1 2 3 4 5 6 7 8 9 10 11 12 13 14 15 16 17 18 19 20 21 22 23 24 25 26 27 28 29 30 31 32 33 34 35 36 37 38 39 40 41 42 43 44 45 46 47 48


ᠡᠽᠧᠺᠢᠶᠧᠯ ᠠᠷᠪᠠᠨ ᠳᠥᠷᠪᠡ
 ᠰᠢᠲᠦᠭᠡᠨ ᠰᠢᠲᠦᠭᠴᠢᠳ ᠰᠢᠳᠬᠡᠭᠳᠡᠨ᠎ᠡ

1 ᠢᠰᠷᠧᠯ ᠤᠨ ᠵᠠᠷᠢᠮ ᠠᠬᠠᠮᠠᠳ ᠤᠳ ᠨᠠᠳᠠ ᠤᠷᠤᠭᠤ ᠢᠷᠡᠵᠦ᠂ ᠮᠢᠨᠦ ᠡᠮᠦᠨ᠎ᠡ ᠰᠠᠭᠤᠪᠠ᠃ 2 ᠶᠣᠬᠣᠸᠠ ᠶᠢᠨ ᠦᠭᠡ ᠨᠠᠳᠠ ᠳᠤ ᠢᠷᠡᠵᠦ᠄ 3 《ᠬᠥᠮᠦᠨ ᠦ ᠬᠦᠦ ᠡ᠂ ᠡᠨᠡ ᠬᠥᠮᠦᠰ ᠵᠢᠷᠦᠬᠡᠨ ᠳᠡᠭᠡᠨ ᠰᠢᠲᠦᠭᠡᠨ ᠨᠦᠭᠦᠳ ᠵᠠᠯᠠᠵᠤ᠂ ᠨᠢᠭᠤᠷ ᠤᠨ ᠢᠶᠠᠨ ᠡᠮᠦᠨ᠎ᠡ ᠨᠢᠭᠦᠯ ᠦᠨ ᠪᠦᠳᠦᠷᠢᠭᠦᠯᠬᠦ ᠴᠢᠯᠠᠭᠤ ᠶᠢ ᠲᠠᠯᠪᠢᠭᠰᠠᠨ ᠪᠠᠢᠨ᠎ᠠ᠃ ᠲᠡᠢᠮᠦ ᠠᠲᠠᠯ᠎ᠠ ᠪᠠᠨ ᠲᠡᠳᠡ ᠨᠠᠮᠠᠶᠢ ᠡᠷᠢᠵᠦ ᠬᠠᠢᠨ᠎ᠠ ᠭᠡᠵᠢ ᠤᠤ︖ 4 ᠡᠭᠦᠨ ᠦ ᠲᠤᠬᠠᠢ ᠴᠢ ᠲᠡᠳᠡᠨ ᠳᠦ᠂ ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 〈ᠰᠢᠲᠦᠭᠡᠨ ᠨᠦᠭᠦᠳ ᠢᠶᠡᠨ ᠵᠢᠷᠦᠬᠡᠨ ᠳᠡᠭᠡᠨ ᠵᠠᠯᠠᠵᠤ᠂ ᠨᠢᠭᠦᠯ ᠦᠨ ᠪᠦᠳᠦᠷᠢᠭᠦᠯᠬᠦ ᠴᠢᠯᠠᠭᠤ ᠶᠢ ᠨᠢᠭᠤᠷ ᠤᠨ ᠢᠶᠠᠨ ᠡᠮᠦᠨ᠎ᠡ ᠲᠠᠯᠪᠢᠭᠠᠳ ᠡᠰᠢ ᠦᠵᠡᠭᠦᠯᠦᠭᠴᠢ ᠤᠷᠤᠭᠤ ᠣᠴᠢᠳᠠᠭ ᠢᠰᠷᠧᠯ ᠤᠨ ᠭᠡᠷ ᠦᠨ ᠬᠢᠨ ᠪᠣᠯᠭᠠᠨ ᠳᠤ ᠶᠣᠬᠣᠸᠠ ᠪᠢ ᠰᠢᠲᠦᠭᠡᠨ ᠦ ᠬᠢᠨᠢ ᠣᠯᠠᠨ ᠤ ᠳᠠᠭᠠᠤ ᠬᠠᠷᠢᠭᠤᠯᠤᠨ᠎ᠠ᠃ 5 ᠲᠡᠢᠨ ᠬᠦ ᠥᠪᠡᠷᠰᠡᠳ ᠦᠨ ᠢᠶᠠᠨ ᠪᠦᠬᠦ ᠰᠢᠲᠦᠭᠡᠨ ᠨᠦᠭᠦᠳ ᠡᠴᠡ ᠪᠣᠯᠵᠤ ᠨᠠᠳᠠ ᠠᠴᠠ ᠬᠣᠯᠠᠳᠠᠭᠰᠠᠨ ᠢᠰᠷᠧᠯ ᠤᠨ ᠭᠡᠷ ᠦᠨ ᠬᠢᠨ ᠤ ᠵᠢᠷᠦᠬᠡ ᠶᠢ ᠪᠢ ᠡᠵᠡᠮᠳᠡᠬᠦ ᠪᠣᠯᠣᠨ᠎ᠠ〉》 ᠭᠡᠪᠡ᠃

6 ᠲᠡᠢᠮᠦ ᠡᠴᠡ ᠴᠢ ᠢᠰᠷᠧᠯ ᠤᠨ ᠭᠡᠷ ᠦᠨ ᠬᠢᠨ ᠳᠤ ᠬᠡᠯᠡ᠄ 《ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 〈ᠭᠡᠮᠰᠢ 7 ᠂ ᠰᠢᠲᠦᠭᠡᠨ ᠨᠦᠭᠦᠳ ᠡᠴᠡ ᠪᠡᠨ ᠡᠷᠭᠢᠵᠦ᠂ ᠵᠢᠭᠰᠢᠭᠦᠷᠢᠲᠦ ᠪᠦᠬᠦᠨ ᠡᠴᠡ ᠪᠡᠨ ᠨᠢᠭᠤᠷ ᠢᠶᠠᠨ ᠪᠤᠷᠤᠭᠤᠯᠠ᠃ 7 ᠢᠰᠷᠧᠯ ᠤᠨ ᠭᠡᠷ ᠦᠨ ᠬᠢᠨ᠂ ᠡᠰᠡᠪᠡᠯ ᠢᠰᠷᠧᠯ ᠳᠤ ᠰᠠᠭᠤᠵᠤ ᠪᠤᠢ ᠬᠠᠷᠢ ᠶᠢᠨ ᠬᠥᠮᠦᠨ ᠡᠴᠡ ᠬᠡᠨ ᠨᠢ ᠴᠤ ᠨᠠᠳᠠ ᠠᠴᠠ ᠰᠠᠯᠵᠤ᠂ ᠵᠢᠷᠦᠬᠡᠨ ᠳᠡᠭᠡᠨ ᠰᠢᠲᠦᠭᠡᠨ ᠵᠠᠯᠠᠵᠤ᠂ ᠨᠢᠭᠦᠯ ᠦᠨ ᠪᠦᠳᠦᠷᠢᠭᠦᠯᠬᠦ ᠴᠢᠯᠠᠭᠤ ᠶᠢ ᠨᠢᠭᠤᠷ ᠤᠨ ᠢᠶᠠᠨ ᠡᠮᠦᠨ᠎ᠡ ᠲᠠᠯᠪᠢᠴᠢᠬᠠᠭᠠᠳ ᠨᠠᠳᠠ ᠠᠴᠠ ᠠᠰᠠᠭᠤᠬᠤ ᠪᠠᠷ ᠡᠰᠢ ᠦᠵᠡᠭᠦᠯᠦᠭᠴᠢ ᠤᠷᠤᠭᠤ ᠣᠴᠢᠪᠠᠯ᠂ ᠶᠣᠬᠣᠸᠠ ᠪᠢ ᠥᠪᠡᠷ ᠢᠶᠡᠨ ᠲᠡᠭᠦᠨ ᠳᠦ ᠬᠠᠷᠢᠭᠤᠯᠤᠨ᠎ᠠ᠃ 8 ᠪᠢ ᠨᠢᠭᠤᠷ ᠢᠶᠠᠨ ᠲᠡᠷᠡ ᠬᠥᠮᠦᠨ ᠤᠷᠤᠭᠤ ᠬᠠᠨᠳᠤᠭᠤᠯᠵᠤ᠂ ᠲᠡᠭᠦᠨ ᠢ ᠠᠶᠤᠮᠰᠢᠭᠲᠤ ᠰᠤᠷᠭᠠᠮᠵᠢ ᠪᠣᠯᠣᠨ ᠠᠮᠠᠨ ᠤ ᠵᠤᠭ᠎ᠠ ᠪᠣᠯᠭᠠᠨ᠂ ᠠᠷᠠᠳ ᠲᠦᠮᠡᠨ ᠦ ᠪᠠᠨ ᠳᠤᠮᠳᠠ ᠠᠴᠠ ᠲᠠᠰᠤᠯᠤᠨ᠎ᠠ᠃ ᠲᠡᠢᠨ ᠬᠦ ᠲᠠ ᠨᠠᠷ ᠨᠠᠮᠠᠶᠢ ᠶᠣᠬᠣᠸᠠ ᠭᠡᠳᠡᠭ ᠢ ᠮᠡᠳᠡᠬᠦ ᠪᠣᠯᠣᠨ᠎ᠠ᠃

9 ᠬᠡᠷᠪᠡ ᠲᠡᠷᠡ ᠡᠰᠢ ᠦᠵᠡᠭᠦᠯᠦᠭᠴᠢ ᠥᠳᠥᠭᠡᠭᠳᠡᠨ ᠡᠰᠢ ᠦᠵᠡᠭᠦᠯᠦᠭᠰᠡᠨ ᠴᠤ ᠲᠡᠷᠡ ᠡᠰᠢ ᠦᠵᠡᠭᠦᠯᠦᠭᠴᠢ ᠶᠢ ᠥᠳᠥᠭᠡᠭᠰᠡᠨ ᠨᠢ ᠶᠣᠬᠣᠸᠠ ᠪᠢ ᠪᠢᠯᠡ᠃ ᠪᠢ ᠲᠡᠭᠦᠨ ᠤᠷᠤᠭᠤ ᠮᠤᠲᠤᠷ ᠢᠶᠠᠨ ᠰᠤᠩ᠋ᠭᠠᠵᠤ᠂ ᠲᠡᠭᠦᠨ ᠢ ᠥᠪᠡᠷ ᠦᠨ ᠢᠶᠠᠨ ᠠᠷᠠᠳ ᠲᠦᠮᠡᠨ ᠢᠰᠷᠧᠯ ᠤᠨ ᠳᠤᠮᠳᠠ ᠠᠴᠠ ᠤᠰᠠᠳᠬᠠᠨ᠎ᠠ᠃ 10 ᠲᠡᠷᠡ ᠡᠰᠢ ᠦᠵᠡᠭᠦᠯᠦᠭᠴᠢ ᠶᠢᠨ ᠠᠪᠬᠤ ᠰᠢᠳᠬᠡᠯ ᠪᠣᠯᠣᠨ ᠠᠰᠠᠭᠤᠭᠰᠠᠨ ᠬᠥᠮᠦᠨ ᠦ ᠰᠢᠳᠬᠡᠯ ᠠᠳᠠᠯᠢ ᠪᠠᠢᠬᠤ ᠪᠣᠯᠣᠨ᠎ᠠ᠃ ᠲᠡᠷᠡ ᠬᠣᠶᠠᠭᠤᠯᠠ ᠥᠪᠡᠷ ᠥᠪᠡᠷ ᠦᠨ ᠢᠶᠠᠨ ᠰᠢᠳᠬᠡᠯ ᠢ ᠡᠭᠦᠷᠦᠨ᠎ᠡ᠃ 11 ᠲᠡᠢᠨ ᠬᠦ ᠢᠰᠷᠧᠯ ᠤᠨ ᠭᠡᠷ ᠨᠠᠳᠠ ᠠᠴᠠ ᠬᠣᠯᠠᠳᠠᠨ ᠲᠥᠭᠡᠷᠢᠬᠦ ᠦᠭᠡᠢ᠂ ᠬᠠᠮᠤᠭ ᠨᠢᠭᠦᠯ ᠢᠶᠡᠷ ᠢᠶᠠᠨ ᠥᠪᠡᠷᠰᠡᠳ ᠢ ᠪᠠᠨ ᠪᠤᠵᠠᠷᠯᠠᠬᠤ ᠦᠭᠡᠢ᠂ ᠬᠠᠷᠢᠨ ᠲᠡᠳᠡ ᠮᠢᠨᠦ ᠠᠷᠠᠳ ᠲᠦᠮᠡᠨ ᠪᠣᠯᠵᠤ᠂ ᠪᠢ ᠲᠡᠳᠡᠨ ᠦ ᠪᠤᠷᠬᠠᠨ ᠪᠣᠯᠣᠨ᠎ᠠ᠃〉》 ᠡᠵᠡᠨ ᠶᠣᠬᠣᠸᠠ ᠠᠢᠯᠠᠳᠴᠤ ᠪᠠᠢᠨ᠎ᠠ᠃

12 ᠶᠣᠬᠣᠸᠠ ᠶᠢᠨ ᠦᠭᠡ ᠨᠠᠳᠠ ᠳᠤ ᠢᠷᠡᠪᠡ᠄ 13 《ᠬᠥᠮᠦᠨ ᠦ ᠬᠦᠦ ᠡ᠂ ᠬᠡᠷᠪᠡ ᠠᠯᠢ ᠨᠢᠭᠡ ᠨᠤᠲᠤᠭ ᠤᠨ ᠬᠢᠨ ᠢᠲᠡᠭᠡᠯ ᠠᠯᠳᠠᠨ᠂ ᠨᠠᠳᠠ ᠳᠤ ᠨᠢᠭᠦᠯ ᠦᠢᠯᠡᠳᠬᠦ ᠳᠦ᠂ ᠪᠢ ᠲᠡᠭᠦᠨ ᠤᠷᠤᠭᠤ ᠮᠤᠲᠤᠷ ᠢᠶᠠᠨ ᠰᠤᠩ᠋ᠭᠠᠨ ᠬᠦᠨᠡᠰᠦᠨ ᠦ ᠬᠠᠩ᠋ᠭᠠᠯᠭ᠎ᠠ ᠶᠢ ᠨᠢ ᠲᠠᠰᠤᠯᠤᠨ᠂ ᠲᠡᠭᠦᠨ ᠳᠡᠭᠡᠷ᠎ᠡ ᠥᠯᠥᠰᠬᠥᠯᠡᠩ ᠢᠯᠡᠭᠡᠵᠦ᠂ ᠬᠥᠮᠦᠨ᠂ ᠠᠮᠢᠲᠠᠨ ᠢ ᠨᠢ ᠤᠰᠠᠳᠬᠠᠬᠤ ᠲᠣᠬᠢᠶᠠᠯᠳᠤᠯ ᠳᠤ᠂ 14 ᠨᠣᠶᠠ᠂ ᠳ᠋ᠠᠨᠢᠶᠧᠯ ᠪᠣᠯᠣᠨ ᠶᠣᠪ ᠭᠤᠷᠪᠠᠭᠤᠯᠠ ᠪᠠᠨ ᠲᠡᠨᠳᠡ ᠪᠠᠢᠭᠰᠠᠨ ᠴᠤ᠂ ᠵᠥᠪᠲᠦ ᠪᠠᠢᠳᠠᠯ ᠢᠶᠠᠷ ᠢᠶᠠᠨ ᠲᠡᠳᠡ ᠥᠪᠡᠷᠰᠡᠳ ᠢ ᠪᠠᠨ ᠯᠠ ᠠᠪᠤᠷᠠᠨ᠎ᠠ᠂ ᠡᠵᠡᠨ ᠶᠣᠬᠣᠸᠠ ᠠᠢᠯᠠᠳᠴᠤ ᠪᠠᠢᠨ᠎ᠠ᠃ 15 ᠬᠡᠷᠪᠡ ᠪᠢ ᠳᠣᠭᠰᠢᠨ ᠠᠷᠢᠶᠠᠲᠠᠨ ᠢ ᠶᠠᠪᠤᠭᠤᠯᠵᠤ᠂ ᠲᠡᠷᠡ ᠨᠢ ᠲᠡᠷᠡ ᠨᠤᠲᠤᠭ ᠢ ᠡᠵᠡᠭᠦᠢᠷᠡᠭᠦᠯᠦᠨ ᠬᠣᠭᠣᠰᠣᠷᠠᠭᠤᠯᠵᠤ᠂ ᠠᠷᠢᠶᠠᠲᠠᠨ ᠠᠴᠠ ᠪᠣᠯᠵᠤ ᠲᠡᠷᠡ ᠨᠤᠲᠤᠭ ᠢᠶᠠᠷ ᠳᠠᠭᠠᠷᠢᠨ ᠥᠩᠭᠡᠷᠡᠬᠦ ᠬᠥᠮᠦᠨ ᠦᠭᠡᠢ ᠪᠣᠯᠬᠤ ᠲᠣᠬᠢᠶᠠᠯᠳᠤᠯ ᠳᠤ᠂ 16 ᠶᠣᠬᠣᠸᠠ ᠮᠢᠨᠦ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ ᠲᠡᠨᠳᠡ ᠨᠥᠭᠥᠭᠡ ᠭᠤᠷᠪᠠᠨ ᠬᠥᠮᠦᠨ ᠪᠠᠢᠭᠰᠠᠨ ᠴᠤ᠂ ᠬᠥᠪᠡᠭᠦᠳ ᠢᠶᠡᠨ ᠴᠤ᠂ ᠥᠬᠢᠳ ᠢᠶᠠᠨ ᠴᠤ ᠠᠪᠤᠷᠠᠯ ᠦᠭᠡᠢ᠂ ᠥᠪᠡᠷᠰᠡᠳ ᠢ ᠪᠠᠨ ᠯᠠ ᠠᠪᠤᠷᠠᠬᠤ ᠪᠥᠭᠡᠳ ᠲᠡᠷᠡ ᠨᠤᠲᠤᠭ ᠡᠵᠡᠭᠦᠢᠷᠡᠨ᠎ᠡ᠂ ᠡᠵᠡᠨ ᠶᠣᠬᠣᠸᠠ ᠠᠢᠯᠠᠳᠴᠤ ᠪᠠᠢᠨ᠎ᠠ᠃ 17 ᠬᠡᠷᠪᠡ ᠪᠢ ᠲᠡᠷᠡ ᠨᠤᠲᠤᠭ ᠲᠤ ᠢᠯᠳᠦ ᠠᠪᠴᠢᠷᠠᠵᠤ᠄ 〈ᠢᠯᠳᠦ ᠴᠢ ᠡᠨᠡ ᠨᠤᠲᠤᠭ ᠢ ᠳᠠᠭᠠᠷᠢᠨ ᠥᠩᠭᠡᠷᠡ᠂ ᠪᠢ ᠡ᠊ᠨᠳᠡ ᠡᠴᠡ ᠬᠥᠮᠦᠨ ᠠᠮᠢᠲᠠᠨ ᠢ ᠲᠠᠰᠤᠯᠤᠨ᠎ᠠ〉 ᠭᠡᠬᠦ ᠲᠣᠬᠢᠶᠠᠯᠳᠤᠯ ᠳᠤ᠂ 18 ᠶᠣᠬᠣᠸᠠ ᠮᠢᠨᠦ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ ᠲᠡᠨᠳᠡ ᠨᠥᠭᠥᠭᠡ ᠭᠤᠷᠪᠠᠨ ᠬᠥᠮᠦᠨ ᠪᠠᠢᠭᠰᠠᠨ ᠴᠤ᠂ ᠬᠥᠪᠡᠭᠦᠳ ᠢᠶᠡᠨ ᠴᠤ᠂ ᠥᠬᠢᠳ ᠢᠶᠠᠨ ᠴᠤ ᠠᠪᠤᠷᠠᠵᠤ ᠴᠢᠳᠠᠯ ᠦᠭᠡᠢ᠂ ᠥᠪᠡᠷᠰᠡᠳ ᠢ ᠪᠠᠨ ᠯᠠ ᠠᠪᠤᠷᠠᠨ᠎ᠠ᠂ ᠡᠵᠡᠨ ᠶᠣᠬᠣᠸᠠ ᠠᠢᠯᠠᠳᠴᠤ ᠪᠠᠢᠨ᠎ᠠ᠃ 19 ᠬᠡᠷᠪᠡ ᠪᠢ ᠲᠡᠷᠡ ᠨᠤᠲᠤᠭ ᠲᠤ ᠲᠠᠬᠤᠯ ᠶᠠᠪᠤᠭᠤᠯᠵᠤ᠂ ᠬᠢᠯᠢᠩ ᠢᠶᠠᠨ ᠴᠢᠰᠤ ᠲᠠᠢ ᠬᠠᠮᠲᠤ ᠴᠢᠳᠬᠤᠨ ᠬᠥᠮᠦᠨ ᠠᠮᠢᠲᠠᠨ ᠢ ᠲᠡᠨᠳᠡ ᠡᠴᠡ ᠲᠠᠰᠤᠯᠬᠤ ᠲᠣᠬᠢᠶᠠᠯᠳᠤᠯ ᠳᠤ᠂ 20 ᠶᠣᠬᠣᠸᠠ ᠮᠢᠨᠦ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ ᠨᠣᠶᠠ᠂ ᠳ᠋ᠠᠨᠢᠶᠧᠯ᠂ ᠶᠣᠪ ᠲᠡᠨᠳᠡ ᠪᠠᠢᠭᠰᠠᠨ ᠴᠤ᠂ ᠬᠥᠪᠡᠭᠦᠳ ᠢᠶᠡᠨ ᠴᠤ᠂ ᠥᠬᠢᠳ ᠢᠶᠠᠨ ᠴᠤ ᠠᠪᠤᠷᠠᠵᠤ ᠴᠢᠳᠠᠯ ᠦᠭᠡᠢ᠂ ᠵᠥᠪᠲᠦ ᠪᠠᠢᠳᠠᠯ ᠢᠶᠠᠷ ᠢᠶᠠᠨ ᠥᠪᠡᠷᠰᠡᠳ ᠢ ᠪᠠᠨ ᠯᠠ ᠠᠪᠤᠷᠠᠨ᠎ᠠ᠃》 ᠡᠵᠡᠨ ᠶᠣᠬᠣᠸᠠ ᠠᠢᠯᠠᠳᠴᠤ ᠪᠠᠢᠨ᠎ᠠ᠃

