1 2 3 4 5 6 7 8 9 10 11 12 13 14 15 16 17 18 19 20 21 22 23 24 25 26 27 28 29 30 31 32 33 34 35 36 37 38 39 40 41 42 43 44 45 46 47 48


ᠡᠽᠧᠺᠢᠶᠧᠯ ᠭᠤᠴᠢ
 ᠶᠧᠵᠢᠫᠲ ᠤᠨ ᠲᠤᠬᠠᠢ ᠭᠠᠰᠢᠭᠤᠳᠠᠯ

1 ᠶᠣᠬᠣᠸᠠ ᠶᠢᠨ ᠦᠭᠡ ᠨᠠᠳᠠ ᠳᠤ ᠢᠷᠡᠪᠡ᠄
2 《ᠬᠥᠮᠦᠨ ᠦ ᠬᠦᠦ ᠡ᠂ ᠡᠰᠢ ᠦᠵᠡᠭᠦᠯᠵᠦ ᠶᠠᠷᠢ᠂ ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 〈ᠲᠠ ᠨᠠᠷ ᠤᠬᠢᠯᠠᠵᠠᠭ᠎ᠠ᠂ ᠲᠡᠷᠡ ᠡᠳᠦᠷ ᠭᠠᠰᠠᠯᠠᠩᠲᠠᠶ᠎ᠠ᠃〉
3 ᠲᠡᠷᠡ ᠡᠳᠦᠷ ᠣᠢᠷᠠᠲᠤᠯ᠎ᠠ᠂ ᠶᠣᠬᠣᠸᠠ ᠶᠢᠨ ᠡᠳᠦᠷ ᠣᠢᠷᠠᠲᠤᠯ᠎ᠠ ᠡᠭᠦᠯᠡ ᠲᠠᠢ ᠡᠳᠦᠷ᠂ ᠦᠨᠳᠦᠰᠦᠲᠡᠨ ᠨᠦᠭᠦᠳ ᠦᠨ ᠴᠠᠭ ᠪᠣᠯᠵᠤ ᠪᠠᠢᠨ᠎ᠠ᠃
4 ᠶᠧᠵᠢᠫᠲ ᠳᠡᠭᠡᠷ᠎ᠡ ᠰᠡᠯᠡᠮ᠎ᠡ ᠪᠠᠭᠤᠵᠤ᠂ ᠺᠦᠱ ᠲᠤ ᠵᠣᠪᠠᠯᠠᠩ ᠪᠣᠯᠣᠨ᠎ᠠ ᠶᠧᠵᠢᠫᠲ ᠲᠤ ᠠᠯᠠᠭᠳᠠᠭᠰᠠᠳ ᠤᠨᠠᠬᠤ ᠳᠤ ᠪᠠᠶᠠᠯᠢᠭ ᠨᠢ ᠪᠤᠯᠢᠶᠠᠭᠳᠠᠵᠤ᠂ ᠰᠠᠭᠤᠷᠢ ᠨᠢ ᠨᠤᠷᠠᠭᠠᠭᠳᠠᠨ᠎ᠠ᠃
5 ᠺᠦᠱ᠂ ᠫᠦᠲ᠂ ᠯᠦᠳ᠋᠂ ᠪᠦᠬᠦ ᠠᠷᠠᠪ᠂ ᠯᠢᠪᠢᠶ᠎ᠠ ᠪᠠ ᠬᠣᠯᠪᠣᠭᠠᠲᠠᠨ ᠤᠯᠤᠰ ᠤᠨ ᠬᠢᠨ ᠶᠧᠵᠢᠫᠲ ᠲᠠᠢ ᠬᠠᠮᠲᠤ ᠢᠯᠳᠦᠨ ᠳᠦ ᠤᠨᠠᠬᠤ ᠪᠣᠯᠣᠨ᠎ᠠ᠃》

6 ᠶᠣᠬᠣᠸᠠ ᠡᠢᠨ ᠬᠦ ᠠᠢᠯᠠᠳᠴᠤ ᠪᠠᠢᠨ᠎ᠠ᠄ 《ᠶᠧᠵᠢᠫᠲ ᠤᠨ ᠬᠣᠯᠪᠣᠭᠠᠲᠠᠳ ᠤᠨᠠᠵᠤ᠂ ᠪᠠᠷᠳᠠᠮᠨᠠᠯ ᠪᠠ ᠬᠦᠴᠦ ᠨᠢ ᠪᠠᠭᠤᠷᠠᠨ᠎ᠠ᠃ ᠢᠩᠭᠢᠭᠡᠳ ᠲᠡᠳᠡ ᠮᠢᠭᠳᠣᠯ ᠠᠴᠠ ᠠᠰᠸᠠᠨ ᠬᠦᠷᠲᠡᠯ᠎ᠡ᠂ ᠶᠧᠵᠢᠫᠲ ᠤᠨ ᠳᠣᠲᠣᠷ᠎ᠠ ᠢᠯᠳᠦᠨ ᠳᠦ ᠤᠨᠠᠨ᠎ᠠ᠃》 ᠡᠵᠡᠨ ᠶᠣᠬᠣᠸᠠ ᠠᠢᠯᠠᠳᠴᠤ ᠪᠠᠢᠨ᠎ᠠ᠃
7 《ᠲᠡᠳᠡ ᠡᠵᠡᠭᠦᠢᠷᠡᠭᠰᠡᠨ ᠭᠦᠷᠦᠨ ᠨᠦᠭᠦᠳ ᠡᠴᠡ ᠴᠤ ᠢᠯᠡᠭᠦᠦ ᠡᠵᠡᠭᠦᠢᠷᠡᠵᠦ ᠬᠣᠲᠠ ᠨᠤᠭᠤᠳ ᠨᠢ ᠬᠣᠭᠣᠰᠣᠷᠠᠭᠰᠠᠨ ᠬᠣᠲᠠ ᠨᠤᠭᠤᠳ ᠠᠴᠠ ᠴᠤ ᠢᠯᠡᠭᠦᠦ ᠬᠣᠭᠣᠰᠣᠷᠠᠨ᠎ᠠ᠃
8 ᠶᠧᠵᠢᠫᠲ ᠲᠤ ᠭᠠᠯ ᠲᠠᠯᠪᠢᠵᠤ᠂ ᠪᠦᠬᠦ ᠬᠠᠮᠰᠠᠭᠠᠲᠠᠨ ᠢ ᠨᠢ ᠪᠤᠲᠠ ᠴᠣᠬᠢᠬᠤ ᠴᠠᠭ ᠲᠤ ᠮᠢᠨᠢ ᠲᠡᠳᠡ ᠨᠠᠮᠠᠶᠢ ᠶᠣᠬᠣᠸᠠ ᠭᠡᠳᠡᠭ ᠢ ᠮᠡᠳᠡᠬᠦ ᠪᠣᠯᠣᠨ᠎ᠠ᠃

9 ᠲᠡᠷᠡ ᠡᠳᠦᠷ ᠪᠢ ᠡᠯᠴᠢᠳ ᠢ ᠺᠦᠱ ᠤᠷᠤᠭᠤ ᠣᠩ᠋ᠭᠣᠴᠠ ᠪᠠᠷ ᠶᠠᠪᠤᠭᠤᠯᠤᠨ᠎ᠠ᠂ ᠶᠧᠵᠢᠫᠲ ᠤᠨ ᠵᠣᠪᠠᠬᠤ ᠡᠳᠦᠷ ᠲᠦ ᠲᠡᠳᠡ ᠠᠢᠳᠠᠰ ᠲᠤ ᠠᠪᠲᠠᠨ᠎ᠠ᠃ ᠤᠴᠢᠷ ᠨᠢ ᠲᠡᠷᠡ ᠠᠶᠤᠯ ᠢᠷᠡᠵᠦ ᠪᠠᠢᠨ᠎ᠠ︕》
10 ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 《ᠪᠢ ᠪᠠᠪᠢᠯᠣᠨ ᠤ ᠬᠠᠭᠠᠨ ᠨᠧᠪᠦ᠋ᠺᠠᠨᠧᠽᠠᠷ ᠤᠨ ᠭᠠᠷ ᠢᠶᠠᠷ ᠶᠧᠵᠢᠫᠲ ᠤᠨ ᠣᠯᠠᠨ ᠲᠦᠮᠡᠨ ᠢ ᠤᠰᠠᠳᠬᠠᠨ᠎ᠠ᠃
11 ᠥᠨᠥᠬᠢ ᠭᠦᠷᠦᠨ ᠢ ᠤᠰᠠᠳᠬᠠᠬᠤ ᠪᠠᠷ ᠲᠡᠷᠡ ᠪᠡᠷ ᠦᠨᠳᠦᠰᠦᠲᠡᠨ ᠨᠦᠭᠦᠳ ᠦᠨ ᠬᠠᠮᠤᠭ ᠤᠨ ᠬᠡᠷᠴᠡᠭᠡᠢ ᠶᠢ᠂ ᠥᠪᠡᠷ ᠦᠨ ᠢᠶᠠᠨ ᠴᠡᠷᠢᠭ ᠢ ᠳᠠᠭᠠᠭᠤᠯᠤᠨ ᠢᠷᠡᠨ᠎ᠡ ᠶᠧᠵᠢᠫᠲ ᠤᠨ ᠡᠰᠡᠷᠭᠦ ᠲᠡᠳᠡ ᠢᠯᠳᠦ ᠪᠡᠨ ᠰᠤᠭᠤᠯᠵᠤ᠂ ᠲᠡᠷᠡ ᠭᠠᠵᠠᠷ ᠢ ᠠᠯᠠᠭᠳᠠᠭᠰᠠᠳ ᠢᠶᠠᠷ ᠳᠦᠭᠦᠷᠭᠡᠨ᠎ᠡ᠃
12 ᠪᠢ ᠭᠣᠣᠯ ᠤᠳ ᠢ ᠨᠢ ᠰᠢᠷᠭᠢᠭᠡᠨ᠂ ᠭᠠᠵᠠᠷ ᠢ ᠨᠢ ᠬᠣᠷᠣᠨ ᠮᠠᠭᠤ ᠬᠥᠮᠦᠰ ᠲᠦ ᠬᠤᠳᠠᠯᠳᠤᠨ᠎ᠠ᠃ ᠪᠢ ᠭᠠᠵᠠᠷ ᠢ ᠨᠢ ᠳᠣᠲᠣᠷᠠᠬᠢ ᠪᠦᠬᠦᠨ ᠲᠡᠢ ᠨᠢ ᠬᠠᠮᠲᠤ ᠬᠠᠷᠢᠴᠤᠳ ᠤᠨ ᠭᠠᠷ ᠢᠶᠠᠷ ᠬᠣᠭᠣᠰᠣᠷᠠᠭᠤᠯᠤᠨ᠎ᠠ᠃ ᠶᠣᠬᠣᠸᠠ ᠪᠢ ᠡᠭᠦᠨ ᠢ ᠶᠠᠷᠢᠯ᠎ᠠ᠃》
13 ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 《ᠪᠢ ᠰᠢᠲᠦᠭᠡᠨ ᠨᠦᠭᠦᠳ ᠢ ᠰᠦᠢᠷᠡᠭᠦᠯᠵᠦ᠂ ᠮᠧᠮᠹᠢᠰ ᠡᠴᠡ ᠬᠥᠷᠥᠭ ᠤᠳ ᠢ ᠠᠷᠢᠯᠭᠠᠨ᠎ᠠ ᠶᠧᠵᠢᠫᠲ ᠡᠴᠡ ᠳᠠᠬᠢᠨ ᠬᠠᠭᠠᠨ ᠭᠠᠷᠬᠤ ᠦᠭᠡᠢ ᠶᠧᠵᠢᠫᠲ ᠲᠤ ᠪᠢ ᠠᠢᠳᠠᠰ ᠢ ᠥᠭᠭᠥᠨ᠎ᠡ᠃
14 ᠪᠢ ᠫᠠᠲ᠋ᠷᠣᠰ ᠢ ᠬᠣᠭᠣᠰᠣᠷᠠᠭᠤᠯᠵᠤ᠂ ᠽᠣᠶᠠᠨ ᠳᠤ ᠭᠠᠯ ᠲᠠᠯᠪᠢᠵᠤ᠂ ᠲᠧᠪᠧᠱ ᠢ ᠰᠢᠳᠬᠡᠨ᠎ᠡ᠃
15 ᠪᠢ ᠶᠧᠵᠢᠫᠲ ᠤᠨ ᠴᠠᠢᠵᠠ ᠽᠢᠨ ᠳᠤ ᠬᠢᠯᠢᠩ ᠢᠶᠠᠨ ᠠᠰᠬᠠᠵᠤ᠂ ᠲᠧᠪᠧᠱ ᠤᠨ ᠣᠯᠠᠨ ᠲᠦᠮᠡᠨ ᠢ ᠰᠥᠨᠥᠭᠡᠨ᠎ᠡ᠃
16 ᠪᠢ ᠶᠧᠵᠢᠫᠲ ᠲᠤ ᠭᠠᠯ ᠲᠠᠯᠪᠢᠨ᠎ᠠ ᠽᠢᠨ ᠶᠡᠬᠡᠳᠡ ᠲᠠᠷᠴᠢᠯᠠᠵᠤ ᠲᠧᠪᠧᠱ ᠡᠪᠳᠡᠷᠡᠵᠦ᠂ ᠮᠧᠮᠹᠢᠰ ᠡᠳᠦᠷ ᠪᠦᠷᠢ ᠭᠠᠴᠢᠭᠳᠠᠨ᠎ᠠ᠃
17 ᠣᠨ ᠪᠠ ᠫᠢ ᠪᠧᠰᠧᠲ ᠤᠨ ᠵᠠᠯᠠᠭᠤᠰ ᠢᠯᠳᠦᠨ ᠳᠦ ᠤᠨᠠᠨ ᠡᠮᠡᠭᠲᠡᠢᠴᠦᠳ ᠨᠢ ᠣᠯᠵᠠᠯᠠᠭᠳᠠᠨ᠎ᠠ᠃
18 ᠲᠧᠬᠠᠹᠨᠧᠾᠧᠰ ᠲᠤ ᠶᠧᠵᠢᠫᠲ ᠤᠨ ᠪᠤᠭᠤᠯᠠᠭ᠎ᠠ ᠶᠢ ᠡᠪᠳᠡᠬᠦ ᠦᠶ᠎ᠡ ᠳᠦ ᠮᠢᠨᠢ ᠲᠡᠨᠳᠡ ᠡᠳᠦᠷ ᠨᠢ ᠬᠠᠷᠠᠩ᠋ᠭᠤᠢᠯᠠᠵᠤ ᠪᠠᠷᠳᠠᠮᠨᠠᠯ ᠪᠠ ᠬᠦᠴᠦ ᠠᠯᠠᠭ᠎ᠠ ᠪᠣᠯᠣᠨ᠎ᠠ ᠬᠣᠲᠠ ᠶᠢ ᠨᠢ ᠡᠭᠦᠯᠡᠰ ᠪᠦᠷᠬᠦᠵᠦ᠂ ᠥᠬᠢᠳ ᠨᠢ ᠣᠯᠵᠠᠯᠠᠭᠳᠠᠨ᠎ᠠ᠃
19 ᠲᠡᠢᠨ ᠬᠦ ᠪᠢ ᠶᠧᠵᠢᠫᠲ ᠢ ᠰᠢᠳᠬᠡᠬᠦ ᠳᠦ᠂ ᠲᠡᠳᠡ ᠨᠠᠮᠠᠶᠢ ᠶᠣᠬᠣᠸᠠ ᠭᠡᠳᠡᠭ ᠢ ᠮᠡᠳᠡᠨ᠎ᠡ᠃》

20 ᠠᠷᠪᠠᠨ ᠨᠢᠭᠡᠳᠦᠭᠡᠷ ᠣᠨ ᠤ ᠨᠢᠭᠡᠳᠦᠭᠡᠷ ᠰᠠᠷ᠎ᠠ ᠶᠢᠨ ᠳᠣᠯᠣᠭᠠᠨ ᠳᠤ᠂ ᠶᠣᠬᠣᠸᠠ ᠶᠢᠨ ᠦᠭᠡ ᠨᠠᠳᠠ ᠳᠤ ᠢᠷᠡᠪᠡ᠄ 21 《ᠬᠥᠮᠦᠨ ᠦ ᠬᠦᠦ ᠡ᠂ ᠪᠢ ᠶᠧᠵᠢᠫᠲ ᠤᠨ ᠬᠠᠭᠠᠨ ᠹᠠᠷᠠᠣ᠋ ᠶᠢᠨ ᠭᠠᠷ ᠢ ᠬᠤᠭᠤᠯᠪᠠ᠃ ᠬᠠᠷᠠ᠂ ᠲᠡᠷᠡ ᠨᠢ ᠡᠳᠡᠭᠡᠷᠡᠬᠦ ᠪᠡᠷ ᠪᠣᠭᠣᠭᠳᠠᠭ᠎ᠠ ᠦᠭᠡᠢ᠂ ᠢᠯᠳᠦ ᠪᠠᠷᠢᠬᠤ ᠲᠡᠩᠬᠡᠭᠡ ᠲᠠᠢ ᠪᠣᠯᠬᠤ ᠪᠠᠷ ᠣᠷᠢᠶᠠᠭᠳᠠᠭ᠎ᠠ ᠦᠭᠡᠢ᠃ 22 ᠲᠡᠢᠮᠦ ᠡᠴᠡ ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 〈ᠬᠠᠷᠠ᠂ ᠪᠢ ᠶᠧᠵᠢᠫᠲ ᠤᠨ ᠬᠠᠭᠠᠨ ᠹᠠᠷᠠᠣ᠋ ᠶᠢᠨ ᠡᠰᠡᠷᠭᠦ ᠪᠠᠢᠨ᠎ᠠ᠂ ᠪᠢ ᠲᠡᠭᠦᠨ ᠦ ᠡᠷᠡᠭᠦᠯ ᠭᠠᠷ ᠪᠣᠯᠣᠨ ᠬᠤᠭᠤᠷᠠᠭᠰᠠᠨ ᠭᠠᠷ ᠢ ᠬᠣᠶᠠᠭᠤᠯᠠ ᠶᠢ ᠨᠢ ᠬᠤᠭᠤᠯᠵᠤ᠂ ᠲᠡᠭᠦᠨ ᠦ ᠭᠠᠷ ᠠᠴᠠ ᠢᠯᠳᠦ ᠶᠢ ᠨᠢ ᠤᠨᠠᠭᠠᠨ᠂ 23 ᠶᠧᠵᠢᠫᠲ᠋ᠴᠦᠳ ᠢ ᠦᠨᠳᠦᠰᠦᠲᠡᠨ ᠨᠦᠭᠦᠳ ᠦᠨ ᠳᠤᠮᠳᠠ ᠲᠠᠷᠬᠠᠭᠠᠵᠤ᠂ ᠭᠦᠷᠦᠨ ᠨᠦᠭᠦᠳ ᠦᠨ ᠳᠤᠮᠳᠠ ᠪᠤᠲᠠᠷᠠᠭᠠᠨ᠎ᠠ᠃ 24 ᠬᠠᠷᠢᠨ ᠪᠢ ᠪᠠᠪᠢᠯᠣᠨ ᠤ ᠬᠠᠭᠠᠨ ᠤ ᠭᠠᠷ ᠢ ᠲᠡᠩᠬᠡᠷᠡᠭᠦᠯᠵᠦ᠂ ᠭᠠᠷ ᠲᠤᠨᠢ ᠢᠯᠳᠦ ᠪᠡᠨ ᠥᠭᠭᠥᠨ᠎ᠡ᠃ ᠪᠢ ᠹᠠᠷᠠᠣ᠋ ᠶᠢᠨ ᠭᠠᠷ ᠢ ᠬᠤᠭᠤᠯᠬᠤ ᠤᠴᠢᠷ ᠠᠴᠠ ᠲᠡᠷᠡ ᠪᠡᠷ ᠬᠦᠨᠳᠦ ᠰᠢᠷᠬᠠᠲᠤᠭᠰᠠᠨ ᠬᠥᠮᠦᠨ ᠶᠣᠣᠯᠠᠬᠤ ᠠᠳᠠᠯᠢ ᠪᠠᠪᠢᠯᠣᠨ ᠤ ᠬᠠᠭᠠᠨ ᠤ ᠡᠮᠦᠨ᠎ᠡ ᠶᠣᠣᠯᠠᠬᠤ ᠪᠣᠯᠣᠨ᠎ᠠ᠃ 25 ᠲᠡᠢᠨ ᠬᠦ ᠪᠢ ᠪᠠᠪᠢᠯᠣᠨ ᠤ ᠬᠠᠭᠠᠨ ᠤ ᠭᠠᠷ ᠢ ᠬᠦᠴᠦᠷᠬᠡᠭᠵᠢᠭᠦᠯᠬᠦ ᠳᠦ᠂ ᠹᠠᠷᠠᠣ᠋ ᠶᠢᠨ ᠭᠠᠷ ᠰᠤᠯᠠᠷᠠᠨ᠎ᠠ᠃ ᠪᠢ ᠪᠠᠪᠢᠯᠣᠨ ᠤ ᠬᠠᠭᠠᠨ ᠤ ᠭᠠᠷ ᠲᠤ ᠢᠯᠳᠦ ᠪᠡᠨ ᠥᠭᠴᠦ᠂ ᠲᠡᠷᠡ ᠲᠡᠭᠦᠨ ᠢ ᠶᠧᠵᠢᠫᠲ ᠤᠷᠤᠭᠤ ᠰᠤᠩ᠋ᠭᠠᠬᠤ ᠦᠶ᠎ᠡ ᠳᠦ᠂ ᠲᠡᠳᠡ ᠨᠠᠮᠠᠶᠢ ᠶᠣᠬᠣᠸᠠ ᠭᠡᠳᠡᠭ ᠢ ᠮᠡᠳᠡᠬᠦ ᠪᠣᠯᠣᠨ᠎ᠠ᠃ 26 ᠪᠢ ᠶᠧᠵᠢᠫᠲ᠋ᠴᠦᠳ ᠢ ᠦᠨᠳᠦᠰᠦᠲᠡᠨ ᠨᠦᠭᠦᠳ ᠦᠨ ᠳᠤᠮᠳᠠ ᠲᠠᠷᠬᠠᠭᠠᠵᠤ᠂ ᠭᠦᠷᠦᠨ ᠨᠦᠭᠦᠳ ᠦᠨ ᠳᠤᠮᠳᠠ ᠪᠤᠲᠠᠷᠠᠭᠠᠨ᠎ᠠ᠂ ᠲᠡᠢᠨ ᠬᠦ ᠲᠡᠳᠡ ᠨᠠᠮᠠᠶᠢ ᠶᠣᠬᠣᠸᠠ ᠭᠡᠳᠡᠭ ᠢ ᠮᠡᠳᠡᠬᠦ ᠪᠣᠯᠣᠨ᠎ᠠ᠃〉》 ᠭᠡᠪᠡ᠃