1 2 3 4 5 6 7 8 9 10 11 12 13 14 15 16 17 18 19 20 21 22 23 24 25 26 27 28 29 30 31 32 33 34 35 36 37 38 39 40 41 42 43 44 45 46 47 48


ᠡᠽᠧᠺᠢᠶᠧᠯ ᠳᠥᠴᠢᠨ ᠬᠣᠶᠠᠷ
 ᠲᠠᠬᠢᠯᠴᠢᠳ ᠤᠨ ᠥᠷᠥᠭᠡ ᠨᠦᠭᠦᠳ

1 ᠲᠡᠷᠡ ᠬᠥᠮᠦᠨ ᠨᠠᠮᠠᠶᠢ ᠬᠣᠢᠰᠢ ᠭᠠᠷᠭᠠᠨ ᠭᠠᠳᠠᠨᠠᠬᠢ ᠬᠦᠷᠢᠶᠡᠨ ᠳᠦ ᠠᠪᠠᠴᠢᠵᠤ᠂ ᠲᠤᠰᠠᠭᠠᠷᠯᠠᠬᠤ ᠲᠠᠯᠠᠪᠠᠢ ᠪᠣᠯᠣᠨ ᠬᠣᠢᠰᠢ ᠬᠠᠷᠠᠭᠰᠠᠨ ᠪᠠᠷᠢᠯᠭ᠎ᠠ ᠶᠢᠨ ᠬᠠᠷᠠᠯᠳᠤᠭ᠎ᠠ ᠠᠪᠠᠴᠢᠪᠠ᠃ 2 ᠬᠣᠢᠰᠢ ᠬᠠᠷᠠᠭᠰᠠᠨ ᠡᠭᠦᠳᠡ ᠲᠠᠢ ᠲᠡᠷᠡ ᠪᠠᠷᠢᠯᠭ᠎ᠠ ᠵᠠᠭᠤᠨ ᠲᠣᠬᠣᠢ ᠤᠷᠲᠤ᠂ ᠲᠠᠪᠢᠨ ᠲᠣᠬᠣᠢ ᠥᠷᠭᠡᠨ ᠪᠠᠢᠪᠠ᠃ 3 ᠲᠡᠷᠡ ᠪᠠᠷᠢᠯᠭ᠎ᠠ ᠬᠣᠶᠠᠷ ᠡᠩᠨᠡᠭᠡ ᠥᠷᠥᠭᠡ ᠲᠠᠢ᠂ ᠨᠢᠭᠡ ᠡᠩᠨᠡᠭᠡ ᠨᠢ ᠬᠣᠷᠢᠨ ᠲᠣᠬᠣᠢ ᠥᠷᠭᠡᠨ ᠳᠣᠲᠣᠭᠠᠳᠤ ᠬᠦᠷᠢᠶ᠎ᠡ ᠤᠷᠤᠭᠤ᠂ ᠨᠥᠭᠥᠭᠡ ᠡᠩᠨᠡᠭᠡ ᠨᠢ ᠭᠠᠳᠠᠨᠠᠬᠢ ᠬᠦᠷᠢᠶᠡᠨ ᠦ ᠴᠢᠯᠠᠭᠤ ᠳᠡᠪᠢᠰᠦᠭᠰᠡᠨ ᠭᠠᠵᠠᠷ ᠤᠷᠤᠭᠤ ᠬᠠᠷᠠᠳᠠᠭ᠃ ᠲᠡᠷᠡ ᠪᠠᠷᠢᠯᠭ᠎ᠠ ᠭᠤᠷᠪᠠᠨ ᠳᠠᠪᠬᠤᠷ ᠪᠠᠢᠪᠠ᠃ 4 ᠲᠡᠷᠡ ᠬᠣᠶᠠᠷ ᠡᠩᠨᠡᠭᠡ ᠥᠷᠥᠭᠡ ᠨᠦᠭᠦᠳ ᠦᠨ ᠬᠣᠭᠣᠷᠣᠨᠳᠣ ᠠᠷᠪᠠᠨ ᠲᠣᠬᠣᠢ ᠥᠷᠭᠡᠨ᠂ ᠵᠠᠭᠤᠨ ᠲᠣᠬᠣᠢ ᠤᠷᠲᠤ ᠳᠣᠲᠣᠭᠠᠳᠤ ᠬᠣᠩᠭᠢᠯ ᠪᠤᠢ᠃ ᠲᠡᠳᠡᠭᠡᠷ ᠥᠷᠥᠭᠡᠨ ᠦ ᠡᠭᠦᠳᠡ ᠨᠢ ᠬᠣᠢᠲᠤ ᠲᠠᠯ᠎ᠠ ᠳᠤ ᠪᠠᠢᠪᠠ᠃ 5 ᠬᠣᠩᠭᠢᠯ ᠨᠢ ᠳᠡᠭᠡᠳᠦ ᠳᠠᠪᠬᠤᠷ ᠲᠤ ᠳᠣᠣᠷᠠᠳᠤ ᠪᠣᠯᠣᠨ ᠳᠤᠮᠳᠠ ᠳᠠᠪᠬᠤᠷ ᠠᠴᠠ ᠢᠯᠡᠭᠦᠦ ᠵᠠᠢ ᠡᠵᠡᠯᠡᠭᠰᠡᠨ ᠲᠤᠯᠠ ᠳᠡᠭᠡᠳᠦ ᠳᠠᠪᠬᠤᠷ ᠤᠨ ᠥᠷᠥᠭᠡ ᠨᠦᠭᠦᠳ ᠨᠢ ᠢᠯᠡᠭᠦᠦ ᠪᠠᠭ᠎ᠠ᠃ 6 ᠲᠡᠷᠡ ᠪᠠᠷᠢᠯᠭ᠎ᠠ ᠭᠤᠷᠪᠠᠨ ᠳᠠᠪᠬᠤᠷ ᠠᠲᠠᠯ᠎ᠠ ᠬᠦᠷᠢᠶᠡᠨ ᠦ ᠥᠷᠥᠭᠡ ᠨᠦᠭᠦᠳ ᠰᠢᠭ ᠪᠠᠭᠠᠨ᠎ᠠ ᠲᠠᠢ ᠪᠢᠰᠢ ᠤᠴᠢᠷ ᠠᠴᠠ ᠳᠡᠭᠡᠳᠦ ᠳᠠᠪᠬᠤᠷ ᠤᠨ ᠥᠷᠥᠭᠡ ᠨᠢ ᠳᠣᠣᠷᠠᠳᠤ ᠪᠣᠯᠣᠨ ᠳᠤᠮᠳᠠ ᠳᠠᠪᠬᠤᠷ ᠤᠨ ᠬᠢ ᠡᠴᠡ ᠪᠠᠭ᠎ᠠ᠃ 7 ᠡᠨᠡ ᠥᠷᠥᠭᠡ ᠨᠦᠭᠦᠳ ᠪᠣᠯᠣᠨ ᠭᠠᠳᠠᠨᠠᠬᠢ ᠬᠦᠷᠢᠶ᠎ᠡ ᠲᠠᠢ ᠵᠡᠷᠭᠡᠴᠡᠭᠡ ᠭᠠᠳᠠᠨ᠎ᠠ ᠬᠡᠷᠡᠮ ᠪᠤᠢ᠂ ᠲᠡᠷᠡ ᠬᠡᠷᠡᠮ ᠲᠠᠪᠢᠨ ᠲᠣᠬᠣᠢ ᠤᠷᠲᠤ᠃ 8 ᠭᠠᠳᠠᠨᠠᠬᠢ ᠬᠦᠷᠢᠶ᠎ᠡ ᠤᠷᠤᠭᠤ ᠬᠠᠷᠠᠭᠰᠠᠨ ᠥᠷᠥᠭᠡ ᠨᠦᠭᠦᠳ ᠦᠨ ᠡᠩᠨᠡᠭᠡ ᠨᠢ ᠲᠠᠪᠢᠨ ᠲᠣᠬᠣᠢ ᠤᠷᠲᠤ᠃ ᠥᠷᠭᠥᠭᠡ ᠤᠷᠤᠭᠤ ᠬᠠᠷᠠᠭᠰᠠᠨ ᠥᠷᠥᠭᠡ ᠨᠦᠭᠦᠳ ᠦᠨ ᠡᠩᠨᠡᠭᠡ ᠵᠠᠭᠤᠨ ᠲᠣᠬᠣᠢ ᠤᠷᠲᠤ ᠪᠠᠢᠪᠠ᠃ 9 ᠳᠣᠣᠷᠠᠳᠤ ᠥᠷᠥᠭᠡ ᠨᠦᠭᠦᠳ ᠵᠡᠭᠦᠨ ᠲᠠᠯ᠎ᠠ ᠳᠠᠭᠠᠨ ᠨᠢᠭᠡ ᠣᠷᠣᠬᠤ ᠡᠭᠦᠳᠡ ᠲᠠᠢ᠂ ᠬᠥᠮᠦᠰ ᠲᠡᠷᠡᠭᠦᠷ ᠭᠠᠳᠠᠨᠠᠬᠢ ᠬᠦᠷᠢᠶᠡᠨ ᠡᠴᠡ ᠳᠣᠲᠣᠭᠰᠢ ᠣᠷᠣᠳᠠᠭ ᠪᠠᠢᠪᠠ᠃ 10 ᠡᠮᠦᠨ᠎ᠡ ᠵᠦᠭ ᠲᠦ ᠴᠤ ᠥᠷᠭᠥᠭᠡ ᠪᠣᠯᠣᠨ ᠭᠠᠳᠠᠨᠠᠬᠢ ᠬᠦᠷᠢᠶᠡᠨ ᠦ ᠬᠣᠭᠣᠷᠣᠨᠳᠣ ᠥᠷᠥᠭᠡ ᠨᠦᠭᠦᠳ ᠪᠠᠢᠪᠠ᠂ 11 ᠲᠡᠷᠡ ᠥᠷᠥᠭᠡ ᠨᠦᠭᠦᠳ ᠦᠨ ᠬᠣᠭᠣᠷᠣᠨᠳᠣ ᠴᠤ ᠬᠣᠩᠭᠢᠯ ᠪᠠᠢᠪᠠ᠂ ᠲᠡᠷᠡ ᠥᠷᠥᠭᠡ ᠨᠦᠭᠦᠳ ᠬᠣᠢᠲᠤ ᠲᠠᠯ᠎ᠠ ᠶᠢᠨ ᠥᠷᠥᠭᠡ ᠨᠦᠭᠦᠳ ᠲᠡᠢ ᠠᠳᠠᠯᠢ ᠬᠠᠷᠠᠭᠳᠠᠵᠠᠢ᠃ ᠥᠷᠥᠭᠡᠨ ᠦ ᠤᠷᠲᠤ ᠥᠷᠭᠡᠨ ᠨᠢ ᠠᠳᠠᠯᠢ ᠪᠥᠭᠡᠳ ᠭᠠᠷᠬᠤ ᠡᠭᠦᠳᠡ᠂ ᠪᠦᠲᠦᠴᠡ᠂ ᠬᠣᠩᠭᠢᠯ ᠨᠢ ᠴᠤ ᠠᠳᠠᠯᠢ ᠪᠠᠢᠪᠠ᠃ 12 ᠭᠠᠳᠠᠨᠠᠬᠢ ᠬᠦᠷᠢᠶᠡᠨ ᠡᠴᠡ ᠥᠷᠥᠭᠡ ᠨᠦᠭᠦᠳ ᠤᠷᠤᠭᠤ ᠣᠷᠣᠬᠤ ᠡᠭᠦᠳᠡ ᠴᠤ ᠵᠡᠭᠦᠨᠰᠢ ᠬᠠᠷᠠᠭᠰᠠᠨ ᠪᠥᠭᠡᠳ ᠡᠨᠡ ᠨᠢ ᠲᠡᠳᠡᠭᠡᠷ ᠦᠨ ᠡᠮᠦᠨᠡᠬᠢ ᠬᠡᠷᠡᠮ ᠦᠨ ᠦᠵᠦᠭᠦᠷ ᠲᠦ ᠪᠠᠢᠳᠠᠭ᠃