21 ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 《ᠬᠡᠳᠦᠢᠪᠡᠷ ᠪᠢ ᠬᠥᠮᠦᠨ᠂ ᠠᠮᠢᠲᠠᠨ ᠢ ᠲᠠᠰᠤᠯᠬᠤ ᠪᠠᠷ ᠶᠧᠷᠦ᠋ᠰᠠᠯᠧᠮ ᠳᠤ ᠳᠥᠷᠪᠡᠨ ᠬᠦᠨᠳᠦ ᠰᠢᠳᠬᠡᠯ ᠪᠣᠯᠬᠤ ᠢᠯᠳᠦ᠂ ᠥᠯᠥᠰᠬᠥᠯᠡᠩ᠂ ᠳᠣᠭᠰᠢᠨ ᠠᠷᠢᠶᠠᠲᠠᠨ᠂ ᠲᠠᠬᠤᠯ ᠢ ᠢᠯᠡᠭᠡᠭᠰᠡᠨ ᠴᠤ᠂ 22 ᠲᠡᠨᠳᠡ ᠠᠮᠢᠳᠤ ᠦᠯᠡᠳᠡᠭᠰᠡᠳ ᠪᠠᠢᠬᠤ ᠪᠣᠯᠣᠨ᠎ᠠ᠂ ᠲᠡᠨᠳᠡ ᠡᠴᠡ ᠠᠪᠴᠢᠷᠠᠭᠳᠠᠬᠤ ᠬᠥᠪᠡᠭᠦᠳ ᠥᠬᠢᠳ ᠪᠠᠢᠬᠤ ᠪᠣᠯᠣᠨ᠎ᠠ᠃ ᠬᠠᠷᠠ᠂ ᠲᠡᠳᠡ ᠲᠠ ᠨᠠᠷ ᠤᠷᠤᠭᠤ ᠭᠠᠷᠴᠤ ᠢᠷᠡᠨ᠎ᠡ᠂ ᠲᠠ ᠨᠠᠷ ᠲᠡᠳᠡᠨ ᠦ ᠦᠢᠯᠡ ᠶᠠᠪᠤᠳᠠᠯ ᠢ ᠦᠵᠡᠪᠡᠯ ᠶᠧᠷᠦ᠋ᠰᠠᠯᠧᠮ ᠳᠤ ᠮᠢᠨᠦ ᠠᠪᠴᠢᠷᠠᠭᠰᠠᠨ ᠭᠠᠮᠰᠢᠭ᠂ ᠲᠡᠭᠦᠨ ᠳᠦ ᠠᠪᠴᠢᠷᠠᠭᠰᠠᠨ ᠪᠦᠬᠦ ᠵᠦᠢᠯ ᠤᠨ ᠲᠠᠯ᠎ᠠ ᠪᠠᠷ ᠰᠡᠳᠬᠢᠯ ᠲᠠᠢᠪᠤᠰᠢᠷᠠᠬᠤ ᠪᠣᠯᠣᠨ᠎ᠠ᠃ 23 ᠲᠠ ᠨᠠᠷ ᠲᠡᠳᠡᠨ ᠦ ᠦᠢᠯᠡ ᠶᠠᠪᠤᠳᠠᠯ ᠢ ᠬᠠᠷᠠᠪᠠᠯ᠂ ᠶᠧᠷᠦ᠋ᠰᠠᠯᠧᠮ ᠳᠤ ᠮᠢᠨᠦ ᠦᠢᠯᠡᠳᠦᠭᠰᠡᠨ ᠪᠦᠬᠦᠨ ᠤᠳᠬ᠎ᠠ ᠤᠴᠢᠷ ᠦᠭᠡᠢ ᠪᠢᠰᠢ ᠭᠡᠳᠡᠭ ᠢ ᠮᠡᠳᠡᠭᠡᠳ ᠲᠠᠢᠪᠤᠰᠢᠷᠠᠬᠤ ᠪᠣᠯᠣᠨ᠎ᠠ᠃》 ᠡᠵᠡᠨ ᠶᠣᠬᠣᠸᠠ ᠠᠢᠯᠠᠳᠴᠤ ᠪᠠᠢᠨ᠎ᠠ᠃