1 2 3 4 5 6 7 8 9 10 11 12 13 14 15 16 17 18 19 20 21 22 23 24 25 26 27 28 29 30 31 32 33 34 35 36 37 38 39 40 41 42 43 44 45 46 47 48


ᠡᠽᠧᠺᠢᠶᠧᠯ ᠭᠤᠴᠢ ᠶᠢᠰᠦ

1 ᠬᠥᠮᠦᠨ ᠦ ᠬᠦᠦ ᠡ᠂ ᠭᠣᠭ ᠤᠨ ᠡᠰᠡᠷᠭᠦ ᠡᠰᠢ ᠦᠵᠡᠭᠦᠯᠦᠨ ᠶᠠᠷᠢ᠄ 《ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 〈ᠬᠠᠷᠠ᠂ ᠮᠧᠱᠧᠺ ᠪᠣᠯᠣᠨ ᠲᠦᠪᠠᠯ ᠤᠨ ᠲᠡᠷᠢᠭᠦᠨ ᠨᠣᠶᠠᠨ ᠭᠣᠭ ᠡ᠂ ᠪᠢ ᠴᠢᠨᠦ ᠡᠰᠡᠷᠭᠦ ᠪᠠᠢᠨ᠎ᠠ᠃ 2 ᠪᠢ ᠴᠢᠮᠠᠶᠢ ᠡᠷᠭᠢᠭᠦᠯᠵᠦ᠂ ᠤᠮᠠᠷᠠᠲᠤ ᠶᠢᠨ ᠬᠢᠵᠠᠭᠠᠷ ᠠᠴᠠ ᠳᠠᠭᠠᠭᠤᠯᠤᠨ ᠠᠪᠴᠢᠷᠠᠵᠤ᠂ ᠢᠰᠷᠧᠯ ᠤᠨ ᠠᠭᠤᠯᠠᠰ ᠤᠨ ᠳᠡᠭᠡᠷ᠎ᠡ ᠠᠪᠴᠢᠷᠠᠨ᠎ᠠ᠃ 3 ᠪᠢ ᠴᠢᠨᠦ ᠵᠡᠭᠦᠨ ᠭᠠᠷ ᠳᠠᠬᠢ ᠨᠤᠮᠤ ᠶᠢ ᠴᠣᠬᠢᠵᠤ᠂ ᠴᠢᠨᠦ ᠪᠠᠷᠠᠭᠤᠨ ᠭᠠᠷ ᠠᠴᠠ ᠰᠤᠮᠤ ᠶᠢ ᠴᠢᠨᠢ ᠤᠨᠠᠭᠠᠨ᠎ᠠ᠃ 4 ᠴᠢ ᠬᠠᠮᠤᠭ ᠴᠡᠷᠢᠭ ᠲᠠᠢ ᠪᠠᠨ᠂ ᠮᠥᠨ ᠬᠠᠮᠲᠤᠷᠠᠭᠴᠢ ᠦᠨᠳᠦᠰᠦᠲᠡᠨ ᠲᠡᠢ ᠪᠡᠨ ᠢᠰᠷᠧᠯ ᠤᠨ ᠠᠭᠤᠯᠠᠰ ᠤᠨ ᠳᠡᠭᠡᠷ᠎ᠡ ᠤᠨᠠᠬᠤ ᠪᠣᠯᠣᠨ᠎ᠠ᠃ ᠪᠢ ᠴᠢᠮᠠᠶᠢ ᠪᠦᠬᠦ ᠲᠥᠷᠥᠯ ᠦᠨ ᠮᠢᠬᠠᠴᠢᠨ ᠰᠢᠪᠠᠭᠤ᠂ ᠬᠡᠭᠡᠷ᠎ᠡ ᠶᠢᠨ ᠠᠷᠢᠶᠠᠲᠠᠨ ᠤ ᠢᠳᠡᠰᠢ ᠪᠣᠯᠭᠠᠨ᠎ᠠ᠃ 5 ᠴᠢ ᠵᠠᠳᠠᠭᠠᠢ ᠲᠠᠯ᠎ᠠ ᠳᠤ ᠤᠨᠠᠨ᠎ᠠ᠃ ᠪᠢ ᠥᠪᠡᠷ ᠢᠶᠡᠨ ᠡᠭᠦᠨ ᠢ ᠶᠠᠷᠢᠯ᠎ᠠ᠃〉》 ᠡᠵᠡᠨ ᠶᠣᠬᠣᠸᠠ ᠠᠢᠯᠠᠳᠴᠤ ᠪᠠᠢᠨ᠎ᠠ᠃ 6 《ᠪᠢ ᠮᠠᠭᠣᠭ ᠳᠡᠭᠡᠷ᠎ᠡ᠂ ᠮᠥᠨ ᠡᠷᠭᠢ ᠳᠠᠭᠠᠤ ᠠᠶᠤᠯ ᠦᠭᠡᠢ ᠠᠮᠢᠳᠤᠷᠠᠵᠤ ᠪᠤᠢ ᠬᠥᠮᠦᠰ ᠦᠨ ᠳᠡᠭᠡᠷ᠎ᠡ ᠭᠠᠯ ᠢᠯᠡᠭᠡᠨ᠎ᠡ᠃ ᠲᠡᠢᠨ ᠬᠦ ᠲᠡᠳᠡ ᠨᠠᠮᠠᠶᠢ ᠶᠣᠬᠣᠸᠠ ᠭᠡᠳᠡᠭ ᠢ ᠮᠡᠳᠡᠬᠦ ᠪᠣᠯᠣᠨ᠎ᠠ᠃

7 ᠪᠢ ᠠᠷᠢᠭᠤᠨ ᠨᠡᠷ᠎ᠡ ᠪᠡᠨ ᠥᠪᠡᠷ ᠦᠨ ᠠᠷᠠᠳ ᠲᠦᠮᠡᠨ ᠢᠰᠷᠧᠯ ᠤᠨ ᠳᠤᠮᠳᠠ ᠮᠡᠳᠡᠭᠦᠯᠵᠦ᠂ ᠮᠢᠨᠦ ᠠᠷᠢᠭᠤᠨ ᠨᠡᠷ᠎ᠡ ᠳᠠᠬᠢᠨ ᠭᠤᠲᠤᠭᠠᠭᠳᠠᠬᠤ ᠶᠢ ᠵᠥᠪᠰᠢᠶᠡᠷᠡᠬᠦ ᠦᠭᠡᠢ᠃ ᠲᠡᠭᠡᠬᠦ ᠳᠦ ᠦᠨᠳᠦᠰᠦᠲᠡᠨ ᠨᠦᠭᠦᠳ ᠨᠠᠮᠠᠶᠢ ᠢᠰᠷᠧᠯ ᠤᠨ ᠠᠷᠢᠭᠤᠨ ᠨᠢᠭᠡᠨ᠂ ᠶᠣᠬᠣᠸᠠ ᠭᠡᠳᠡᠭ ᠢ ᠮᠡᠳᠡᠬᠦ ᠪᠣᠯᠣᠨ᠎ᠠ᠃ 8 ᠬᠠᠷᠠ᠂ ᠲᠡᠷᠡ ᠨᠢ ᠢᠷᠡᠵᠦ ᠪᠠᠢᠭ᠎ᠠ ᠪᠥᠭᠡᠳ ᠪᠡᠶᠡᠯᠡᠭᠳᠡᠨ᠎ᠡ᠂ ᠡᠵᠡᠨ ᠶᠣᠬᠣᠸᠠ ᠠᠢᠯᠠᠳᠴᠤ ᠪᠠᠢᠨ᠎ᠠ᠂ ᠲᠡᠷᠡ ᠨᠢ ᠮᠢᠨᠦ ᠶᠠᠷᠢᠭᠰᠠᠨ ᠨᠥᠭᠥᠭᠡ ᠡᠳᠦᠷ ᠪᠢᠯᠡ᠃》

