᠤᠨ ᠠᠬᠠᠯᠠᠭᠴᠢᠳ ᠪᠥᠭᠡᠳ ᠲᠡᠳᠡ ᠭᠠᠲ ᠤᠨ ᠰᠠᠭᠤᠭᠠᠯᠢᠴᠢᠳ ᠢ ᠬᠥᠭᠡᠭᠡᠨ ᠭᠠᠷᠭᠠᠵᠠᠢ᠃ 14 ᠪᠧᠷᠢᠶ᠎ᠠ ᠶᠢᠨ ᠬᠥᠪᠡᠭᠦᠳ᠄ ᠠᠾᠢᠣ᠋᠂ ᠱᠠᠱᠠᠺ᠂ ᠶᠧᠷᠧᠮᠣᠲ᠂ 15 ᠽᠧᠪᠠᠳᠢᠶ᠎ᠠ᠂ ᠠᠷᠠᠳ᠋᠂ ᠡᠳᠧᠷ᠂ 16 ᠮᠢᠺᠠᠶᠧᠯ᠂ ᠢᠱᠫᠠ᠂ ᠶᠣᠬ᠎ᠠ᠃ 17 ᠡᠯᠫᠠᠯ ᠤᠨ ᠬᠥᠪᠡᠭᠦᠳ᠄ ᠽᠧᠪᠠᠳᠢᠶ᠎ᠠ᠂ ᠮᠧᠱᠦ᠋ᠯᠠᠮ᠂ ᠾᠢᠽᠺᠢ᠂ ᠾᠧᠪᠧᠷ᠂ 18 ᠢᠱᠮᠧᠷᠠᠢ᠂ ᠢᠽᠯᠢᠶ᠎ᠠ᠂ ᠶᠣᠪᠠᠪ᠃ 19 ᠱᠢᠮᠧᠶᠢ ᠶᠢᠨ ᠬᠥᠪᠡᠭᠦᠳ᠄ ᠶᠠᠺᠢᠮ᠂ ᠽᠢᠺᠷᠢ᠂ ᠽᠠᠪᠳᠢ᠂ 20 ᠡᠯᠢᠶᠧᠨᠠᠢ᠂ ᠽᠢᠯᠧᠲ᠋ᠠᠢ᠂ ᠡᠯᠢᠶᠧᠯ᠂ 21 ᠠᠳᠠᠢᠶᠠ᠂ ᠪᠧᠷᠠᠢᠶ᠎ᠠ᠂ ᠱᠢᠮᠷᠠᠲ᠃ 22 ᠱᠠᠱᠠᠺ ᠤᠨ ᠬᠥᠪᠡᠭᠦᠳ᠄ ᠢᠱᠫᠠᠨ᠂ ᠡᠪᠧᠷ᠂ ᠡᠯᠢᠶᠧᠯ᠂ 23 ᠠᠪᠳᠣᠨ᠂ ᠽᠢᠺᠷᠢ᠂ ᠬᠠᠨᠠᠨ᠂ 24 ᠬᠠᠨᠠᠨᠢᠶ᠎ᠠ᠂ ᠡᠯᠠᠮ᠂ ᠠᠨᠲ᠋ᠣᠲ᠋ᠢᠶ᠎ᠠ᠂ 25 ᠢᠹᠳᠧᠶ᠎ᠠ᠂ ᠫᠧᠨᠦ᠋ᠶᠧᠯ᠃ 26 ᠶᠧᠷᠣᠬᠠᠮ ᠤᠨ ᠬᠥᠪᠡᠭᠦᠳ᠄ ᠱᠠᠮᠱᠧᠷᠠᠢ᠂ ᠱᠧᠬᠠᠷᠢᠶ᠎ᠠ᠂ ᠠᠲ᠋ᠠᠯᠢᠶ᠎ᠠ᠂ 27 ᠶᠠᠷᠧᠱᠢᠶ᠎ᠠ᠂ ᠧᠯᠢᠶ᠎ᠠ᠂ ᠽᠢᠺᠷᠢ᠃ 28 ᠲᠡᠳᠡ ᠤᠳᠤᠮ ᠤᠨ ᠢᠶᠠᠨ ᠠᠬᠠᠯᠠᠭᠴᠢᠳ ᠪᠥᠭᠡᠳ ᠭᠡᠷ ᠦᠨ ᠢᠶᠠᠨ ᠴᠠᠳᠢᠭ ᠲᠤ ᠣᠷᠣᠪᠠ᠃ ᠡᠳᠡᠭᠡᠷ ᠤᠳᠤᠷᠢᠳᠤᠭᠴᠢᠳ ᠶᠧᠷᠦ᠋ᠰᠠᠯᠧᠮ ᠳᠤ ᠰᠠᠭᠤᠷᠢᠰᠢᠪᠠ᠃

29 ᠶᠧᠶᠧᠯ ᠭᠢᠪᠧᠶᠣᠨ ᠳᠤ ᠰᠠᠭᠤᠷᠢᠰᠢᠵᠤ᠂ ᠭᠢᠪᠧᠶᠣᠨ ᠤ ᠡᠭᠦᠰᠭᠡᠭᠴᠢ ᠪᠣᠯᠪᠠ᠃ ᠡᠬᠡᠨᠡᠷ ᠢ ᠨᠢ ᠮᠠᠺᠠ ᠭᠡᠳᠡᠭ᠃ 30 ᠤᠤᠭᠠᠨ ᠬᠦᠦ ᠨᠢ ᠠᠪᠳᠣᠨ᠂ ᠤᠳᠠᠭᠠᠬᠢ ᠨᠢ ᠽᠦᠷ᠂ ᠺᠢᠱ᠂ ᠪᠠᠯ᠂ ᠨᠠᠳᠠᠪ᠂ 31 ᠭᠧᠳᠣᠷ᠂ ᠠᠾᠢᠣ᠋᠂ ᠽᠧᠺᠧᠷ᠂ ᠮᠢᠺᠯᠣᠲ᠃ 32 ᠮᠢᠺᠯᠣᠲ ᠤᠨ ᠬᠦᠦ ᠱᠢᠮᠧᠶ᠎ᠠ᠃ ᠲᠡᠳᠡ ᠨᠠᠷ ᠴᠤ ᠬᠠᠮᠢᠶᠠᠲᠠᠨ ᠨᠤᠭᠤᠳ ᠤᠨ ᠢᠶᠠᠨ ᠳᠡᠷᠭᠡᠳᠡ᠂ ᠬᠠᠮᠢᠶᠠᠲᠠᠨ ᠨᠤᠭᠤᠳ ᠲᠠᠢ ᠪᠠᠨ ᠬᠠᠮᠲᠤ ᠶᠧᠷᠦ᠋ᠰᠠᠯᠧᠮ ᠳᠤ ᠰᠠᠭᠤᠵᠤ ᠪᠠᠢᠪᠠ᠃ 33 ᠨᠧᠷ ᠤᠨ ᠬᠦᠦ ᠺᠢᠱ᠂ ᠺᠢᠱ ᠤᠨ ᠬᠦᠦ ᠰᠠᠦ᠋ᠯ᠂ ᠰᠠᠦ᠋ᠯ ᠤᠨ ᠬᠦᠦ ᠶᠣᠨᠠᠲ᠋ᠠᠨ᠂ ᠮᠠᠯᠺᠢᠱᠦ᠋ᠶ᠎ᠠ᠂ ᠠᠪᠢᠨᠠᠳᠠᠪ᠂ ᠡᠱᠪᠠᠯ᠃ 34 ᠶᠣᠨᠠᠲ᠋ᠠᠨ ᠤ ᠬᠦᠦ ᠮᠧᠷᠢᠪ ᠪᠠᠯ᠂ ᠮᠧᠷᠢᠪ ᠪᠠᠯ ᠤᠨ ᠬᠦᠦ ᠮᠢᠺᠠ᠃ 35 ᠮᠢᠺᠠ ᠶᠢᠨ ᠬᠥᠪᠡᠭᠦᠳ᠄ ᠫᠢᠲ᠋ᠣᠨ᠂ ᠮᠧᠯᠧᠺ᠂ ᠲᠠᠷᠧᠶ᠎ᠠ᠂ ᠠᠬᠠᠽ᠃ 36 ᠠᠬᠠᠽ ᠤᠨ ᠬᠦᠦ ᠶᠧᠬᠣᠶᠠᠳᠠ᠂ ᠶᠧᠬᠣᠶᠠᠳᠠ ᠶᠢᠨ ᠬᠥᠪᠡᠭᠦᠳ᠄ ᠠᠯᠧᠮᠧᠲ᠂ ᠠᠽᠮᠠᠸᠧᠲ᠂ ᠽᠢᠮᠷᠢ᠃ ᠽᠢᠮᠷᠢ ᠶᠢᠨ ᠬᠦᠦ ᠮᠣᠽᠠ᠂ 37 ᠮᠣᠽᠠ ᠶᠢᠨ ᠬᠦᠦ ᠪᠢᠨᠧᠶ᠎ᠠ᠂ ᠪᠢᠨᠧᠶ᠎ᠠ ᠶᠢᠨ ᠬᠦᠦ ᠷᠠᠹᠠ᠂ ᠲᠡᠭᠦᠨ ᠦ ᠬᠦᠦ ᠡᠯᠧᠶᠠᠰᠠ᠂ ᠲᠡᠭᠦᠨ ᠦ ᠬᠦᠦ ᠠᠽᠧᠯ᠃ 38 ᠠᠽᠧᠯ ᠵᠢᠷᠭᠤᠭᠠᠨ ᠬᠦᠦ ᠲᠠᠢ ᠪᠥᠭᠡᠳ ᠲᠡᠳᠡᠨ ᠢ ᠠᠽᠷᠢᠺᠠᠮ᠂ ᠪᠣᠺᠧᠷᠦ᠋᠂ ᠢᠱᠮᠠᠶᠧᠯ᠂ ᠱᠧᠶᠠᠷᠢᠶ᠎ᠠ᠂ ᠣᠪᠠᠳᠢᠶ᠎ᠠ᠂ ᠬᠠᠨᠠᠨ ᠭᠡᠳᠡᠭ᠃ ᠡᠳᠡ ᠪᠦᠭᠦᠳᠡ ᠠᠽᠧᠯ ᠤᠨ ᠬᠥᠪᠡᠭᠦᠳ ᠶᠤᠮ᠃ 39 ᠠᠽᠧᠯ ᠤᠨ ᠳᠡᠭᠦᠦ ᠡᠱᠧᠺ ᠤᠨ ᠬᠥᠪᠡᠭᠦᠳ᠄ ᠤᠤᠭᠠᠨ ᠨᠢ ᠦᠯᠠᠮ᠂ ᠤᠳᠠᠭᠠᠬᠢ ᠨᠢ ᠶᠧᠶᠦ᠋ᠱ᠂ ᠭᠤᠷᠪᠠᠳᠤᠭᠠᠷ ᠨᠢ ᠡᠯᠢᠹᠧᠯᠧᠲ᠃ 40 ᠦᠯᠠᠮ ᠤᠨ ᠬᠥᠪᠡᠭᠦᠳ ᠨᠢ ᠵᠣᠷᠢᠭᠲᠤ ᠳᠠᠢᠴᠢᠳ᠂ ᠮᠡᠷᠭᠡᠨ ᠬᠠᠷᠪᠤᠭᠠᠴᠢᠳ ᠪᠠᠢᠯ᠎ᠠ᠃ ᠲᠡᠳᠡ ᠣᠯᠠᠨ ᠬᠦᠦ᠂ ᠠᠴᠢ ᠨᠠᠷ ᠲᠠᠢ ᠪᠥᠭᠡᠳ ᠨᠡᠢᠲᠡ ᠵᠠᠭᠤ ᠲᠠᠪᠢ ᠪᠠᠢᠪᠠ᠃ ᠡᠳᠡ ᠪᠦᠭᠦᠳᠡ ᠪᠢᠨᠶᠠᠮᠢᠨ ᠤ ᠦᠷ᠎ᠡ ᠤᠳᠤᠮ ᠪᠢᠯᠡ᠃