ᠡᠽᠧᠺᠢᠶᠧᠯ ᠬᠣᠶᠠᠷ
ᠡᠽᠧᠺᠢᠶᠧᠯ ᠳᠠᠭᠤᠳᠠᠭᠳᠠᠪᠠ
1 ᠲᠡᠷᠡ ᠨᠠᠳᠠ ᠳᠤ᠄ 《ᠬᠥᠮᠦᠨ ᠦ ᠬᠦᠦ ᠴᠢ ᠬᠥᠯ ᠳᠡᠭᠡᠷ᠎ᠡ ᠪᠡᠨ ᠪᠣᠰᠣᠭᠲᠤᠨ᠂ ᠪᠢ ᠴᠢᠮ᠎ᠠ ᠲᠠᠢ ᠶᠠᠷᠢᠨ᠎ᠠ》 ᠭᠡᠪᠡ᠃ 2 ᠲᠡᠷᠡ ᠶᠠᠷᠢᠬᠤ ᠳᠤ ᠰᠦᠨᠡᠰᠦ 1 ᠮᠢᠨᠦ ᠳᠣᠲᠣᠷ᠎ᠠ ᠣᠷᠣᠵᠤ᠂ ᠨᠠᠮᠠᠶᠢ ᠬᠥᠯ ᠳᠡᠭᠡᠷ᠎ᠡ ᠮᠢᠨᠢ ᠪᠣᠰᠬᠠᠪᠠ᠃ ᠢᠩᠭᠢᠭᠡᠳ ᠪᠢ ᠲᠡᠭᠦᠨ ᠦ ᠠᠢᠯᠠᠳᠬᠤ ᠶᠢ ᠰᠣᠨᠣᠰᠪᠠ᠃ 3 ᠲᠡᠷᠡ ᠨᠠᠳᠠ ᠳᠤ᠄ 《ᠬᠥᠮᠦᠨ ᠦ ᠬᠦᠦ ᠡ᠂ ᠪᠢ ᠴᠢᠮᠠᠶᠢ ᠨᠠᠳᠠ ᠠᠴᠠ ᠲᠡᠷᠰᠯᠡᠭᠰᠡᠨ ᠲᠡᠷᠰᠯᠡᠭᠦᠦ ᠠᠷᠠᠳ ᠲᠦᠮᠡᠨ ᠢᠰᠷᠧᠯᠴᠦᠳ ᠤᠷᠤᠭᠤ ᠢᠯᠡᠭᠡᠵᠦ ᠪᠠᠢᠨ᠎ᠠ᠃ ᠲᠡᠳᠡ ᠡᠴᠢᠭᠡ ᠡᠪᠦᠭᠡᠳ ᠲᠡᠢ ᠪᠡᠨ ᠠᠳᠠᠯᠢ ᠨᠠᠳᠠ ᠠᠴᠠ ᠲᠡᠷᠰᠯᠡᠭᠰᠡᠭᠡᠷ ᠥᠨᠥᠳᠥᠷ ᠲᠦ ᠬᠦᠷᠦᠯ᠎ᠡ᠃ 4 ᠲᠡᠳᠡ ᠢᠴᠢᠭᠦᠷᠢ ᠦᠭᠡᠢ ᠵᠥᠷᠢᠭᠦᠳ ᠠᠷᠠᠳ ᠲᠦᠮᠡᠨ ᠶᠤᠮ᠃ ᠪᠢ ᠴᠢᠮᠠᠶᠢ ᠲᠡᠳᠡᠨ ᠤᠷᠤᠭᠤ ᠢᠯᠡᠭᠡᠵᠦ ᠪᠠᠢᠨ᠎ᠠ᠂ ᠴᠢ ᠲᠡᠳᠡᠨ ᠳᠦ᠄ 〈ᠡᠵᠡᠨ ᠶᠣᠬᠣᠸᠠ ᠡᠢᠨ ᠬᠦ ᠠᠢᠯᠠᠳᠤᠭᠰᠠᠨ〉 ᠭᠡᠵᠦ ᠬᠡᠯᠡ᠂ 5 ᠲᠡᠳᠡ ᠪᠣᠯ ᠲᠡᠷᠰᠯᠡᠭᠦᠦ ᠭᠡᠷ ᠦᠨ ᠬᠢᠨ᠃ ᠲᠡᠳᠡ ᠰᠣᠨᠣᠰᠣᠭᠰᠠᠨ ᠴᠤ᠂ ᠦᠯᠦ ᠰᠣᠨᠣᠰᠣᠭᠰᠠᠨ ᠴᠤ ᠥᠪᠡᠷᠰᠡᠳ ᠦᠨ ᠬᠢᠨᠢ ᠳᠤᠮᠳᠠ ᠡᠰᠢ ᠦᠵᠡᠭᠦᠯᠦᠭᠴᠢ ᠪᠠᠢᠭᠰᠠᠨ ᠭᠡᠳᠡᠭ ᠢ ᠮᠡᠳᠡᠬᠦ ᠶᠣᠰᠣᠲᠠᠢ᠃ 6 ᠬᠥᠮᠦᠨ ᠦ ᠬᠦᠦ ᠡ᠂ ᠴᠢᠨᠦ ᠡᠷᠭᠢᠨ ᠲᠣᠭᠣᠷᠢᠨ ᠳᠤ ᠬᠠᠯᠠᠭᠠᠢ ᠪᠠ ᠦᠭᠦᠷᠭᠡᠨ᠎ᠡ ᠪᠠᠢᠵᠤ᠂ ᠴᠢ ᠬᠢᠯᠢᠨᠴᠡᠲᠦ ᠬᠣᠷᠣᠬᠠᠢ ᠨᠤᠭᠤᠳ ᠤᠨ ᠳᠤᠮᠳᠠ ᠰᠠᠭᠤᠭᠰᠠᠨ ᠴᠤ ᠲᠡᠳᠡᠨ ᠡᠴᠡ᠂ ᠲᠡᠳᠡᠨ ᠦ ᠦᠭᠡᠨ ᠡᠴᠡ ᠪᠦᠦ ᠠᠶᠤ᠃ ᠲᠡᠳᠡ ᠪᠣᠯ ᠲᠡᠷᠰᠯᠡᠭᠦᠦ ᠭᠡᠷ ᠦᠨ ᠬᠢᠨ ᠲᠤᠯᠠ ᠲᠡᠳᠡᠨ ᠦ ᠦᠭᠡᠰ ᠡᠴᠡ ᠪᠦᠦ ᠠᠶᠤ᠂ ᠲᠡᠳᠡᠨ ᠦ ᠴᠢᠷᠠᠢ ᠠᠴᠠ ᠪᠦᠦ ᠰᠦᠷᠳᠡ᠃ 7 ᠲᠡᠳᠡ ᠲᠡᠷᠰᠯᠡᠭᠦᠦ ᠪᠢᠯᠡ᠃ ᠲᠡᠳᠡ ᠰᠣᠨᠣᠰᠣᠭᠰᠠᠨ ᠴᠤ᠂ ᠦᠯᠦ ᠰᠣᠨᠣᠰᠣᠭᠰᠠᠨ ᠴᠤ ᠴᠢ ᠮᠢᠨᠦ ᠦᠭᠡᠰ ᠢ ᠲᠡᠳᠡᠨ ᠳᠦ ᠬᠡᠯᠡᠬᠦ ᠶᠣᠰᠣᠲᠠᠢ᠃
8 ᠬᠥᠮᠦᠨ ᠦ ᠬᠦᠦ ᠴᠢ ᠬᠡᠯᠡᠬᠦ ᠦᠭᠡ ᠶᠢ ᠮᠢᠨᠢ ᠰᠣᠨᠣᠰ᠃ ᠲᠡᠷᠰᠯᠡᠭᠦᠦ ᠭᠡᠷ ᠦᠨ ᠬᠢᠨ ᠤ ᠠᠳᠠᠯᠢ ᠪᠦᠦ ᠲᠡᠷᠰᠯᠡ᠃ ᠠᠮᠠ ᠪᠠᠨ ᠨᠡᠭᠡᠭᠡᠵᠦ᠂ ᠥᠪᠡᠷ ᠲᠦ ᠴᠢᠨᠢ ᠥᠭᠬᠦ ᠶᠠᠭᠤᠮ᠎ᠠ ᠶᠢ ᠮᠢᠨᠢ ᠢᠳᠡ》 ᠭᠡᠪᠡ᠃ 9 ᠲᠡᠭᠡᠭᠡᠳ ᠪᠢ ᠨᠠᠳᠠ ᠤᠷᠤᠭᠤ ᠰᠤᠩ᠋ᠭᠠᠭᠰᠠᠨ ᠮᠤᠲᠤᠷ ᠢ ᠬᠠᠷᠠᠪᠠ᠂ ᠮᠤᠲᠤᠷ ᠲᠤᠨᠢ ᠬᠤᠢᠯᠠᠮᠠᠯ ᠨᠣᠮ ᠪᠠᠢᠪᠠ᠃ 10 ᠲᠡᠷᠡ ᠲᠡᠭᠦᠨ ᠢ ᠮᠢᠨᠦ ᠡᠮᠦᠨ᠎ᠡ ᠳᠡᠯᠭᠡᠪᠡ᠃ ᠲᠡᠷᠡ ᠨᠣᠮ ᠳᠤ ᠠᠷᠤ ᠡᠪᠦᠷ ᠦᠭᠡᠢ ᠡᠮᠭᠡᠨᠢᠯ᠂ ᠭᠠᠰᠢᠭᠤᠳᠠᠯ ᠪᠠ ᠰᠢᠨᠠᠯᠤᠯ ᠤᠨ ᠦᠭᠡᠰ ᠪᠢᠴᠢᠭᠳᠡᠭᠰᠡᠨ ᠪᠠᠢᠯ᠎ᠠ᠃