13 ᠲᠡᠷᠡ ᠨᠠᠳᠠ ᠳᠤ᠄ 《ᠥᠷᠭᠥᠭᠡᠨ ᠦ ᠬᠦᠷᠢᠶ᠎ᠡ ᠨᠦᠭᠦᠳ ᠤᠷᠤᠭᠤ ᠬᠠᠷᠠᠭᠰᠠᠨ ᠬᠣᠢᠨ᠎ᠠ ᠪᠠ ᠡᠮᠦᠨ᠎ᠡ ᠥᠷᠥᠭᠡ ᠨᠦᠭᠦᠳ ᠨᠢ ᠠᠷᠢᠭᠤᠨ ᠭᠠᠵᠠᠷ ᠪᠣᠯᠬᠣᠷ ᠶᠣᠬᠣᠸᠠ ᠳᠤ ᠣᠢᠷᠠᠲᠤᠬᠤ ᠲᠠᠬᠢᠯᠴᠢᠳ ᠡ᠊ᠨᠳᠡ ᠠᠷᠢᠭᠤᠨ ᠠᠴᠠ ᠠᠷᠢᠭᠤᠨ ᠡᠷᠭᠦᠯ ᠤᠳ ᠢ ᠢᠳᠡᠵᠦ᠂ ᠢᠳᠡᠭᠡᠨ ᠡᠷᠭᠦᠯ᠂ ᠨᠢᠭᠦᠯ ᠦᠨ ᠲᠠᠬᠢᠯ᠂ ᠭᠡᠮ ᠦᠨ ᠲᠠᠬᠢᠯ ᠵᠡᠷᠭᠡ ᠠᠷᠢᠭᠤᠨ ᠠᠴᠠ ᠠᠷᠢᠭᠤᠨ ᠡᠷᠭᠦᠯ ᠤᠳ ᠢ ᠲᠠᠯᠪᠢᠬᠤ ᠪᠣᠯᠣᠨ᠎ᠠ᠃ 14 ᠲᠠᠬᠢᠯᠴᠢᠳ ᠠᠷᠢᠭᠤᠨ ᠭᠠᠵᠠᠷ ᠲᠤ ᠣᠷᠣᠪᠠᠯ᠂ ᠲᠡᠨᠳᠡ ᠡᠴᠡ ᠰᠢᠭᠤᠳ ᠭᠠᠳᠠᠨᠠᠬᠢ ᠬᠦᠷᠢᠶ᠎ᠡ ᠤᠷᠤᠭᠤ ᠭᠠᠷᠴᠤ ᠪᠣᠯᠬᠤ ᠦᠭᠡᠢ᠃ ᠦᠢᠯᠡᠴᠢᠯᠡᠬᠦ ᠳᠡᠭᠡᠨ ᠡᠮᠦᠰᠦᠭᠰᠡᠨ ᠬᠤᠪᠴᠠᠰᠤ ᠨᠢ ᠠᠷᠢᠭᠤᠨ ᠤᠴᠢᠷ ᠠᠴᠠ ᠲᠡᠭᠦᠨ ᠢ ᠲᠡᠨᠳᠡ ᠨᠢ ᠲᠠᠢᠯᠵᠤ᠂ ᠥᠭᠡᠷ᠎ᠡ ᠬᠤᠪᠴᠠᠰᠤ ᠡᠮᠦᠰᠬᠦ ᠡᠴᠡ ᠨᠠᠰᠢ ᠠᠷᠠᠳ ᠲᠦᠮᠡᠨ ᠦ ᠲᠡᠨᠳᠡ ᠣᠴᠢᠵᠤ ᠪᠣᠯᠬᠤ ᠦᠭᠡᠢ》 ᠭᠡᠯ᠎ᠡ᠃

