1 2 3 4 5 6 7 8 9 10 11 12 13 14 15 16 17 18 19 20 21 22 23 24 25 26 27 28 29 30 31 32 33 34 35 36 37 38 39 40 41 42 43 44 45 46 47 48


ᠡᠽᠧᠺᠢᠶᠧᠯ ᠳᠣᠯᠣᠭ᠎ᠠ
 ᠭᠠᠮᠰᠢᠭ ᠣᠢᠷᠠᠲᠤᠯ᠎ᠠ

1 ᠶᠣᠬᠣᠸᠠ ᠶᠢᠨ ᠦᠭᠡ ᠨᠠᠳᠠ ᠳᠤ ᠢᠷᠡᠵᠦ᠄ 2 《ᠬᠥᠮᠦᠨ ᠦ ᠬᠦᠦ ᠡ᠂ ᠡᠵᠡᠨ ᠶᠣᠬᠣᠸᠠ ᠢᠰᠷᠧᠯ ᠤᠨ ᠨᠤᠲᠤᠭ ᠲᠤ ᠬᠠᠨᠳᠤᠨ ᠡᠢᠨ ᠬᠦ ᠠᠢᠯᠠᠳᠴᠤ ᠪᠠᠢᠨ᠎ᠠ᠄ 〈ᠲᠡᠭᠦᠰᠬᠡᠯ︕ ᠭᠠᠵᠠᠷ ᠤᠨ ᠳᠥᠷᠪᠡᠨ ᠬᠢᠵᠠᠭᠠᠷ ᠳᠤ ᠲᠡᠭᠦᠰᠬᠡᠯ ᠢᠷᠡᠯ᠎ᠡ᠃ 3 ᠡᠳᠦᠭᠡ ᠲᠡᠭᠦᠰᠬᠡᠯ ᠴᠢᠨᠦ ᠳᠡᠭᠡᠷ᠎ᠡ ᠪᠠᠢᠨ᠎ᠠ᠃ ᠪᠢ ᠠᠭᠤᠷ ᠢᠶᠠᠨ ᠴᠢᠨᠦ ᠡᠰᠡᠷᠭᠦ ᠭᠠᠷᠭᠠᠵᠤ᠂ ᠴᠢᠮᠠᠶᠢ ᠦᠢᠯᠡᠰ ᠦᠨ ᠴᠢᠨᠢ ᠳᠠᠭᠠᠤ ᠰᠢᠭᠦᠵᠦ᠂ ᠬᠠᠮᠤᠭ ᠵᠢᠭᠰᠢᠭᠦᠷᠢᠲᠦ ᠶᠠᠪᠤᠳᠠᠯ ᠤᠨ ᠴᠢᠨᠢ ᠳᠠᠭᠠᠤ ᠰᠢᠳᠬᠡᠨ᠎ᠡ᠃ 4 ᠪᠢ ᠴᠢᠮᠠᠶᠢ ᠥᠷᠥ ᠡᠪᠡᠳᠦᠨ ᠬᠠᠷᠠᠬᠤ ᠦᠭᠡᠢ᠂ ᠴᠢᠮᠠᠶᠢ ᠥᠷᠥᠰᠢᠶᠡᠬᠦ ᠦᠭᠡᠢ᠃ ᠬᠠᠷᠢᠨ ᠦᠢᠯᠡᠰ ᠦᠨ ᠴᠢᠨᠢ ᠳᠠᠭᠠᠤ᠂ ᠥᠪᠡᠷ ᠲᠦ ᠴᠢᠨᠢ ᠪᠠᠢᠭ᠎ᠠ ᠵᠢᠭᠰᠢᠭᠦᠷᠢᠲᠦ ᠶᠠᠪᠤᠳᠠᠯ ᠤᠨ ᠳᠠᠭᠠᠤ ᠵᠠᠪᠠᠯ ᠰᠢᠳᠬᠡᠨ᠎ᠡ᠃ ᠲᠡᠭᠡᠬᠦ ᠳᠦ ᠲᠠ ᠨᠠᠷ ᠨᠠᠮᠠᠶᠢ ᠶᠣᠬᠣᠸᠠ ᠭᠡᠳᠡᠭ ᠢ ᠮᠡᠳᠡᠬᠦ ᠪᠣᠯᠣᠨ᠎ᠠ᠃〉》

5 ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 《ᠭᠠᠮᠰᠢᠭ︕ ᠣᠨᠴᠠᠭᠠᠢ ᠭᠠᠮᠰᠢᠭ ᠢᠷᠡᠵᠦ ᠪᠠᠢᠨ᠎ᠠ︕ 6 ᠲᠡᠭᠦᠰᠬᠡᠯ ᠢᠷᠡᠯ᠎ᠡ᠂ ᠲᠡᠭᠦᠰᠬᠡᠯ ᠢᠷᠡᠯ᠎ᠡ᠃ ᠡᠴᠦᠰ ᠲᠡᠭᠡᠨ ᠴᠢᠨᠦ ᠡᠰᠡᠷᠭᠦ ᠢᠷᠡᠯ᠎ᠡ︕ 7 ᠡᠨᠡ ᠨᠤᠲᠤᠭ ᠤᠨ ᠰᠠᠭᠤᠭᠠᠯᠢᠴᠢᠳ ᠡ᠂ ᠰᠦᠢᠷᠡᠯ ᠴᠢᠮ᠎ᠠ ᠳᠡᠭᠡᠷ᠎ᠡ ᠢᠷᠡᠯ᠎ᠡ᠃ ᠲᠡᠷᠡ ᠴᠠᠭ ᠢᠷᠡᠵᠦ᠂ ᠲᠡᠷᠡ ᠡᠳᠦᠷ ᠣᠢᠷᠠᠲᠤᠯ᠎ᠠ᠃ ᠠᠭᠤᠯᠠᠰ ᠢᠶᠠᠷ ᠪᠠᠶᠠᠷ ᠬᠥᠷ ᠦᠨ ᠤᠤᠬᠠᠢ ᠪᠤᠰᠤ᠂ ᠦᠢᠮᠡᠭᠡᠨ ᠪᠠᠢᠬᠤ ᠪᠣᠯᠣᠨ᠎ᠠ᠃ 8 ᠤᠳᠠᠬᠤ ᠦᠭᠡᠢ ᠪᠢ ᠴᠢᠮ᠎ᠠ ᠳᠡᠭᠡᠷ᠎ᠡ ᠠᠭᠤᠷ ᠢᠶᠠᠨ ᠠᠰᠬᠠᠵᠤ᠂ ᠴᠢᠮ᠎ᠠ ᠳᠤ ᠬᠢᠯᠢᠩ ᠢᠶᠠᠨ ᠭᠦᠢᠴᠡᠭᠡᠨ᠎ᠡ᠂ ᠴᠢᠮᠠᠶᠢ ᠦᠢᠯᠡᠰ ᠦᠨ ᠴᠢᠨᠢ ᠳᠠᠭᠠᠤ ᠰᠢᠭᠦᠨ᠂ ᠵᠢᠭᠰᠢᠭᠦᠷᠢᠲᠦ ᠶᠠᠪᠤᠳᠠᠯ ᠤᠳ ᠢ ᠴᠢᠨᠢ ᠰᠢᠳᠬᠡᠨ᠎ᠡ᠃ 9 ᠪᠢ ᠥᠷᠥ ᠡᠪᠡᠳᠦᠨ ᠬᠠᠷᠠᠬᠤ ᠦᠭᠡᠢ᠂ ᠥᠷᠥᠰᠢᠶᠡᠬᠦ ᠦᠭᠡᠢ᠃ ᠬᠠᠷᠢᠨ ᠦᠢᠯᠡᠰ ᠦᠨ ᠴᠢᠨᠢ ᠳᠠᠭᠠᠤ᠂ ᠥᠪᠡᠷ ᠲᠦ ᠴᠢᠨᠢ ᠪᠠᠢᠭ᠎ᠠ ᠵᠢᠭᠰᠢᠭᠦᠷᠢᠲᠦ ᠶᠠᠪᠤᠳᠠᠯ ᠤᠳ ᠤᠨ ᠳᠠᠭᠠᠤ ᠴᠢᠮᠠᠶᠢ ᠰᠢᠳᠬᠡᠨ᠎ᠡ᠃ ᠲᠡᠭᠡᠬᠦ ᠳᠦ ᠲᠠ ᠨᠠᠷ ᠶᠣᠬᠣᠸᠠ ᠮᠢᠨᠦ ᠴᠣᠬᠢᠵᠤ ᠪᠠᠢᠭ᠎ᠠ ᠶᠢ ᠮᠡᠳᠡᠬᠦ ᠪᠣᠯᠣᠨ᠎ᠠ᠃ 10 ᠲᠡᠷᠡ ᠡᠳᠦᠷ ᠢ ᠠᠩ᠋ᠬᠠᠷ︕ ᠲᠡᠷᠡ ᠡᠳᠦᠷ ᠢᠷᠡᠵᠦ ᠪᠠᠢᠨ᠎ᠠ᠂ ᠰᠦᠢᠷᠡᠯ ᠭᠠᠷᠤᠯ᠎ᠠ᠃ ᠲᠠᠶᠠᠭ ᠨᠠᠬᠢᠶᠠᠯᠠᠵᠤ᠂ ᠰᠠᠭᠰᠠᠭᠤᠷᠠᠯ ᠴᠡᠴᠡᠭᠯᠡᠭᠰᠡᠨ ᠪᠠᠢᠨ᠎ᠠ᠃ 11 ᠬᠦᠴᠦᠷᠬᠡᠭᠯᠡᠯ ᠪᠣᠰᠴᠤ᠂ ᠬᠣᠷᠣᠨ ᠮᠠᠭᠤ ᠶᠢ ᠰᠢᠳᠬᠡᠬᠦ ᠲᠠᠶᠠᠭ ᠪᠣᠯᠵᠠᠢ᠃ ᠲᠡᠳᠡᠨ ᠦ ᠬᠡᠨ ᠨᠢ ᠴᠤ ᠦᠯᠡᠳᠡᠬᠦ ᠦᠭᠡᠢ᠂ ᠲᠡᠳᠡᠨ ᠦ ᠪᠠᠶᠠᠯᠢᠭ᠂ ᠬᠥᠷᠥᠩᠭᠡ᠂ ᠦᠨᠡᠲᠡᠢ ᠵᠦᠢᠯ ᠤᠨ ᠠᠯᠢ ᠨᠢ ᠴᠤ ᠦᠯᠡᠳᠡᠬᠦ ᠦᠭᠡᠢ᠃ 12 ᠲᠡᠷᠡ ᠡᠳᠦᠷ ᠣᠢᠷᠠᠲᠤᠯ᠎ᠠ᠂ ᠲᠡᠷᠡ ᠴᠠᠭ ᠢᠷᠡᠯ᠎ᠡ᠃ ᠪᠦᠬᠦ ᠠᠷᠠᠳ ᠣᠯᠠᠨ ᠳᠤ ᠠᠭᠤᠷ ᠬᠢᠯᠢᠩ ᠪᠠᠭᠤᠬᠤ ᠲᠤᠯᠠ ᠬᠤᠳᠠᠯᠳᠤᠨ ᠠᠪᠤᠭᠴᠢ ᠪᠦᠦ ᠪᠠᠶᠠᠰᠤᠭ᠂ ᠬᠤᠳᠠᠯᠳᠤᠭᠴᠢ ᠪᠦᠦ ᠭᠣᠮᠣᠳᠠᠭ᠃ 13 ᠲᠡᠷᠡ ᠬᠣᠶᠠᠭᠤᠯᠠ ᠠᠮᠢᠳᠤ ᠦᠯᠡᠳᠡᠭᠰᠡᠨ ᠴᠤ ᠬᠤᠳᠠᠯᠳᠤᠭᠴᠢ ᠨᠢ ᠬᠤᠳᠠᠯᠳᠤᠭᠰᠠᠨ ᠢᠶᠠᠨ ᠪᠤᠴᠠᠭᠠᠨ ᠠᠪᠴᠤ ᠴᠢᠳᠠᠬᠤ ᠦᠭᠡᠢ᠃ ᠤᠴᠢᠷ ᠨᠢ ᠪᠦᠬᠦ ᠠᠷᠠᠳ ᠣᠯᠠᠨ ᠤ ᠲᠤᠬᠠᠢ ᠦᠵᠡᠭᠳᠡᠯ ᠪᠤᠴᠠᠰᠢ ᠦᠭᠡᠢ᠂ ᠬᠥᠮᠦᠨ ᠭᠡᠮ ᠪᠤᠷᠤᠭᠤ ᠶᠢᠨ ᠢᠶᠠᠨ ᠤᠯᠠᠮ ᠢᠶᠠᠷ ᠠᠮᠢ ᠪᠠᠨ ᠬᠠᠮᠠᠭᠠᠯᠠᠵᠤ ᠡᠰᠡ ᠴᠢᠳᠠᠨ᠎ᠠ᠃ 14 ᠲᠡᠳᠡ ᠪᠦᠬᠦ ᠶᠠᠭᠤᠮ᠎ᠠ ᠶᠢ ᠪᠡᠯᠡᠳᠦᠭᠡᠳ ᠪᠦᠷᠢᠶ᠎ᠡ ᠦᠯᠢᠶᠡᠭᠰᠡᠨ ᠴᠤ ᠳᠠᠢᠨ ᠳᠤ ᠶᠠᠪᠤᠬᠤ ᠬᠥᠮᠦᠨ ᠠᠯᠠᠭ᠎ᠠ᠃ ᠤᠴᠢᠷ ᠨᠢ ᠮᠢᠨᠦ ᠠᠭᠤᠷ ᠬᠢᠯᠢᠩ ᠪᠦᠬᠦ ᠠᠷᠠᠳ ᠣᠯᠠᠨ ᠳᠤ ᠪᠠᠭᠤᠨ᠎ᠠ᠃ 15 ᠭᠠᠳᠠᠨ᠎ᠠ ᠢᠯᠳᠦ᠂ ᠳᠣᠲᠣᠨ᠎ᠠ ᠲᠠᠬᠤᠯ ᠪᠠ ᠥᠯᠥᠰᠬᠥᠯᠡᠩ ᠪᠠᠢᠨ᠎ᠠ᠃ ᠬᠥᠳᠡᠭᠡ ᠪᠠᠢᠭᠰᠠᠳ ᠢᠯᠳᠦᠨ ᠳᠦ ᠰᠥᠨᠥᠨ᠎ᠡ᠂ ᠬᠣᠲᠠ ᠳᠤ ᠪᠠᠢᠭᠰᠠᠳ ᠥᠯᠥᠰᠬᠥᠯᠡᠩ᠂ ᠲᠠᠬᠤᠯ ᠳᠤ ᠵᠠᠯᠭᠢᠭᠳᠠᠨ᠎ᠠ᠃ 