9 ᠲᠡᠭᠡᠬᠦ ᠳᠦ ᠢᠰᠷᠧᠯ ᠤᠨ ᠬᠣᠲᠠ ᠲᠣᠰᠬᠣᠳ ᠤᠨ ᠰᠠᠭᠤᠭᠠᠯᠢᠴᠢᠳ ᠭᠠᠳᠠᠭᠰᠢ ᠭᠠᠷᠴᠤ᠂ ᠵᠡᠪᠰᠡᠭ ᠤᠳ ᠢᠶᠠᠷ ᠭᠠᠯ ᠠᠰᠠᠭᠠᠵᠤ᠂ ᠪᠠᠮᠪᠠᠢ ᠬᠠᠯᠬᠠᠪᠴᠢ᠂ ᠨᠤᠮᠤ ᠰᠤᠮᠤ᠂ ᠪᠣᠷᠣᠣᠬᠠᠢ ᠪᠠ ᠵᠢᠳᠠ ᠶᠢ ᠲᠦᠯᠡᠨ᠎ᠡ᠂ ᠡᠢᠨ ᠬᠦ ᠲᠡᠳᠡ ᠳᠣᠯᠣᠭᠠᠨ ᠵᠢᠯ ᠤᠨ ᠲᠤᠷᠰᠢ ᠲᠡᠳᠡᠭᠡᠷ ᠢᠶᠡᠷ ᠭᠠᠯ ᠲᠦᠯᠡᠬᠦ ᠪᠣᠯᠣᠨ᠎ᠠ᠃ 10 ᠲᠡᠳᠡ ᠵᠡᠪᠰᠡᠭ ᠢᠶᠡᠷ ᠭᠠᠯ ᠲᠦᠯᠡᠳᠡᠭ ᠲᠤᠯᠠ ᠬᠡᠭᠡᠷ᠎ᠡ ᠡᠴᠡ ᠲᠦᠯᠡᠭᠡ ᠡᠭᠦᠷᠬᠦ ᠦᠭᠡᠢ᠂ ᠣᠢ ᠠᠴᠠ ᠮᠣᠳᠣ ᠣᠭᠲᠣᠯᠬᠤ ᠦᠭᠡᠢ᠃ ᠬᠠᠷᠢᠨ ᠥᠪᠡᠷᠰᠡᠳ ᠢ ᠨᠢ ᠲᠣᠨᠣᠭᠴᠢ ᠶᠢᠨ ᠶᠠᠭᠤᠮᠠᠰ ᠢ ᠲᠣᠨᠣᠵᠤ᠂ ᠥᠪᠡᠷᠰᠡᠳ ᠢ ᠨᠢ ᠳᠡᠭᠡᠷᠡᠮᠳᠡᠭᠴᠢ ᠶᠢᠨ ᠶᠠᠭᠤᠮᠠᠰ ᠢ ᠳᠡᠭᠡᠷᠡᠮᠳᠡᠬᠦ ᠪᠣᠯᠣᠨ᠎ᠠ᠃》 ᠡᠵᠡᠨ ᠶᠣᠬᠣᠸᠠ ᠠᠢᠯᠠᠳᠴᠤ ᠪᠠᠢᠨ᠎ᠠ᠃

11 《ᠲᠡᠷᠡ ᠡᠳᠦᠷ ᠪᠢ ᠢᠰᠷᠧᠯ ᠤᠨ ᠬᠡᠰᠡᠭ ᠭᠠᠵᠠᠷ᠂ ᠲᠠᠩᠭᠢᠰ ᠤᠨ ᠵᠡᠭᠦᠨ ᠲᠠᠯ᠎ᠠ ᠲᠡᠰᠢ ᠥᠩᠭᠡᠷᠡᠬᠦ ᠵᠠᠮ ᠳᠠᠬᠢ ᠬᠥᠨᠳᠡᠢ ᠶᠢ ᠭᠣᠭ ᠤᠨ ᠪᠤᠯᠠᠰᠢᠨ ᠤ ᠭᠠᠵᠠᠷ ᠪᠣᠯᠭᠠᠨ᠎ᠠ᠃ ᠭᠣᠭ ᠪᠣᠯᠣᠨ ᠲᠡᠭᠦᠨ ᠦ ᠣᠯᠠᠨ ᠲᠦᠮᠡᠨ ᠪᠦᠭᠦᠳᠡ ᠲᠡᠨᠳᠡ ᠪᠤᠯᠠᠰᠢᠯᠠᠭᠳᠠᠬᠤ ᠲᠤᠯᠠ ᠲᠡᠷᠡᠭᠦᠷ ᠠᠶᠠᠯᠠᠭᠴᠢ ᠶᠢᠨ ᠵᠠᠮ ᠪᠥᠭᠯᠡᠷᠡᠬᠦ ᠪᠣᠯᠣᠨ᠎ᠠ᠃ ᠡᠢᠮᠦ ᠡᠴᠡ ᠲᠡᠷᠡ ᠭᠠᠵᠠᠷ ᠢ ᠬᠠᠮᠣᠨ ᠭᠣᠭ 18  ᠤᠨ ᠬᠥᠨᠳᠡᠢ ᠭᠡᠵᠦ ᠨᠡᠷᠡᠯᠡᠬᠦ ᠪᠣᠯᠣᠨ᠎ᠠ᠃ 12 ᠢᠰᠷᠧᠯ ᠤᠨ ᠭᠡᠷ ᠦᠨ ᠬᠢᠨ ᠲᠡᠷᠡ ᠭᠠᠵᠠᠷ ᠢ ᠴᠡᠪᠡᠷᠯᠡᠬᠦ ᠶᠢᠨ ᠲᠤᠯᠠᠳᠠ ᠳᠣᠯᠣᠭᠠᠨ ᠰᠠᠷ᠎ᠠ ᠶᠢᠨ ᠲᠤᠷᠰᠢ ᠲᠡᠳᠡᠨ ᠢ ᠪᠤᠯᠠᠰᠢᠯᠠᠭᠰᠠᠭᠠᠷ ᠪᠠᠢᠬᠤ ᠪᠣᠯᠣᠨ᠎ᠠ᠃ 13 ᠲᠡᠢᠨ ᠬᠦ ᠲᠡᠷᠡ ᠨᠤᠲᠤᠭ ᠤᠨ ᠠᠷᠠᠳ ᠲᠦᠮᠡᠨ ᠪᠦᠭᠦᠳᠡ ᠲᠡᠳᠡᠨ ᠢ ᠪᠤᠯᠠᠰᠢᠯᠠᠬᠤ ᠪᠥᠭᠡᠳ ᠪᠢ ᠰᠦᠷ ᠵᠢᠪᠬᠤᠯᠠᠩ ᠢᠶᠠᠨ ᠢᠯᠡᠷᠬᠡᠶᠢᠯᠡᠬᠦ ᠡᠳᠦᠷ ᠲᠦ ᠲᠡᠳᠡ ᠨᠡᠷ᠎ᠡ ᠠᠯᠳᠠᠷ ᠲᠠᠢ ᠪᠣᠯᠣᠨ᠎ᠠ᠃》 ᠡᠵᠡᠨ ᠶᠣᠬᠣᠸᠠ ᠠᠢᠯᠠᠳᠴᠤ ᠪᠠᠢᠨ᠎ᠠ᠃ 14 《ᠲᠡᠳᠡ ᠲᠡᠷᠡ ᠨᠤᠲᠤᠭ ᠢ ᠴᠡᠪᠡᠷᠯᠡᠬᠦ ᠶᠢᠨ ᠲᠤᠯᠠᠳᠠ ᠲᠡᠷᠡᠭᠦᠷ ᠬᠠᠢᠭᠤᠯᠴᠢᠳ ᠬᠢᠭᠡᠳ ᠭᠠᠵᠠᠷ ᠳᠡᠭᠡᠷ᠎ᠡ ᠦᠯᠡᠳᠡᠭᠰᠡᠨ ᠬᠡᠭᠦᠷ ᠤᠳ ᠢ ᠪᠤᠯᠠᠬᠤ ᠬᠥᠮᠦᠰ ᠢ ᠲᠣᠮᠢᠯᠠᠵᠤ᠂ ᠳᠣᠯᠣᠭᠠᠨ ᠰᠠᠷ᠎ᠠ ᠶᠢᠨ ᠳᠠᠷᠠᠭ᠎ᠠ ᠬᠠᠢᠭᠤᠯ ᠬᠢᠨ᠎ᠡ᠃ 15 ᠡᠢᠨ ᠬᠦ ᠬᠠᠢᠭᠤᠯᠴᠢᠳ ᠡᠨᠡ ᠨᠤᠲᠤᠭ ᠢᠶᠠᠷ ᠥᠩᠭᠡᠷᠡᠨ ᠶᠠᠪᠤᠬᠤ ᠳᠠᠭᠠᠨ᠂ ᠬᠥᠮᠦᠨ ᠦ ᠶᠠᠰᠤ ᠦᠵᠡᠪᠡᠯ ᠬᠠᠵᠠᠭᠤ ᠳᠤᠨᠢ ᠲᠡᠮᠳᠡᠭ ᠲᠠᠯᠪᠢᠵᠤ᠂ ᠳᠠᠷᠠᠭ᠎ᠠ ᠨᠢ ᠪᠤᠯᠠᠬᠤ ᠬᠥᠮᠦᠰ ᠢᠷᠡᠭᠡᠳ᠂ ᠲᠡᠭᠦᠨ ᠢ ᠨᠢ ᠬᠠᠮᠣᠨ ᠭᠣᠭ ᠤᠨ ᠬᠥᠨᠳᠡᠢ ᠳᠦ ᠪᠤᠯᠠᠨ᠎ᠠ᠃ 16 ᠲᠡᠨᠳᠡᠬᠢ ᠬᠣᠲᠠ ᠨᠢ ᠴᠤ ᠬᠠᠮᠣᠨᠠ 19 ᠭᠡᠭᠳᠡᠬᠦ ᠪᠣᠯᠣᠨ᠎ᠠ᠃ ᠡᠢᠨ ᠬᠦ ᠲᠡᠳᠡ ᠲᠡᠷᠡ ᠭᠠᠵᠠᠷ ᠢ ᠴᠡᠪᠡᠷᠯᠡᠨ᠎ᠡ᠃》

17 ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 《ᠬᠥᠮᠦᠨ ᠦ ᠬᠦᠦ ᠡ᠂ ᠴᠢ ᠲᠥᠷᠥᠯ ᠪᠦᠷᠢ ᠶᠢᠨ ᠰᠢᠪᠠᠭᠤ᠂ ᠬᠡᠭᠡᠷ᠎ᠡ ᠶᠢᠨ ᠪᠦᠬᠦ ᠠᠷᠢᠶᠠᠲᠠᠨ ᠳᠤ ᠢᠩᠭᠢᠵᠦ ᠶᠠᠷᠢ᠄ 〈ᠴᠤᠭᠯᠠᠷᠠᠨ ᠢᠷᠡᠵᠡᠭᠡ︕ ᠢᠰᠷᠧᠯ ᠤᠨ ᠠᠭᠤᠯᠠᠰ ᠤᠨ ᠳᠡᠭᠡᠷ᠎ᠡ ᠮᠢᠨᠦ ᠲᠠ ᠨᠠᠷ ᠲᠤ ᠪᠡᠯᠡᠳᠴᠦ ᠪᠤᠢ ᠲᠠᠬᠢᠯ᠂ ᠦᠯᠡᠮᠵᠢ ᠶᠡᠬᠡ ᠲᠠᠬᠢᠯ ᠤᠷᠤᠭᠤ ᠲᠠᠯ᠎ᠠ ᠪᠦᠷᠢ ᠡᠴᠡ ᠴᠤᠭᠯᠠᠷᠠᠵᠠᠭ᠎ᠠ᠃ ᠲᠠ ᠨᠠᠷ ᠲᠡᠨᠳᠡ ᠮᠢᠬ᠎ᠠ ᠢᠳᠡᠵᠦ᠂ ᠴᠢᠰᠤ ᠤᠤᠭᠤᠨ᠎ᠠ᠃ 