15 ᠲᠡᠷᠡ ᠪᠡᠷ ᠥᠷᠭᠥᠭᠡᠨ ᠦ ᠳᠣᠲᠣᠷᠠᠬᠢ ᠵᠦᠢᠯᠡᠰ ᠢ ᠬᠡᠮᠵᠢᠵᠦ ᠳᠠᠭᠤᠰᠤᠭᠠᠳ ᠨᠠᠮᠠᠶᠢ ᠵᠡᠭᠦᠨᠰᠢ ᠬᠠᠷᠠᠭᠰᠠᠨ ᠬᠠᠭᠠᠯᠭᠠᠨ ᠵᠠᠮ ᠢᠶᠠᠷ ᠭᠠᠷᠭᠠᠪᠠ᠂ ᠲᠡᠭᠡᠭᠡᠳ ᠲᠡᠷᠡ ᠡᠷᠭᠢᠨ ᠲᠣᠭᠣᠷᠢᠨ ᠢ ᠨᠢ ᠪᠦᠭᠦᠳᠡ ᠶᠢ ᠬᠡᠮᠵᠢᠪᠡ᠃ 16 ᠲᠡᠷᠡ ᠪᠡᠷ ᠬᠡᠮᠵᠢᠬᠦ ᠰᠠᠪᠠᠭ᠎ᠠ ᠪᠠᠷ ᠵᠡᠭᠦᠨ ᠲᠠᠯ᠎ᠠ ᠶᠢ ᠬᠡᠮᠵᠢᠬᠦ ᠳᠦ᠂ ᠬᠡᠮᠵᠢᠬᠦ ᠰᠠᠪᠠᠭ᠎ᠠ ᠪᠠᠷ ᠲᠠᠪᠤᠨ ᠵᠠᠭᠤᠨ ᠰᠠᠪᠠᠭ᠎ᠠ᠂ 17 ᠬᠣᠢᠲᠤ ᠲᠠᠯ᠎ᠠ ᠶᠢ ᠬᠡᠮᠵᠢᠬᠦ ᠳᠦ᠂ ᠬᠡᠮᠵᠢᠬᠦ ᠰᠠᠪᠠᠭ᠎ᠠ ᠪᠠᠷ ᠲᠠᠪᠤᠨ ᠵᠠᠭᠤᠨ ᠰᠠᠪᠠᠭ᠎ᠠ᠂ 18 ᠡᠮᠦᠨ᠎ᠡ ᠲᠠᠯ᠎ᠠ ᠶᠢ ᠬᠡᠮᠵᠢᠬᠦ ᠳᠦ᠂ ᠬᠡᠮᠵᠢᠬᠦ ᠰᠠᠪᠠᠭ᠎ᠠ ᠪᠠᠷ ᠲᠠᠪᠤᠨ ᠵᠠᠭᠤᠨ ᠰᠠᠪᠠᠭ᠎ᠠ᠂ 19 ᠪᠠᠷᠠᠭᠤᠨᠰᠢ ᠡᠷᠭᠢᠭᠡᠳ ᠬᠡᠮᠵᠢᠬᠦ ᠳᠦ᠂ ᠬᠡᠮᠵᠢᠬᠦ ᠰᠠᠪᠠᠭ᠎ᠠ ᠪᠠᠷ ᠲᠠᠪᠤᠨ ᠵᠠᠭᠤᠨ ᠰᠠᠪᠠᠭ᠎ᠠ ᠪᠠᠢᠪᠠ᠃ 20 ᠲᠡᠢᠨ ᠬᠦ ᠲᠡᠷᠡ ᠬᠡᠰᠡᠭ ᠦᠨ ᠳᠥᠷᠪᠡᠨ ᠲᠠᠯ᠎ᠠ ᠶᠢ ᠬᠡᠮᠵᠢᠪᠡ᠃ ᠡᠷᠭᠢᠨ ᠲᠣᠭᠣᠷᠢᠨ ᠳᠤᠨᠢ ᠠᠷᠢᠭᠤᠨ ᠢ ᠠᠷᠢᠭᠤᠨ ᠪᠤᠰᠤ ᠠᠴᠠ ᠲᠤᠰᠠᠭᠠᠷᠯᠠᠬᠤ ᠲᠠᠪᠤᠨ ᠵᠠᠭᠤᠨ ᠲᠣᠬᠣᠢ ᠤᠷᠲᠤ᠂ ᠲᠠᠪᠤᠨ ᠵᠠᠭᠤᠨ ᠲᠣᠬᠣᠢ ᠥᠷᠭᠡᠨ ᠬᠡᠷᠡᠮ ᠪᠠᠢᠪᠠ᠃