1 2 3 4 5 6 7 8 9 10 11 12 13 14 15 16 17 18 19 20 21 22 23 24 25 26 27 28 29 30 31 32 33 34 35 36 37 38 39 40 41 42 43 44 45 46 47 48


ᠡᠽᠧᠺᠢᠶᠧᠯ ᠬᠣᠷᠢᠨ ᠬᠣᠶᠠᠷ
 ᠶᠧᠷᠦ᠋ᠰᠠᠯᠧᠮ ᠤᠨ ᠨᠢᠭᠦᠯ ᠤᠳ

1 ᠶᠣᠬᠣᠸᠠ ᠶᠢᠨ ᠦᠭᠡ ᠨᠠᠳᠠ ᠳᠤ ᠢᠷᠡᠪᠡ᠄ 2 《ᠬᠥᠮᠦᠨ ᠦ ᠬᠦᠦ ᠴᠢ ᠰᠢᠭᠦᠬᠦ ᠦᠭᠡᠢ ᠤᠤ︖ ᠴᠢᠰᠤᠲᠤ ᠬᠣᠲᠠ ᠶᠢ ᠰᠢᠭᠦᠬᠦ ᠦᠭᠡᠢ ᠤᠤ︖ ᠲᠡᠭᠦᠨ ᠳᠦ ᠪᠦᠬᠦ ᠵᠢᠭᠰᠢᠭᠦᠷᠢᠲᠦ ᠦᠢᠯᠡᠰ ᠢ ᠨᠢ ᠮᠡᠳᠡᠭᠦᠯᠦᠨ 3 ᠢᠩᠭᠢᠵᠦ ᠬᠡᠯᠡ᠄ 〈ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠂ ᠥᠪᠡᠷ ᠦᠨ ᠢᠶᠠᠨ ᠳᠣᠲᠣᠷ᠎ᠠ ᠴᠢᠰᠤ ᠤᠷᠤᠰᠬᠠᠳᠠᠭ ᠢᠶᠠᠷ ᠢᠶᠠᠨ ᠰᠢᠳᠬᠡᠯ ᠦᠨ ᠴᠠᠭ ᠢ ᠥᠪᠡᠷ ᠲᠡᠭᠡᠨ ᠠᠪᠴᠢᠷᠠᠨ᠂ ᠰᠢᠲᠦᠭᠡᠨ ᠬᠢᠵᠦ ᠥᠪᠡᠷ ᠢ ᠪᠠᠨ ᠪᠤᠵᠠᠷᠯᠠᠳᠠᠭ ᠬᠣᠲᠠ ᠡ︕ 4 ᠴᠢ ᠤᠷᠤᠰᠬᠠᠭᠰᠠᠨ ᠴᠢᠰᠤ ᠪᠠᠷ ᠢᠶᠠᠨ ᠭᠡᠮ ᠲᠡᠢ ᠪᠣᠯᠵᠤ᠂ ᠬᠢᠭᠰᠡᠨ ᠰᠢᠲᠦᠭᠡᠨ ᠨᠦᠭᠦᠳ ᠢᠶᠡᠷ ᠢᠶᠠᠨ ᠥᠪᠡᠷ ᠢ ᠪᠠᠨ ᠪᠤᠵᠠᠷᠯᠠᠭᠰᠠᠨ᠃ ᠲᠡᠢᠨ ᠬᠦ ᠴᠢ ᠰᠢᠳᠬᠡᠯ ᠦᠨ ᠡᠳᠦᠷ ᠢᠶᠡᠨ ᠣᠢᠷᠠᠲᠤᠭᠤᠯᠵᠤ᠂ ᠰᠢᠳᠬᠡᠯ ᠦᠨ ᠵᠢᠯ ᠢᠶᠠᠨ ᠢᠷᠡᠭᠦᠯᠦᠭᠰᠡᠨ᠃ ᠡᠢᠮᠦ ᠡᠴᠡ ᠪᠢ ᠴᠢᠮᠠᠶᠢ ᠦᠨᠳᠦᠰᠦᠲᠡᠨ ᠨᠦᠭᠦᠳ ᠦᠨ ᠳᠣᠭᠣᠭᠢ᠂ ᠬᠠᠮᠤᠭ ᠭᠦᠷᠦᠨ ᠦ ᠡᠯᠡᠭ ᠪᠣᠯᠭᠠᠨ᠎ᠠ᠃ 5 ᠣᠢᠷ᠎ᠠ ᠶᠢᠨ ᠬᠢᠨ ᠴᠤ᠂ ᠬᠣᠯᠠ ᠶᠢᠨ ᠬᠢᠨ ᠴᠤ ᠴᠢᠮᠠᠶᠢ ᠳᠣᠷᠣᠮᠵᠢᠯᠠᠨ᠎ᠠ᠂ ᠮᠠᠭᠤ ᠨᠡᠷ᠎ᠡ ᠮᠤᠨᠳᠠᠭ ᠦᠢᠮᠡᠭᠡᠨ ᠲᠡᠢ ᠬᠣᠲᠠ ᠡ᠃

6 ᠬᠠᠷᠠ᠂ ᠴᠢᠨᠦ ᠳᠣᠲᠣᠷᠠᠬᠢ ᠢᠰᠷᠧᠯ ᠤᠨ ᠪᠦᠬᠦ ᠨᠣᠶᠠᠨ ᠡᠷᠬᠡ ᠪᠡᠨ ᠠᠰᠢᠭᠯᠠᠨ ᠴᠢᠰᠤ ᠤᠷᠤᠰᠬᠠᠭᠰᠠᠨ ᠪᠢᠯᠡ︕ 7 ᠴᠢᠨᠦ ᠳᠣᠲᠣᠷ᠎ᠠ ᠬᠥᠮᠦᠰ ᠡᠴᠢᠭᠡ ᠡᠬᠡ ᠪᠡᠨ ᠪᠠᠰᠤᠮᠵᠢᠯᠠᠭᠰᠠᠨ᠂ ᠴᠢᠨᠦ ᠳᠣᠲᠣᠷ᠎ᠠ ᠬᠥᠮᠦᠰ ᠬᠠᠷᠢ ᠬᠥᠮᠦᠰ ᠢ ᠳᠠᠷᠤᠯᠠᠭᠰᠠᠨ᠂ ᠴᠢᠨᠦ ᠳᠣᠲᠣᠷ᠎ᠠ ᠬᠥᠮᠦᠰ ᠥᠨᠥᠴᠢᠨ ᠪᠡᠯᠪᠡᠰᠦᠨ ᠢ ᠵᠣᠪᠠᠭᠠᠭᠰᠠᠨ᠃ 8 ᠴᠢ ᠠᠷᠢᠭᠤᠨ ᠶᠠᠭᠤᠮᠠᠰ ᠢ ᠮᠢᠨᠢ ᠪᠠᠰᠤᠮᠵᠢᠯᠠᠵᠤ᠂ ᠠᠮᠠᠷᠠᠯ ᠤᠨ ᠡᠳᠦᠷ ᠢ ᠮᠢᠨᠢ ᠪᠤᠵᠠᠷᠯᠠᠪᠠ᠃ 9 ᠴᠢᠨᠦ ᠳᠣᠲᠣᠷ᠎ᠠ ᠭᠦᠳᠬᠡᠯ ᠢᠶᠡᠷ ᠴᠢᠰᠤ ᠤᠷᠤᠰᠬᠠᠳᠠᠭ ᠬᠥᠮᠦᠰ ᠪᠤᠢ᠂ ᠴᠢᠨᠦ ᠳᠣᠲᠣᠷ᠎ᠠ ᠠᠭᠤᠯᠠ ᠶᠢᠨ ᠳᠤᠭᠠᠩ ᠲᠤ ᠢᠳᠡᠵᠦ ᠵᠠᠪᠬᠠᠢᠷᠠᠳᠠᠭ ᠬᠥᠮᠦᠰ ᠪᠤᠢ᠃ 10 ᠴᠢᠨᠦ ᠳᠣᠲᠣᠷ᠎ᠠ ᠡᠴᠢᠭᠡ ᠶᠢᠨ ᠢᠶᠠᠨ ᠨᠢᠴᠦᠭᠦᠨ ᠢ ᠢᠯᠡᠴᠢᠯᠡᠳᠡᠭ ᠬᠥᠮᠦᠰ᠂ ᠴᠢᠨᠦ ᠳᠣᠲᠣᠷ᠎ᠠ ᠰᠠᠷ᠎ᠠ ᠶᠢᠨ ᠲᠡᠮᠳᠡᠭ ᠲᠡᠢ ᠡᠮ᠎ᠡ ᠶᠢ ᠬᠦᠴᠦᠷᠬᠡᠭᠯᠡᠳᠡᠭ᠌ ᠬᠥᠮᠦᠰ ᠴᠤ ᠪᠤᠢ᠃ 11 ᠴᠢᠨᠦ ᠳᠣᠲᠣᠷ᠎ᠠ ᠵᠠᠷᠢᠮ ᠨᠢ ᠬᠥᠷᠰᠢ ᠶᠢᠨ ᠢᠶᠠᠨ ᠡᠬᠡᠨᠡᠷ ᠲᠡᠢ ᠵᠢᠭᠰᠢᠭᠦᠷᠢᠲᠦ ᠬᠡᠷᠡᠭ ᠢ ᠦᠢᠯᠡᠳᠴᠦ᠂ ᠵᠠᠷᠢᠮ ᠨᠢ ᠵᠠᠪᠬᠠᠢᠷᠠᠨ ᠪᠡᠷᠢ ᠪᠠᠨ ᠪᠤᠵᠠᠷᠯᠠᠳᠠᠭ᠂ ᠵᠠᠷᠢᠮ ᠨᠢ ᠡᠴᠢᠭᠡ ᠶᠢᠨ ᠢᠶᠠᠨ ᠥᠬᠢᠨ ᠪᠣᠯᠬᠤ ᠡᠭᠡᠴᠢ ᠳᠡᠭᠦᠦ ᠪᠡᠨ ᠬᠦᠴᠦᠷᠬᠡᠭᠯᠡᠳᠡᠭ᠌᠃ 12 ᠴᠢᠨᠦ ᠳᠣᠲᠣᠷ᠎ᠠ ᠬᠥᠮᠦᠰ ᠬᠠᠬᠤᠤᠯᠢ ᠠᠪᠴᠤ ᠴᠢᠰᠤ ᠤᠷᠤᠰᠬᠠᠳᠠᠭ᠂ ᠵᠢᠭᠡᠯᠡᠯᠭᠡ ᠲᠠᠯᠪᠢᠵᠤ ᠬᠦᠦ ᠪᠠ ᠠᠰᠢᠭ ᠣᠯᠵᠤ᠂ ᠬᠥᠷᠰᠢ ᠪᠠᠨ ᠮᠥᠯᠵᠢᠳᠡᠭ᠃ ᠲᠡᠢᠨ ᠬᠦ ᠴᠢ ᠨᠠᠮᠠᠶᠢ ᠮᠠᠷᠲᠠᠭᠰᠠᠨ᠃〉 ᠡᠵᠡᠨ ᠶᠣᠬᠣᠸᠠ ᠠᠢᠯᠠᠳᠴᠤ ᠪᠠᠢᠨ᠎ᠠ᠃

13 〈ᠬᠠᠷᠠ᠂ ᠴᠢᠨᠦ ᠣᠯᠵᠤ ᠠᠪᠤᠭᠰᠠᠨ ᠰᠢᠳᠤᠷᠭᠤ ᠪᠤᠰᠤ ᠠᠰᠢᠭ᠂ ᠴᠢᠨᠦ ᠳᠤᠮᠳᠠ ᠤᠷᠤᠰᠤᠭᠰᠠᠨ ᠴᠢᠰᠤᠨ ᠠᠴᠠ ᠪᠣᠯᠵᠤ ᠪᠢ ᠨᠢᠳᠤᠷᠭ᠎ᠠ ᠪᠠᠨ ᠵᠠᠩᠭᠢᠳᠤᠨ᠎ᠠ᠃ 14 ᠪᠢ ᠴᠢᠮ᠎ᠠ ᠳᠤ ᠬᠠᠷᠢᠭᠤᠯᠬᠤ ᠡᠳᠦᠷ ᠤᠳ ᠲᠤ ᠵᠢᠷᠦᠬᠡ ᠴᠢᠨᠢ ᠲᠡᠰᠬᠦ ᠤᠤ︖ ᠭᠠᠷ ᠴᠢᠨᠢ ᠬᠦᠴᠦᠲᠡᠢ ᠪᠠᠢᠵᠤ ᠴᠢᠳᠠᠬᠤ ᠤᠤ︖ ᠶᠣᠬᠣᠸᠠ ᠪᠢ ᠶᠠᠷᠢᠭᠰᠠᠨ᠂ ᠪᠢ ᠪᠡᠶᠡᠯᠡᠭᠦᠯᠦᠨ᠎ᠡ᠃ 15 ᠪᠢ ᠴᠢᠮᠠᠶᠢ ᠦᠨᠳᠦᠰᠦᠲᠡᠨ ᠨᠦᠭᠦᠳ ᠦᠨ ᠳᠤᠮᠳᠠ ᠪᠤᠲᠠᠷᠠᠭᠠᠵᠤ᠂ ᠭᠦᠷᠦᠨ ᠨᠦᠭᠦᠳ ᠢᠶᠡᠷ ᠲᠠᠷᠬᠠᠭᠠᠵᠤ᠂ ᠪᠤᠵᠠᠷ ᠢ ᠴᠢᠨᠢ ᠠᠷᠢᠯᠭᠠᠨ᠎ᠠ᠃ 16 ᠴᠢ ᠥᠪᠡᠷ ᠦᠨ ᠢᠶᠠᠨ ᠳᠣᠲᠣᠷ᠎ᠠ᠂ ᠦᠨᠳᠦᠰᠦᠲᠡᠨ ᠨᠦᠭᠦᠳ ᠦᠨ ᠨᠢᠳᠦᠨ ᠦ ᠡᠮᠦᠨ᠎ᠡ ᠪᠤᠵᠠᠷ ᠪᠣᠯᠣᠭᠰᠠᠨ ᠤ ᠳᠠᠷᠠᠭ᠎ᠠ᠂ ᠨᠠᠮᠠᠶᠢ ᠶᠣᠬᠣᠸᠠ ᠭᠡᠳᠡᠭ ᠢ ᠮᠡᠳᠡᠬᠦ ᠪᠣᠯᠣᠨ᠎ᠠ᠃〉》

17 ᠶᠣᠬᠣᠸᠠ ᠶᠢᠨ ᠦᠭᠡ ᠨᠠᠳᠠ ᠳᠤ ᠢᠷᠡᠪᠡ᠄ 18 《ᠬᠥᠮᠦᠨ ᠦ ᠬᠦᠦ ᠡ᠂ ᠢᠰᠷᠧᠯ ᠤᠨ ᠭᠡᠷ ᠨᠠᠳᠠ ᠳᠤ ᠰᠢᠭᠠᠷᠤ ᠪᠣᠯᠣᠭᠰᠠᠨ᠃ ᠲᠡᠳᠡ ᠪᠦᠭᠦᠳᠡᠭᠡᠷ ᠢᠶᠡᠨ ᠵᠤᠤᠬᠠᠨ ᠳᠠᠬᠢ ᠬᠦᠷᠡᠯ᠂ ᠲᠤᠭᠤᠯᠭ᠎ᠠ᠂ ᠲᠡᠮᠦᠷ᠂ ᠬᠠᠷ᠎ᠠ ᠲᠤᠭᠤᠯᠭ᠎ᠠ ᠵᠡᠷᠭᠡ ᠮᠥᠩᠭᠥᠨ ᠦ ᠰᠢᠭᠠᠷᠤ ᠶᠤᠮ᠃ 19 ᠲᠡᠢᠮᠦ ᠡᠴᠡ ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 〈ᠲᠠ ᠨᠠᠷ ᠪᠦᠭᠦᠳᠡ ᠰᠢᠭᠠᠷᠤ ᠪᠣᠯᠣᠭᠰᠠᠨ ᠤᠴᠢᠷ ᠪᠢ ᠥᠪᠡᠷ ᠢᠶᠡᠨ ᠲᠠ ᠨᠠᠷ ᠢ ᠶᠧᠷᠦ᠋ᠰᠠᠯᠧᠮ ᠤᠨ ᠳᠣᠲᠣᠷ᠎ᠠ ᠴᠤᠭᠯᠠᠭᠤᠯᠤᠨ᠎ᠠ᠃ 20 ᠬᠥᠮᠦᠨ ᠮᠥᠩᠭᠥ᠂ ᠬᠦᠷᠡᠯ᠂ ᠲᠡᠮᠦᠷ᠂ ᠬᠠᠷ᠎ᠠ ᠲᠤᠭᠤᠯᠭ᠎ᠠ᠂ ᠲᠤᠭᠤᠯᠭ᠎ᠠ ᠶᠢ ᠴᠤᠭᠯᠠᠭᠤᠯᠤᠨ ᠵᠤᠤᠬᠠᠨ ᠳᠤ ᠬᠢᠵᠦ᠂ ᠭᠠᠯ ᠢᠶᠠᠷ ᠬᠥᠭᠡᠷᠭᠡᠳᠡᠨ ᠬᠠᠢᠯᠤᠭᠤᠯᠳᠠᠭ ᠤᠨ ᠠᠳᠠᠯᠢ ᠪᠢ ᠠᠭᠤᠷ ᠬᠢᠯᠢᠩ ᠢᠶᠠᠷ ᠢᠶᠠᠨ ᠲᠠ ᠨᠠᠷ ᠢ ᠴᠤᠭᠯᠠᠭᠤᠯᠵᠤ᠂ ᠲᠡᠨᠳᠡ ᠲᠠᠯᠪᠢᠨ ᠬᠠᠢᠯᠤᠭᠤᠯᠤᠨ᠎ᠠ᠃ 21 ᠪᠢ ᠲᠠ ᠨᠠᠷ ᠢ ᠴᠤᠭᠯᠠᠭᠤᠯᠵᠤ᠂ ᠬᠢᠯᠢᠩ ᠤᠨ ᠭᠠᠯ ᠢᠶᠠᠷ ᠢᠶᠠᠨ ᠬᠥᠭᠡᠷᠭᠡᠳᠡᠬᠦ ᠳᠦ᠂ ᠲᠠ ᠨᠠᠷ ᠲᠡᠭᠦᠨ ᠳᠣᠲᠣᠷ᠎ᠠ ᠬᠠᠢᠯᠤᠨ᠎ᠠ᠃ 22 ᠮᠥᠩᠭᠥ ᠵᠤᠤᠬᠠᠨ ᠳᠣᠲᠣᠷ᠎ᠠ ᠬᠠᠢᠯᠳᠠᠭ ᠤᠨ ᠠᠳᠠᠯᠢ ᠲᠠ ᠨᠠᠷ ᠲᠡᠭᠦᠨ ᠳᠣᠲᠣᠷ᠎ᠠ ᠬᠠᠢᠯᠤᠨ᠎ᠠ᠃ ᠲᠡᠭᠡᠬᠦ ᠳᠦ ᠶᠣᠬᠣᠸᠠ ᠪᠢ ᠲᠠ ᠨᠠᠷ ᠤᠨ ᠳᠡᠭᠡᠷ᠎ᠡ ᠡᠴᠡ ᠬᠢᠯᠢᠩ ᠢᠶᠠᠨ ᠠᠰᠬᠠᠭᠰᠠᠨ ᠭᠡᠳᠡᠭ ᠢ ᠲᠠ ᠨᠠᠷ ᠮᠡᠳᠡᠬᠦ ᠪᠣᠯᠣᠨ᠎ᠠ᠃〉》

23 ᠶᠣᠬᠣᠸᠠ ᠶᠢᠨ ᠦᠭᠡ ᠨᠠᠳᠠ ᠳᠤ ᠢᠷᠡᠪᠡ᠄ 24 《ᠬᠥᠮᠦᠨ ᠦ ᠬᠦᠦ ᠨᠤᠲᠤᠭ ᠲᠠᠭᠠᠨ᠄ 〈ᠴᠢ ᠪᠣᠯ ᠬᠢᠯᠢᠩ ᠤᠨ ᠡᠳᠦᠷ ᠲᠦ ᠬᠤᠷ᠎ᠠ ᠪᠣᠷᠣᠭ᠎ᠠ ᠣᠷᠣᠬᠤ ᠦᠭᠡᠢ ᠭᠠᠵᠠᠷ ᠶᠤᠮ〉 ᠭᠡᠵᠦ ᠬᠡᠯᠡ᠃ 25 ᠲᠡᠭᠦᠨ ᠳᠣᠲᠣᠷ᠎ᠠ ᠣᠯᠵᠠ ᠪᠠᠨ ᠵᠤᠯᠭᠠᠭᠠᠬᠤ ᠠᠷᠬᠢᠷᠠᠭᠴᠢ ᠠᠷᠰᠯᠠᠨ ᠠᠳᠠᠯᠢ ᠬᠣᠲᠠ ᠶᠢᠨ ᠨᠣᠶᠠᠳ ᠤᠨ ᠬᠤᠤᠪᠢᠯᠳᠤᠭᠠᠨ ᠪᠣᠯᠵᠤ ᠪᠠᠢᠨ᠎ᠠ᠃ ᠲᠡᠳᠡ ᠬᠥᠮᠦᠨ ᠦ ᠠᠮᠢ ᠶᠢ ᠵᠠᠯᠭᠢᠭᠰᠠᠨ᠂ ᠡᠷᠳᠡᠨᠢᠰ ᠪᠣᠯᠣᠨ ᠦᠨᠡᠲᠦ ᠵᠦᠢᠯᠡᠰ ᠢ ᠨᠢ ᠪᠤᠯᠢᠶᠠᠭᠰᠠᠨ᠂ ᠲᠡᠭᠦᠨ ᠦ ᠳᠣᠲᠣᠷᠠᠬᠢ ᠪᠡᠯᠪᠡᠰᠦᠨ ᠡᠬᠡᠨᠡᠷ ᠤᠳ ᠢ ᠣᠯᠠᠰᠢᠷᠠᠭᠤᠯᠤᠭᠰᠠᠨ᠃ 26 ᠲᠠᠬᠢᠯᠴᠢᠳ ᠨᠢ ᠮᠢᠨᠦ ᠬᠠᠤᠯᠢ ᠶᠢ ᠵᠥᠷᠢᠴᠡᠵᠦ᠂ ᠮᠢᠨᠦ ᠠᠷᠢᠭᠤᠨ ᠶᠠᠭᠤᠮᠠᠰ ᠢ ᠪᠤᠵᠠᠷᠯᠠᠪᠠ᠃ ᠲᠡᠳᠡ ᠠᠷᠢᠭᠤᠨ ᠪᠠ ᠠᠷᠢᠭᠤᠨ ᠪᠤᠰᠤ ᠶᠢ ᠡᠰᠡ ᠢᠯᠭᠠᠨ᠂ ᠴᠡᠪᠡᠷ ᠪᠠ ᠴᠡᠪᠡᠷ ᠪᠤᠰᠤ ᠶᠢᠨ ᠢᠯᠭᠠᠭ᠎ᠠ ᠶᠢ ᠵᠢᠭᠠᠭᠰᠠᠨ ᠦᠭᠡᠢ᠃ ᠲᠡᠳᠡ ᠠᠮᠠᠷᠠᠯ ᠤᠨ ᠡᠳᠦᠷ ᠮᠢᠨᠢ ᠨᠢᠳᠦ ᠪᠡᠨ ᠠᠨᠢᠪᠠ᠂ ᠲᠡᠳᠡᠨ ᠦ ᠳᠤᠮᠳᠠ ᠪᠢ ᠲᠡᠢᠨ ᠬᠦ ᠵᠢᠭ᠍ᠰᠢᠭᠳᠡᠵᠡᠢ᠃ 27 ᠲᠡᠭᠦᠨ ᠦ ᠳᠣᠲᠣᠷ᠎ᠠ ᠨᠣᠶᠠᠳ ᠨᠢ ᠣᠯᠵᠠ ᠪᠠᠨ ᠵᠤᠯᠭᠠᠭᠠᠵᠤ ᠪᠤᠢ ᠴᠢᠨᠣ᠎ᠠ ᠠᠳᠠᠯᠢ ᠰᠢᠳᠤᠷᠭᠤ ᠪᠤᠰᠤ ᠠᠰᠢᠭ ᠣᠯᠬᠤ ᠪᠠᠷ ᠴᠢᠰᠤ ᠤᠷᠤᠰᠬᠠᠨ᠂ ᠠᠮᠢ ᠬᠣᠷᠣᠭᠠᠳᠠᠭ᠃ 28 ᠡᠰᠢ ᠦᠵᠡᠭᠦᠯᠦᠭᠴᠢᠳ ᠨᠢ ᠬᠣᠭᠣᠰᠣᠨ ᠦᠵᠡᠭᠳᠡᠯ᠂ ᠬᠠᠭᠤᠷᠮᠠᠭ ᠲᠥᠯᠭᠡ ᠪᠡᠷ ᠢᠶᠠᠨ ᠲᠡᠳᠡᠭᠡᠷ ᠶᠠᠪᠤᠳᠠᠯ ᠤᠨ ᠳᠡᠭᠡᠷ᠎ᠡ ᠴᠣᠬᠣᠢ ᠲᠦᠷᠬᠢᠨ᠂ ᠶᠣᠬᠣᠸᠠ ᠠᠢᠯᠠᠳᠤᠭ᠎ᠠ ᠦᠭᠡᠢ ᠠᠲᠠᠯ᠎ᠠ᠄ 〈ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ〉 ᠭᠡᠳᠡᠭ᠃ 29 ᠲᠡᠷᠡ ᠨᠤᠲᠤᠭ ᠤᠨ ᠠᠷᠠᠳ ᠲᠦᠮᠡᠨ ᠮᠥᠯᠵᠢᠨ ᠲᠣᠨᠣᠵᠤ᠂ ᠦᠭᠡᠭᠦᠦ ᠶᠠᠳᠠᠭᠤᠰ ᠢ ᠳᠠᠷᠤᠯᠠᠨ᠂ ᠬᠠᠷᠢ ᠬᠥᠮᠦᠨ ᠢ ᠰᠢᠳᠤᠷᠭᠤ ᠪᠤᠰᠤ ᠪᠠᠷ ᠵᠣᠪᠠᠭᠠᠳᠠᠭ᠃ 30 ᠨᠠᠳᠠ ᠪᠠᠷ ᠲᠡᠷᠡ ᠨᠤᠲᠤᠭ ᠢ ᠤᠰᠠᠳᠬᠠᠭᠤᠯᠬᠤ ᠦᠭᠡᠢ ᠶᠢᠨ ᠲᠤᠯᠠᠳᠠ ᠲᠡᠭᠦᠨ ᠦ ᠲᠥᠯᠥᠭᠡ ᠬᠡᠷᠡᠮ ᠪᠠᠷᠢᠵᠤ᠂ ᠮᠢᠨᠦ ᠡᠮᠦᠨ᠎ᠡ ᠴᠣᠭᠣᠷᠣᠬᠠᠢ ᠳᠤᠨᠢ ᠵᠣᠭᠰᠣᠬᠤ ᠬᠥᠮᠦᠨ ᠢ ᠪᠢ ᠲᠡᠳᠡᠨ ᠦ ᠳᠤᠮᠳᠠ ᠠᠴᠠ ᠬᠠᠢᠭᠰᠠᠨ ᠪᠣᠯᠪᠠᠴᠤ ᠣᠯᠣᠭᠰᠠᠨ ᠦᠭᠡᠢ᠃ 31 ᠲᠡᠢᠮᠦ ᠡᠴᠡ ᠪᠢ ᠠᠭᠤᠷ ᠢᠶᠠᠨ ᠲᠡᠳᠡᠨ ᠦ ᠳᠡᠭᠡᠷ᠎ᠡ ᠠᠰᠬᠠᠨ᠂ ᠬᠢᠯᠢᠩ ᠤᠨ ᠭᠠᠯ ᠢᠶᠠᠷ ᠢᠶᠠᠨ ᠲᠡᠳᠡᠨ ᠢ ᠰᠢᠲᠠᠭᠠᠨ᠎ᠠ᠃ ᠦᠢᠯᠡᠰ ᠦᠨ ᠬᠢᠨᠢ ᠦᠷ᠎ᠡ ᠳᠠᠭᠠᠪᠤᠷᠢ ᠶᠢ ᠪᠢ ᠲᠡᠳᠡᠨ ᠦ ᠲᠣᠯᠣᠭᠠᠢ ᠳᠡᠭᠡᠷ᠎ᠡ ᠪᠠᠭᠤᠯᠭᠠᠨ᠎ᠠ᠃ ᠡᠵᠡᠨ ᠶᠣᠬᠣᠸᠠ ᠠᠢᠯᠠᠳᠴᠤ ᠪᠠᠢᠨ᠎ᠠ᠃》