16 ᠠᠮᠢᠳᠤ ᠦᠯᠡᠳᠡᠭᠰᠡᠳ ᠨᠢ ᠬᠥᠨᠳᠡᠢ ᠶᠢᠨ ᠲᠠᠭᠲᠠᠭ᠎ᠠ ᠨᠤᠭᠤᠳ ᠠᠳᠠᠯᠢ ᠵᠢᠭᠤᠲᠠᠭᠠᠳ ᠠᠭᠤᠯᠠᠨ ᠳᠤ ᠪᠠᠢᠵᠤ᠂ ᠬᠥᠮᠦᠨ ᠪᠦᠷᠢ ᠨᠢᠭᠦᠯ ᠦᠨ ᠢᠶᠠᠨ ᠲᠥᠯᠥᠭᠡ ᠭᠠᠰᠢᠭᠤᠳᠠᠨ᠎ᠠ᠃ 17 ᠬᠠᠮᠤᠭ ᠭᠠᠷ ᠰᠤᠯᠠᠷᠠᠵᠤ᠂ ᠬᠠᠮᠤᠭ ᠡᠪᠦᠳᠦᠭ ᠤᠰᠤ ᠪᠣᠯᠣᠨ᠎ᠠ᠃ 18 ᠲᠡᠳᠡ ᠲᠠᠭᠠᠷ ᠡᠮᠦᠰᠦᠨ᠂ ᠠᠢᠳᠠᠰ ᠲᠡᠳᠡᠨ ᠢ ᠡᠵᠡᠮᠳᠡᠨ᠎ᠡ᠃ ᠪᠦᠬᠦ ᠨᠢᠭᠤᠷ ᠢᠴᠢᠭᠦᠷᠢ ᠲᠠᠢ ᠪᠣᠯᠵᠤ᠂ ᠪᠦᠬᠦ ᠲᠣᠯᠣᠭᠠᠢ ᠮᠤᠯᠲᠤᠭ ᠪᠣᠯᠣᠨ᠎ᠠ᠃ 19 ᠲᠡᠳᠡ ᠮᠥᠩᠭᠥ ᠪᠡᠨ ᠭᠤᠳᠤᠮᠵᠢ ᠤᠷᠤᠭᠤ ᠰᠢᠳᠡᠵᠦ᠂ ᠠᠯᠲᠠ ᠪᠠᠨ ᠪᠤᠵᠠᠷ ᠭᠡᠵᠦ ᠦᠵᠡᠨ᠎ᠡ᠃ ᠤᠴᠢᠷ ᠨᠢ ᠶᠣᠬᠣᠸᠠ ᠶᠢᠨ ᠬᠢᠯᠢᠩ ᠤᠨ ᠡᠳᠦᠷ ᠲᠦ ᠮᠥᠩᠭᠥ᠂ ᠠᠯᠲᠠ ᠲᠡᠳᠡᠨ ᠢ ᠠᠪᠤᠷᠠᠵᠤ ᠴᠢᠳᠠᠬᠤ ᠦᠭᠡᠢ᠂ ᠰᠡᠳᠬᠢᠯ ᠢ ᠨᠢ ᠬᠠᠩ᠋ᠭᠠᠵᠤ ᠴᠢᠳᠠᠬᠤ ᠦᠭᠡᠢ᠂ ᠭᠡᠳᠡᠰᠦ ᠶᠢ ᠨᠢ ᠴᠠᠳᠬᠠᠵᠤ ᠴᠢᠳᠠᠬᠤ ᠦᠭᠡᠢ᠂ ᠬᠠᠷᠢᠨ ᠲᠡᠷᠡ ᠨᠢ ᠥᠪᠡᠷᠰᠡᠳ ᠢ ᠨᠢ ᠨᠢᠭᠦᠯ ᠳᠦ ᠪᠦᠳᠦᠷᠢᠭᠦᠯᠦᠨ᠎ᠡ᠃ 20 ᠡᠷᠬᠢᠮᠯᠡᠵᠦ ᠪᠠᠢᠭᠰᠠᠨ ᠦᠵᠡᠰᠬᠦᠯᠡᠩᠲᠦ ᠴᠢᠮᠡᠭᠯᠡᠯ ᠢᠶᠡᠷ ᠮᠢᠨᠢ ᠵᠢᠭᠰᠢᠭᠦᠷᠢᠲᠦ ᠰᠢᠲᠦᠭᠡᠨ ᠨᠦᠭᠦᠳ ᠪᠣᠯᠣᠨ ᠵᠢᠪᠡᠭᠦᠦ ᠲᠠᠢ ᠵᠦᠢᠯᠡᠰ ᠢ ᠪᠦᠲᠦᠭᠡᠳᠡᠭ ᠲᠤᠯᠠ ᠪᠢ ᠲᠡᠭᠦᠨ ᠢ ᠥᠪᠡᠷᠰᠡᠳ ᠦᠨ ᠬᠢᠨᠢ ᠵᠢᠭ᠍ᠰᠢᠳᠡᠭ ᠵᠦᠢᠯ ᠪᠣᠯᠭᠠᠨ᠂ 21 ᠬᠠᠷᠢᠴᠤᠳ ᠤᠨ ᠭᠠᠷ ᠲᠤ ᠲᠤᠰᠢᠶᠠᠨ ᠣᠯᠵᠠᠯᠠᠭᠤᠯᠵᠤ᠂ ᠳᠡᠯᠡᠬᠡᠢ ᠶᠢᠨ ᠪᠤᠷᠤᠭᠤᠲᠠᠳ ᠲᠤ ᠲᠣᠨᠣᠭᠤᠯᠬᠤ ᠳᠤ᠂ ᠲᠡᠳᠡ ᠲᠡᠭᠦᠨ ᠢ ᠪᠤᠵᠠᠷᠯᠠᠨ᠎ᠠ᠃ 22 ᠪᠢ ᠲᠡᠳᠡᠨ ᠡᠴᠡ ᠨᠢᠭᠤᠷ ᠢᠶᠠᠨ ᠪᠤᠷᠤᠭᠤᠯᠬᠤ ᠲᠤᠯᠠ ᠲᠡᠳᠡ ᠨᠢᠭᠤᠴᠠ ᠭᠠᠵᠠᠷ ᠢ ᠮᠢᠨᠢ ᠪᠤᠵᠠᠷᠯᠠᠨ᠎ᠠ᠂ ᠳᠡᠭᠡᠷᠡᠮᠴᠢᠳ ᠴᠤ ᠣᠷᠣᠵᠤ᠂ ᠲᠡᠭᠦᠨ ᠢ ᠪᠤᠵᠠᠷᠯᠠᠨ᠎ᠠ᠃ 23 ᠴᠢ ᠭᠢᠨᠵᠢ ᠬᠢ᠂ ᠤᠴᠢᠷ ᠨᠢ ᠡᠨᠡ ᠭᠠᠵᠠᠷ ᠨᠤᠲᠤᠭ ᠴᠢᠰᠤ ᠤᠷᠤᠰᠬᠠᠯᠲᠠ ᠪᠠᠷ ᠳᠦᠭᠦᠷᠡᠩ᠂ ᠬᠣᠲᠠ ᠨᠢ ᠬᠦᠴᠦᠷᠬᠡᠭᠯᠡᠯ ᠢᠶᠡᠷ ᠳᠦᠭᠦᠷᠡᠩ ᠪᠠᠢᠨ᠎ᠠ᠃ 24 ᠪᠢ ᠲᠡᠳᠡᠨ ᠦ ᠭᠡᠷ ᠤᠳ ᠢ ᠡᠵᠡᠯᠡᠭᠦᠯᠬᠦ ᠪᠡᠷ ᠦᠨᠳᠦᠰᠦᠲᠡᠨ ᠨᠦᠭᠦᠳ ᠦᠨ ᠬᠠᠮᠤᠭ ᠤᠨ ᠮᠠᠭᠤ ᠶᠢ ᠨᠢ ᠠᠪᠴᠢᠷᠠᠵᠤ᠂ ᠬᠦᠴᠦᠲᠡᠢ ᠭᠡᠭᠴᠢᠳ ᠤᠨ ᠪᠠᠷᠳᠠᠮᠨᠠᠯ ᠢ ᠵᠣᠭᠰᠣᠭᠠᠨ᠎ᠠ᠂ ᠠᠷᠢᠭᠤᠨ ᠭᠠᠵᠠᠷ ᠤᠳ ᠨᠢ ᠪᠤᠵᠠᠷᠯᠠᠭᠳᠠᠨ᠎ᠠ᠃ 25 ᠡᠢᠨ ᠬᠦ ᠵᠣᠪᠠᠯᠠᠩ ᠢᠷᠡᠨ᠎ᠡ᠂ ᠲᠡᠳᠡ ᠠᠮᠤᠷ ᠠᠮᠤᠭᠤᠯᠠᠩ ᠢ ᠬᠠᠢᠬᠤ ᠪᠣᠯᠪᠠᠴᠤ ᠣᠯᠬᠤ ᠦᠭᠡᠢ᠃ 26 ᠭᠠᠮᠰᠢᠭ ᠳᠡᠭᠡᠷ᠎ᠡ ᠭᠠᠮᠰᠢᠭ᠂ ᠴᠤᠤᠷᠬᠠᠯ ᠳᠡᠭᠡᠷ᠎ᠡ ᠴᠤᠤᠷᠬᠠᠯ ᠢᠷᠡᠬᠦ ᠪᠥᠭᠡᠳ ᠲᠡᠳᠡ ᠡᠰᠢ ᠦᠵᠡᠭᠦᠯᠦᠭᠴᠢ ᠡᠴᠡ ᠦᠵᠡᠭᠳᠡᠯ ᠱᠠᠭᠠᠷᠳᠠᠭᠰᠠᠭᠠᠷ ᠪᠠᠢᠬᠤ ᠪᠣᠯᠣᠨ᠎ᠠ᠃ ᠲᠠᠬᠢᠯᠴᠢ ᠡᠴᠡ ᠰᠤᠷᠭᠠᠯ ᠲᠠᠰᠤᠷᠠᠵᠤ᠂ ᠠᠬᠠᠮᠠᠳ ᠤᠳ ᠠᠴᠠ ᠵᠥᠪᠯᠡᠯᠭᠡ ᠠᠯᠠᠭ᠎ᠠ ᠪᠣᠯᠣᠨ᠎ᠠ᠂ 27 ᠬᠠᠭᠠᠨ ᠭᠠᠰᠢᠭᠤᠳᠠᠵᠤ᠂ ᠨᠣᠶᠠᠳ ᠨᠢ ᠠᠢᠳᠠᠰ ᠲᠤ ᠠᠪᠲᠠᠨ᠂ ᠨᠤᠲᠤᠭ ᠤᠨ ᠠᠷᠠᠳ ᠲᠦᠮᠡᠨ ᠦ ᠭᠠᠷ ᠴᠡᠴᠡᠷᠡᠨ᠎ᠡ᠃ ᠪᠢ ᠲᠡᠳᠡᠨ ᠳᠦ ᠦᠢᠯᠡᠰ ᠦᠨ ᠬᠢᠨᠢ ᠳᠠᠭᠠᠤ ᠦᠢᠯᠡᠳᠦᠨ᠂ ᠰᠢᠭᠦᠯᠲᠡ ᠶᠢᠨ ᠬᠢᠨᠢ ᠶᠣᠰᠣᠭᠠᠷ ᠲᠡᠳᠡᠨ ᠢ ᠰᠢᠭᠦᠨ᠎ᠡ᠃ ᠡᠢᠨ ᠬᠦ ᠲᠡᠳᠡ ᠨᠠᠮᠠᠶᠢ ᠶᠣᠬᠣᠸᠠ ᠭᠡᠳᠡᠭ ᠢ ᠮᠡᠳᠡᠬᠦ ᠪᠣᠯᠣᠨ᠎ᠠ᠃》