18 ᠲᠠ ᠨᠠᠷ ᠬᠦᠴᠦᠲᠡᠳ ᠦᠨ ᠮᠢᠬ᠎ᠠ ᠶᠢ ᠢᠳᠡᠵᠦ᠂ ᠳᠡᠯᠡᠬᠡᠢ ᠶᠢᠨ ᠨᠣᠶᠠᠳ ᠤᠨ ᠴᠢᠰᠤ ᠶᠢ ᠤᠤᠭᠤᠬᠤ ᠪᠣᠯᠣᠨ᠎ᠠ᠃ ᠲᠡᠳᠡ ᠪᠦᠭᠦᠳᠡᠭᠡᠷ ᠪᠠᠱᠠᠨ ᠤ ᠬᠤᠴᠠ᠂ ᠬᠤᠷᠠᠭ᠎ᠠ᠂ ᠤᠬᠤᠨ᠎ᠠ ᠪᠠ ᠪᠤᠬ᠎ᠠ ᠶᠢᠨ ᠲᠠᠷᠭᠤᠨ ᠮᠢᠬ᠎ᠠ ᠮᠡᠲᠦ ᠪᠣᠯᠣᠨ᠎ᠠ᠃ 19 ᠲᠡᠢᠨ ᠬᠦ ᠲᠠ ᠨᠠᠷ ᠮᠢᠨᠦ ᠲᠠ ᠨᠠᠷ ᠲᠤ ᠪᠡᠯᠡᠳᠴᠦ ᠪᠤᠢ ᠲᠠᠬᠢᠯ ᠠᠴᠠ ᠴᠠᠳᠲᠠᠯ᠎ᠠ ᠪᠠᠨ ᠥᠭᠡᠬᠦ ᠢᠳᠡᠵᠦ᠂ ᠰᠣᠭᠲᠣᠲᠠᠯ᠎ᠠ ᠪᠠᠨ ᠴᠢᠰᠤ ᠤᠤᠭᠤᠨ᠂ 20 ᠮᠢᠨᠦ ᠰᠢᠷᠡᠭᠡᠨ ᠳᠡᠭᠡᠷ᠎ᠡ ᠮᠣᠷᠢᠳ᠂ ᠲᠡᠷᠭᠡᠴᠢᠳ᠂ ᠬᠦᠴᠦᠲᠡᠳ ᠬᠢᠭᠡᠳ ᠪᠦᠬᠦ ᠳᠠᠢᠴᠢᠨ ᠢᠶᠠᠷ ᠴᠠᠳᠬᠤ ᠪᠣᠯᠣᠨ᠎ᠠ᠃〉》 ᠡᠵᠡᠨ ᠶᠣᠬᠣᠸᠠ ᠠᠢᠯᠠᠳᠴᠤ ᠪᠠᠢᠨ᠎ᠠ᠃

21 《ᠲᠡᠢᠨ ᠬᠦ ᠪᠢ ᠦᠨᠳᠦᠰᠦᠲᠡᠨ ᠨᠦᠭᠦᠳ ᠦᠨ ᠳᠤᠮᠳᠠ ᠰᠦᠷ ᠵᠢᠪᠬᠤᠯᠠᠩ ᠢᠶᠠᠨ ᠢᠯᠡᠷᠡᠭᠦᠯᠵᠦ᠂ ᠪᠦᠬᠦ ᠦᠨᠳᠦᠰᠦᠲᠡᠨ ᠮᠢᠨᠦ ᠭᠦᠢᠴᠡᠯᠳᠦᠭᠦᠯᠦᠭᠰᠡᠨ ᠰᠢᠳᠬᠡᠯ ᠪᠣᠯᠣᠨ ᠲᠡᠳᠡᠨ ᠦ ᠳᠡᠭᠡᠷ᠎ᠡ ᠲᠠᠯᠪᠢᠭᠰᠠᠨ ᠮᠢᠨᠦ ᠭᠠᠷ ᠢ ᠬᠠᠷᠠᠬᠤ ᠪᠣᠯᠣᠨ᠎ᠠ᠃ 22 ᠲᠡᠷᠡ ᠡᠳᠦᠷ ᠡᠴᠡ ᠬᠣᠢᠰᠢ ᠢᠰᠷᠧᠯ ᠤᠨ ᠭᠡᠷ ᠦᠨ ᠬᠢᠨ ᠥᠪᠡᠷᠰᠡᠳ ᠦᠨ ᠬᠢᠨᠢ ᠪᠤᠷᠬᠠᠨ ᠪᠣᠯ ᠶᠣᠬᠣᠸᠠ ᠪᠢ ᠭᠡᠳᠡᠭ ᠢ ᠮᠡᠳᠡᠬᠦ ᠪᠥᠭᠡᠳ 23 ᠢᠰᠷᠧᠯ ᠤᠨ ᠭᠡᠷ ᠦᠨ ᠬᠢᠨ ᠥᠪᠡᠷᠰᠡᠳ ᠦᠨ ᠢᠶᠠᠨ ᠨᠢᠭᠦᠯ ᠡᠴᠡ ᠪᠣᠯᠵᠤ ᠴᠥᠯᠡᠭᠳᠡᠭᠰᠡᠨ ᠢ ᠦᠨᠳᠦᠰᠦᠲᠡᠨ ᠨᠦᠭᠦᠳ ᠮᠡᠳᠡᠬᠦ ᠪᠣᠯᠣᠨ᠎ᠠ᠃ ᠲᠡᠳᠡ ᠨᠠᠳᠠ ᠠᠴᠠ ᠤᠷᠪᠠᠭᠰᠠᠨ ᠤᠴᠢᠷ ᠠᠴᠠ ᠪᠢ ᠲᠡᠳᠡᠨ ᠡᠴᠡ ᠨᠢᠭᠤᠷ ᠢᠶᠠᠨ ᠨᠢᠭᠤᠨ᠂ ᠲᠡᠳᠡᠨ ᠢ ᠳᠠᠢᠰᠤᠨ ᠨᠤᠭᠤᠳ ᠤᠨ ᠬᠢᠨᠢ ᠭᠠᠷ ᠲᠤ ᠥᠭᠴᠦ᠂ ᠲᠡᠳᠡ ᠪᠦᠭᠦᠳᠡ ᠢᠯᠳᠦᠨ ᠳᠦ ᠤᠨᠠᠭᠰᠠᠨ ᠪᠢᠯᠡ᠃ 24 ᠪᠢ ᠲᠡᠳᠡᠨ ᠳᠦ ᠪᠤᠵᠠᠷ ᠤᠨ ᠬᠢᠨᠢ ᠳᠠᠭᠠᠤ᠂ ᠨᠢᠭᠦᠯ ᠦᠨ ᠬᠢᠨᠢ ᠳᠠᠭᠠᠤ ᠬᠠᠷᠢᠭᠤᠯᠤᠨ᠂ ᠨᠢᠭᠤᠷ ᠢᠶᠠᠨ ᠲᠡᠳᠡᠨ ᠡᠴᠡ ᠨᠢᠭᠤᠭᠰᠠᠨ᠃》

25 ᠲᠡᠢᠮᠦ ᠡᠴᠡ ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 《ᠡᠳᠦᠭᠡ ᠪᠢ ᠶᠠᠺᠣᠪ ᠤᠨ ᠴᠥᠯᠡᠭᠳᠡᠭᠰᠡᠳ ᠢ ᠪᠤᠴᠠᠭᠠᠵᠤ᠂ ᠢᠰᠷᠧᠯ ᠤᠨ ᠬᠠᠮᠤᠭ ᠭᠡᠷ ᠦᠨ ᠬᠢᠨ ᠢ ᠥᠷᠥᠪᠳᠥᠨ᠂ ᠠᠷᠢᠭᠤᠨ ᠨᠡᠷ᠎ᠡ ᠶᠢᠨ ᠢᠶᠠᠨ ᠲᠥᠯᠥᠭᠡ ᠬᠠᠷᠠᠳᠠᠬᠤ ᠪᠣᠯᠣᠨ᠎ᠠ᠃ 26 ᠲᠡᠳᠡ ᠨᠤᠲᠤᠭ ᠲᠠᠭᠠᠨ ᠠᠶᠤᠯᠭᠠᠬᠤ ᠬᠥᠮᠦᠨ ᠦᠭᠡᠢ ᠲᠠᠢᠪᠤᠩ ᠠᠮᠢᠳᠤᠷᠠᠵᠤ ᠪᠠᠢᠬᠤ ᠳᠠᠭᠠᠨ ᠮᠢᠨᠦ ᠡᠰᠡᠷᠭᠦ ᠦᠢᠯᠡᠳᠦᠭᠰᠡᠨ ᠬᠠᠮᠤᠭ ᠭᠡᠮ ᠦᠨ ᠢᠶᠠᠨ ᠢᠴᠢᠭᠦᠷᠢ ᠶᠢ ᠮᠠᠷᠲᠠᠨ᠎ᠠ᠃ 27 ᠪᠢ ᠲᠡᠳᠡᠨ ᠢ ᠦᠨᠳᠦᠰᠦᠲᠡᠨ ᠨᠦᠭᠦᠳ ᠦᠨ ᠳᠤᠮᠳᠠ ᠠᠴᠠ ᠪᠤᠴᠠᠭᠠᠨ᠂ ᠳᠠᠢᠰᠤᠨ ᠨᠤᠭᠤᠳ ᠤᠨ ᠬᠢᠨᠢ ᠨᠤᠲᠤᠭ ᠠᠴᠠ ᠴᠤᠭᠯᠠᠭᠤᠯᠵᠤ᠂ ᠲᠡᠳᠡᠨ ᠢᠶᠡᠷ ᠳᠠᠮᠵᠢᠭᠤᠯᠤᠨ ᠣᠯᠠᠨ ᠦᠨᠳᠦᠰᠦᠲᠡᠨ ᠦ ᠨᠢᠳᠦᠨ ᠡᠮᠦᠨ᠎ᠡ ᠠᠷᠢᠭᠤᠨ ᠪᠠᠢᠳᠠᠯ ᠢᠶᠠᠨ ᠢᠯᠡᠷᠡᠭᠦᠯᠬᠦ ᠳᠦ᠂ 28 ᠲᠡᠳᠡ ᠨᠠᠮᠠᠶᠢ ᠥᠪᠡᠷᠰᠡᠳ ᠦᠨ ᠬᠢᠨᠢ ᠪᠤᠷᠬᠠᠨ ᠶᠣᠬᠣᠸᠠ ᠭᠡᠳᠡᠭ ᠢ ᠮᠡᠳᠡᠬᠦ ᠪᠣᠯᠣᠨ᠎ᠠ᠃ ᠪᠢ ᠲᠡᠳᠡᠨ ᠢ ᠦᠨᠳᠦᠰᠦᠲᠡᠨ ᠨᠦᠭᠦᠳ ᠦᠨ ᠳᠤᠮᠳᠠ ᠴᠥᠯᠡᠭᠰᠡᠨ ᠪᠣᠯᠪᠠᠴᠤ ᠲᠡᠨᠳᠡ ᠨᠢᠭᠡ ᠶᠢ ᠨᠢ ᠴᠤ ᠦᠯᠡᠳᠡᠭᠡᠯ ᠦᠭᠡᠢ ᠥᠪᠡᠷᠰᠡᠳ ᠦᠨ ᠬᠢᠨᠢ ᠨᠤᠲᠤᠭ ᠤᠷᠤᠭᠤ ᠴᠤᠭᠯᠠᠭᠤᠯᠤᠭᠰᠠᠨ᠃ 29 ᠪᠢ ᠢᠰᠷᠧᠯ ᠤᠨ ᠭᠡᠷ ᠳᠡᠭᠡᠷ᠎ᠡ ᠰᠦᠨᠡᠰᠦ ᠪᠡᠨ ᠴᠢᠳᠬᠤᠭᠰᠠᠨ᠂ ᠪᠢ ᠳᠠᠬᠢᠨ ᠨᠢᠭᠤᠷ ᠢᠶᠠᠨ ᠲᠡᠳᠡᠨ ᠡᠴᠡ ᠨᠢᠭᠤᠬᠤ ᠦᠭᠡᠢ᠃》 ᠡᠵᠡᠨ ᠶᠣᠬᠣᠸᠠ ᠠᠢᠯᠠᠳᠴᠤ ᠪᠠᠢᠨ᠎ᠠ᠃