1 2 3 4 5 6 7 8 9 10 11 12 13 14 15 16 17 18 19 20 21 22 23 24 25 26 27 28 29


ᠱᠠᠰᠲᠢᠷ ᠤᠨ ᠳᠡᠭᠡᠳᠦ ᠬᠣᠷᠢᠨ ᠲᠠᠪᠤ
 ᠮᠠᠭᠲᠠᠭᠠᠯ ᠤᠨ ᠪᠠᠭ

1 ᠳ᠋ᠠᠸᠢᠳ᠋ ᠪᠣᠯᠣᠨ ᠴᠡᠷᠢᠭ ᠤᠨ ᠵᠠᠩᠵᠤᠨ ᠨᠠᠷ ᠨᠢ ᠠᠰᠠᠹ᠂ ᠾᠧᠮᠠᠨ᠂ ᠶᠧᠳᠦ᠋ᠲ᠋ᠦ᠋ᠨ ᠤ ᠬᠥᠪᠡᠭᠦᠳ ᠦᠨ ᠵᠠᠷᠢᠮ ᠢ ᠶᠠᠲᠤᠭ᠎ᠠ᠂ ᠬᠤᠭᠤᠷ᠂ ᠴᠠᠩ ᠲᠣᠭᠯᠠᠨ ᠠᠷᠢᠭᠤᠨ ᠳᠠᠭᠤᠤ ᠳᠠᠭᠤᠯᠠᠬᠤ 23 ᠦᠢᠯᠡᠴᠢᠯᠡᠯ ᠳᠦ ᠲᠤᠰᠠᠭᠠᠷᠯᠠᠨ ᠠᠪᠴᠠᠢ᠃ ᠡᠨᠡ ᠦᠢᠯᠡᠴᠢᠯᠡᠯ ᠳᠦ ᠣᠷᠣᠭᠰᠠᠨ ᠮᠡᠷᠭᠡᠵᠢᠯᠲᠡᠨ ᠦ ᠵᠢᠭᠰᠠᠭᠠᠯᠲᠠ᠄ 2 ᠠᠰᠠᠹ ᠤᠨ ᠬᠥᠪᠡᠭᠦᠳ᠄ ᠽᠠᠺᠦ᠋ᠷ᠂ ᠶᠣᠰᠧᠹ᠂ ᠨᠧᠲ᠋ᠠᠨᠢᠶ᠎ᠠ᠂ ᠠᠱᠠᠷᠧᠯᠠ᠃ ᠲᠡᠳᠡ ᠬᠠᠭᠠᠨ ᠤ ᠵᠢᠭᠠᠪᠤᠷᠢ ᠪᠠᠷ ᠠᠷᠢᠭᠤᠨ ᠳᠠᠭᠤᠤ ᠳᠠᠭᠤᠯᠠᠳᠠᠭ ᠠᠰᠠᠹ ᠤᠨ ᠭᠠᠷ ᠳᠣᠣᠷ᠎ᠠ ᠪᠠᠢᠪᠠ᠃ 3 ᠶᠧᠳᠦ᠋ᠲ᠋ᠦ᠋ᠨ ᠤ ᠬᠥᠪᠡᠭᠦᠳ᠄ ᠭᠧᠳᠠᠯᠢᠶ᠎ᠠ᠂ ᠽᠧᠷᠢ᠂ ᠶᠧᠱᠠᠢᠶ᠎ᠠ᠂ ᠱᠢᠮᠧᠶᠢ᠂ ᠬᠠᠱᠠᠪᠢᠶ᠎ᠠ᠂ ᠮᠠᠲ᠋ᠢᠲ᠋ᠢᠶ᠎ᠠ᠂ ᠲᠡᠳᠡ ᠪᠦᠭᠦᠳᠡ ᠵᠢᠷᠭᠤᠭᠤᠯᠠ᠃ ᠲᠡᠳᠡ ᠶᠠᠲᠤᠭ᠎ᠠ ᠴᠢᠪᠬᠠᠳᠠᠨ ᠶᠣᠬᠣᠸᠠ ᠳᠤ ᠲᠠᠯᠠᠷᠬᠠᠯ ᠮᠠᠭᠲᠠᠭᠠᠯ ᠡᠷᠭᠦᠵᠦ᠂ ᠡᠰᠢ ᠦᠵᠡᠭᠦᠯᠳᠡᠭ 24 ᠡᠴᠢᠭᠡ ᠶᠧᠳᠦ᠋ᠲ᠋ᠦ᠋ᠨ ᠤ ᠪᠠᠨ ᠭᠠᠷ ᠳᠣᠣᠷ᠎ᠠ ᠪᠠᠢᠯ᠎ᠠ᠃ 4 ᠾᠧᠮᠠᠨ ᠤ ᠬᠥᠪᠡᠭᠦᠳ᠄ ᠪᠦᠺᠢᠶ᠎ᠠ᠂ ᠮᠠᠲ᠋ᠠᠨᠢᠶ᠎ᠠ᠂ ᠦᠽᠢᠶᠧᠯ᠂ ᠱᠦᠪᠠᠶᠧᠯ᠂ ᠶᠧᠷᠢᠮᠣᠲ᠂ ᠬᠠᠨᠠᠨᠢᠶ᠎ᠠ᠂ ᠬᠠᠨᠠᠨᠢ᠂ ᠡᠯᠢᠶᠠᠲ᠋ᠠ᠂ ᠭᠢᠳᠠᠯᠲ᠋ᠢ᠂ ᠷᠣᠮᠠᠮᠲ᠋ᠢ ᠡᠽᠧᠷ᠂ ᠶᠣᠱᠪᠧᠺᠠᠱᠠ᠂ ᠮᠠᠯᠣᠲ᠋ᠢ᠂ ᠬᠣᠲ᠋ᠢᠷ᠂ ᠮᠠᠬᠠᠽᠢᠶᠣᠲ᠃ 5 ᠲᠡᠳᠡ ᠪᠦᠭᠦᠳᠡᠭᠡᠷ ᠢᠶᠡᠨ ᠬᠠᠭᠠᠨ ᠤ ᠪᠣᠱᠣᠭᠴᠢ ᠾᠧᠮᠠᠨ ᠤ ᠬᠥᠪᠡᠭᠦᠳ ᠶᠤᠮ᠃ ᠲᠡᠭᠦᠨ ᠦ ᠨᠡᠷ᠎ᠡ ᠠᠯᠳᠠᠷ 25  ᠢ ᠮᠠᠨᠳᠤᠭᠤᠯᠤᠶ᠎ᠠ ᠭᠡᠵᠦ ᠪᠤᠷᠬᠠᠨ ᠤ ᠠᠮᠠᠯᠠᠭᠰᠠᠨ ᠶᠣᠰᠣᠭᠠᠷ ᠾᠧᠮᠠᠨ ᠡᠳᠡᠭᠡᠷ ᠬᠥᠪᠡᠭᠦᠨ ᠲᠡᠢ ᠪᠣᠯᠵᠠᠢ᠃ ᠪᠤᠷᠬᠠᠨ ᠾᠧᠮᠠᠨ ᠳᠤ ᠠᠷᠪᠠᠨ ᠳᠥᠷᠪᠡᠨ ᠬᠦᠦ᠂ ᠭᠤᠷᠪᠠᠨ ᠥᠬᠢᠨ ᠰᠣᠶᠣᠷᠬᠠᠪᠠ᠃ 6 ᠡᠳᠡ ᠪᠦᠭᠦᠳᠡᠭᠡᠷ ᠢᠶᠡᠨ ᠪᠤᠷᠬᠠᠨ ᠤ ᠥᠷᠭᠥᠭᠡᠨ ᠳᠦ ᠦᠢᠯᠡᠴᠢᠯᠡᠬᠦ ᠶᠢᠨ ᠲᠤᠯᠠᠳᠠ ᠴᠠᠩ᠂ ᠬᠤᠭᠤᠷ᠂ ᠶᠠᠲᠤᠭ᠎ᠠ ᠨᠡᠢᠯᠡᠭᠦᠯᠦᠨ ᠳᠠᠭᠤᠯᠠᠵᠤ᠂ ᠶᠣᠬᠣᠸᠠ ᠶᠢᠨ ᠥᠷᠭᠥᠭᠡᠨ ᠳᠦ ᠡᠴᠢᠭᠡ ᠶᠢᠨ ᠢᠶᠠᠨ ᠭᠠᠷ ᠳᠣᠣᠷ᠎ᠠ ᠪᠠᠢᠯ᠎ᠠ᠃ ᠠᠰᠠᠹ᠂ ᠶᠧᠳᠦ᠋ᠲ᠋ᠦ᠋ᠨ᠂ ᠾᠧᠮᠠᠨ ᠨᠠᠷ ᠬᠠᠭᠠᠨ ᠤ ᠭᠠᠷ ᠳᠣᠣᠷ᠎ᠠ ᠪᠠᠢᠵᠠᠢ᠃ 7 ᠡᠳᠡ ᠨᠠᠷ ᠬᠠᠮᠢᠶᠠᠲᠠᠳ ᠲᠠᠢ ᠪᠠᠨ ᠬᠠᠮᠲᠤ ᠶᠣᠬᠣᠸᠠ ᠶᠢᠨ ᠡᠮᠦᠨ᠎ᠡ ᠬᠥᠭᠵᠢᠮᠳᠡᠨ ᠳᠠᠭᠤᠯᠠᠵᠤ ᠰᠤᠷᠤᠭᠠᠳ ᠪᠦᠭᠦᠳᠡᠭᠡᠷ ᠢᠶᠡᠨ ᠳᠠᠳᠮᠠᠭᠠᠢ ᠪᠣᠯᠪᠠ᠃ ᠲᠡᠳᠡ ᠪᠦᠭᠦᠳᠡ ᠬᠣᠶᠠᠷ ᠵᠠᠭᠤ ᠨᠠᠶᠠᠨ ᠨᠠᠢ᠌ᠮᠠ ᠪᠠᠢᠪᠠ᠃ 8 ᠲᠡᠳᠡ ᠶᠡᠬᠡ ᠪᠠᠭ᠎ᠠ ᠪᠤᠶᠤ ᠪᠠᠭᠰᠢ ᠰᠤᠷᠤᠭᠴᠢ ᠭᠡᠵᠦ ᠢᠯᠭᠠᠯ ᠦᠭᠡᠢ ᠪᠦᠭᠦᠳᠡᠭᠡᠷ ᠡᠭᠦᠷᠭᠡ ᠪᠡᠨ ᠬᠤᠪᠢᠳᠠᠬᠤ ᠶᠢᠨ ᠲᠥᠯᠥᠭᠡ ᠰᠢᠪᠠᠭ᠎ᠠ ᠲᠠᠲᠠᠵᠠᠢ᠃

9 ᠠᠩ᠋ᠬᠠᠨ ᠤ ᠰᠢᠪᠠᠭ᠎ᠠ ᠨᠢ ᠠᠰᠠᠹ ᠤᠨ ᠬᠦᠦ ᠶᠣᠰᠧᠹ᠂ ᠲᠡᠭᠦᠨ ᠦ ᠬᠠᠮᠢᠶᠠᠲᠠᠨ ᠪᠣᠯᠣᠨ ᠬᠥᠪᠡᠭᠦᠳ ᠲᠦ ᠪᠠᠭᠤᠪᠠ᠃ ᠲᠡᠳᠡ ᠠᠷᠪᠠᠨ ᠬᠣᠶᠠᠭᠤᠯᠠ ᠪᠠᠢᠪᠠ᠃ ᠬᠣᠶᠠᠳᠠᠬᠢ ᠨᠢ ᠭᠧᠳᠠᠯᠢᠶ᠎ᠠ᠂ ᠲᠡᠳᠡᠨ ᠦ ᠬᠠᠮᠢᠶᠠᠲᠠᠳ ᠪᠣᠯᠣᠨ ᠬᠥᠪᠡᠭᠦᠳ ᠲᠦ᠂ ᠲᠡᠳᠡ ᠠᠷᠪᠠᠨ ᠬᠣᠶᠠᠭᠤᠯᠠ ᠪᠠᠢᠪᠠ᠃ 10 ᠭᠤᠷᠪᠠᠳᠠᠬᠢ ᠨᠢ ᠽᠠᠺᠦ᠋ᠷ ᠲᠤ᠂ ᠲᠡᠭᠦᠨ ᠦ ᠬᠥᠪᠡᠭᠦᠳ ᠪᠣᠯᠣᠨ ᠬᠠᠮᠢᠶᠠᠲᠠᠳ ᠲᠤ᠂ ᠲᠡᠳᠡ ᠠᠷᠪᠠᠨ ᠬᠣᠶᠠᠭᠤᠯᠠ ᠪᠠᠢᠪᠠ᠃ 11 ᠳᠥᠷᠪᠡᠳᠡᠬᠢ ᠨᠢ ᠢᠽᠷᠢ ᠳᠤ᠂ ᠲᠡᠭᠦᠨ ᠦ ᠬᠥᠪᠡᠭᠦᠳ ᠪᠣᠯᠣᠨ ᠬᠠᠮᠢᠶᠠᠲᠠᠳ ᠲᠤ᠂ ᠲᠡᠳᠡ ᠠᠷᠪᠠᠨ ᠬᠣᠶᠠᠭᠤᠯᠠ ᠪᠠᠢᠪᠠ᠃ 12 ᠲᠠᠪᠤᠳᠠᠬᠢ ᠨᠢ ᠨᠧᠲ᠋ᠠᠨᠢᠶ᠎ᠠ ᠳᠤ᠂ ᠲᠡᠭᠦᠨ ᠦ ᠬᠥᠪᠡᠭᠦᠳ ᠪᠣᠯᠣᠨ ᠬᠠᠮᠢᠶᠠᠲᠠᠳ ᠲᠤ᠂ ᠲᠡᠳᠡ ᠠᠷᠪᠠᠨ ᠬᠣᠶᠠᠭᠤᠯᠠ ᠪᠠᠢᠪᠠ᠃ 13 ᠵᠢᠷᠭᠤᠳᠠᠬᠢ ᠨᠢ ᠪᠦᠺᠢᠶ᠎ᠠ ᠳᠤ᠂ ᠲᠡᠭᠦᠨ ᠦ ᠬᠥᠪᠡᠭᠦᠳ ᠪᠣᠯᠣᠨ ᠬᠠᠮᠢᠶᠠᠲᠠᠳ ᠲᠤ᠂ ᠲᠡᠳᠡ ᠠᠷᠪᠠᠨ ᠬᠣᠶᠠᠭᠤᠯᠠ ᠪᠠᠢᠪᠠ᠃ 14 ᠳᠣᠯᠣᠳᠠᠬᠢ ᠨᠢ ᠶᠧᠱᠠᠷᠧᠯᠠ ᠳᠤ᠂ ᠲᠡᠭᠦᠨ ᠦ ᠬᠥᠪᠡᠭᠦᠳ ᠪᠣᠯᠣᠨ ᠬᠠᠮᠢᠶᠠᠲᠠᠳ ᠲᠤ᠂ ᠲᠡᠳᠡ ᠠᠷᠪᠠᠨ ᠬᠣᠶᠠᠭᠤᠯᠠ ᠪᠠᠢᠪᠠ᠃ 15 ᠨᠠᠢ᠌ᠮᠠᠳᠠᠬᠢ ᠨᠢ ᠶᠧᠱᠠᠢᠶ᠎ᠠ ᠳᠤ᠂ ᠲᠡᠭᠦᠨ ᠦ ᠬᠥᠪᠡᠭᠦᠳ ᠪᠣᠯᠣᠨ ᠬᠠᠮᠢᠶᠠᠲᠠᠳ ᠲᠤ᠂ ᠲᠡᠳᠡ ᠠᠷᠪᠠᠨ ᠬᠣᠶᠠᠭᠤᠯᠠ ᠪᠠᠢᠪᠠ᠃ 16 ᠶᠢᠰᠦᠳᠡᠬᠢ ᠨᠢ ᠮᠠᠲ᠋ᠠᠨᠢᠶ᠎ᠠ ᠳᠤ᠂ ᠲᠡᠭᠦᠨ ᠦ ᠬᠥᠪᠡᠭᠦᠳ ᠪᠣᠯᠣᠨ ᠬᠠᠮᠢᠶᠠᠲᠠᠳ ᠲᠤ᠂ ᠲᠡᠳᠡ ᠠᠷᠪᠠᠨ ᠬᠣᠶᠠᠭᠤᠯᠠ ᠪᠠᠢᠪᠠ᠃ 17 ᠠᠷᠪᠠᠳᠠᠬᠢ ᠨᠢ ᠱᠢᠮᠧᠶᠢ ᠳᠤ᠂ ᠲᠡᠭᠦᠨ ᠦ ᠬᠥᠪᠡᠭᠦᠳ ᠪᠣᠯᠣᠨ ᠬᠠᠮᠢᠶᠠᠲᠠᠳ ᠲᠤ᠂ ᠲᠡᠳᠡ ᠠᠷᠪᠠᠨ ᠬᠣᠶᠠᠭᠤᠯᠠ ᠪᠠᠢᠪᠠ᠃ 18 ᠠᠷᠪᠠᠨ ᠨᠢᠭᠡᠳᠡᠬᠢ ᠨᠢ ᠠᠽᠠᠷᠧᠯ ᠳᠤ᠂ ᠲᠡᠭᠦᠨ ᠦ ᠬᠥᠪᠡᠭᠦᠳ ᠪᠣᠯᠣᠨ ᠬᠠᠮᠢᠶᠠᠲᠠᠳ ᠲᠤ᠂ ᠲᠡᠳᠡ ᠠᠷᠪᠠᠨ ᠬᠣᠶᠠᠭᠤᠯᠠ ᠪᠠᠢᠪᠠ᠃ 19 ᠠᠷᠪᠠᠨ ᠬᠣᠶᠠᠳᠠᠬᠢ ᠨᠢ ᠬᠠᠱᠠᠪᠢᠶ᠎ᠠ ᠳᠤ᠂ ᠲᠡᠭᠦᠨ ᠦ ᠬᠥᠪᠡᠭᠦᠳ ᠪᠣᠯᠣᠨ ᠬᠠᠮᠢᠶᠠᠲᠠᠳ ᠲᠤ᠂ ᠲᠡᠳᠡ ᠠᠷᠪᠠᠨ ᠬᠣᠶᠠᠭᠤᠯᠠ ᠪᠠᠢᠪᠠ᠃ 20 ᠠᠷᠪᠠᠨ ᠭᠤᠷᠪᠠᠳᠠᠬᠢ ᠨᠢ ᠱᠦᠪᠠᠶᠧᠯ ᠳᠤ᠂ ᠲᠡᠭᠦᠨ ᠦ ᠬᠥᠪᠡᠭᠦᠳ ᠪᠣᠯᠣᠨ ᠬᠠᠮᠢᠶᠠᠲᠠᠳ ᠲᠤ᠂ ᠲᠡᠳᠡ ᠠᠷᠪᠠᠨ ᠬᠣᠶᠠᠭᠤᠯᠠ ᠪᠠᠢᠪᠠ᠃ 21 ᠠᠷᠪᠠᠨ ᠳᠥᠷᠪᠡᠳᠡᠬᠢ ᠨᠢ ᠮᠠᠲ᠋ᠢᠲ᠋ᠢᠶ᠎ᠠ ᠳᠤ᠂ ᠲᠡᠭᠦᠨ ᠦ ᠬᠥᠪᠡᠭᠦᠳ ᠪᠣᠯᠣᠨ ᠬᠠᠮᠢᠶᠠᠲᠠᠳ ᠲᠤ᠂ ᠲᠡᠳᠡ ᠠᠷᠪᠠᠨ ᠬᠣᠶᠠᠭᠤᠯᠠ ᠪᠠᠢᠪᠠ᠃ 22 ᠠᠷᠪᠠᠨ ᠲᠠᠪᠤᠳᠠᠬᠢ ᠨᠢ ᠶᠧᠷᠧᠮᠣᠲ ᠲᠤ᠂ ᠲᠡᠭᠦᠨ ᠦ ᠬᠥᠪᠡᠭᠦᠳ ᠪᠣᠯᠣᠨ ᠬᠠᠮᠢᠶᠠᠲᠠᠳ ᠲᠤ᠂ ᠲᠡᠳᠡ ᠠᠷᠪᠠᠨ ᠬᠣᠶᠠᠭᠤᠯᠠ ᠪᠠᠢᠪᠠ᠃ 23 ᠠᠷᠪᠠᠨ ᠵᠢᠷᠭᠤᠳᠠᠬᠢ ᠨᠢ ᠬᠠᠨᠠᠨᠢᠶ᠎ᠠ ᠳᠤ᠂ ᠲᠡᠭᠦᠨ ᠦ ᠬᠥᠪᠡᠭᠦᠳ ᠪᠣᠯᠣᠨ ᠬᠠᠮᠢᠶᠠᠲᠠᠳ ᠲᠤ᠂ ᠲᠡᠳᠡ ᠠᠷᠪᠠᠨ ᠬᠣᠶᠠᠭᠤᠯᠠ ᠪᠠᠢᠪᠠ᠃ 24 ᠠᠷᠪᠠᠨ ᠳᠣᠯᠣᠳᠠᠬᠢ ᠨᠢ ᠶᠣᠱᠪᠧᠺᠠᠱᠠ ᠳᠤ᠂ ᠲᠡᠭᠦᠨ ᠦ ᠬᠥᠪᠡᠭᠦᠳ ᠪᠣᠯᠣᠨ ᠬᠠᠮᠢᠶᠠᠲᠠᠳ ᠲᠤ᠂ ᠲᠡᠳᠡ ᠠᠷᠪᠠᠨ ᠬᠣᠶᠠᠭᠤᠯᠠ ᠪᠠᠢᠪᠠ᠃ 25 ᠠᠷᠪᠠᠨ ᠨᠠᠢ᠌ᠮᠠᠳᠠᠬᠢ ᠨᠢ ᠬᠠᠨᠠᠨᠢ ᠳᠤ᠂ ᠲᠡᠭᠦᠨ ᠦ ᠬᠥᠪᠡᠭᠦᠳ ᠪᠣᠯᠣᠨ ᠬᠠᠮᠢᠶᠠᠲᠠᠳ ᠲᠤ᠂ ᠲᠡᠳᠡ ᠠᠷᠪᠠᠨ ᠬᠣᠶᠠᠭᠤᠯᠠ ᠪᠠᠢᠪᠠ᠃ 26 ᠠᠷᠪᠠ ᠶᠢᠰᠦᠳᠡᠬᠢ ᠨᠢ ᠮᠠᠯᠣᠲ᠋ᠢ ᠳᠤ᠂ ᠲᠡᠭᠦᠨ ᠦ ᠬᠥᠪᠡᠭᠦᠳ ᠪᠣᠯᠣᠨ ᠬᠠᠮᠢᠶᠠᠲᠠᠳ ᠲᠤ᠂ ᠲᠡᠳᠡ ᠠᠷᠪᠠᠨ ᠬᠣᠶᠠᠭᠤᠯᠠ ᠪᠠᠢᠪᠠ᠃ 27 ᠬᠣᠷᠢᠳᠠᠬᠢ ᠨᠢ ᠡᠯᠢᠶᠠᠲ᠋ᠨ ᠳᠤ᠂ ᠲᠡᠭᠦᠨ ᠦ ᠬᠥᠪᠡᠭᠦᠳ ᠪᠣᠯᠣᠨ ᠬᠠᠮᠢᠶᠠᠲᠠᠳ ᠲᠤ᠂ ᠲᠡᠳᠡ ᠠᠷᠪᠠᠨ ᠬᠣᠶᠠᠭᠤᠯᠠ ᠪᠠᠢᠪᠠ᠃ 28 ᠬᠣᠷᠢᠨ ᠨᠢᠭᠡᠳᠡᠬᠢ ᠨᠢ ᠬᠣᠲ᠋ᠢᠷ ᠲᠤ᠂ ᠲᠡᠭᠦᠨ ᠦ ᠬᠥᠪᠡᠭᠦᠳ ᠪᠣᠯᠣᠨ ᠬᠠᠮᠢᠶᠠᠲᠠᠳ ᠲᠤ᠂ ᠲᠡᠳᠡ ᠠᠷᠪᠠᠨ ᠬᠣᠶᠠᠭᠤᠯᠠ ᠪᠠᠢᠪᠠ᠃ 29 ᠬᠣᠷᠢᠨ ᠬᠣᠶᠠᠳᠠᠬᠢ ᠨᠢ ᠭᠢᠳᠠᠯᠲ᠋ᠢ ᠳᠤ᠂ ᠲᠡᠭᠦᠨ ᠦ ᠬᠥᠪᠡᠭᠦᠳ ᠪᠣᠯᠣᠨ ᠬᠠᠮᠢᠶᠠᠲᠠᠳ ᠲᠤ᠂ ᠲᠡᠳᠡ ᠠᠷᠪᠠᠨ ᠬᠣᠶᠠᠭᠤᠯᠠ ᠪᠠᠢᠪᠠ᠃ 30 ᠬᠣᠷᠢᠨ ᠭᠤᠷᠪᠠᠳᠠᠬᠢ ᠨᠢ ᠮᠠᠬᠠᠽᠢᠶᠣᠲ ᠲᠤ᠂ ᠲᠡᠭᠦᠨ ᠦ ᠬᠥᠪᠡᠭᠦᠳ ᠪᠣᠯᠣᠨ ᠬᠠᠮᠢᠶᠠᠲᠠᠳ ᠲᠤ᠂ ᠲᠡᠳᠡ ᠠᠷᠪᠠᠨ ᠬᠣᠶᠠᠭᠤᠯᠠ ᠪᠠᠢᠪᠠ᠃ 31 ᠬᠣᠷᠢᠨ ᠳᠥᠷᠪᠡᠳᠡᠬᠢ ᠨᠢ ᠷᠣᠮᠠᠮᠲ᠋ᠢ ᠡᠽᠧᠷ ᠲᠤ᠂ ᠲᠡᠭᠦᠨ ᠦ ᠬᠥᠪᠡᠭᠦᠳ ᠪᠣᠯᠣᠨ ᠬᠠᠮᠢᠶᠠᠲᠠᠳ ᠲᠤ᠂ ᠲᠡᠳᠡ ᠠᠷᠪᠠᠨ ᠬᠣᠶᠠᠭᠤᠯᠠ ᠪᠠᠢᠪᠠ᠃