ᠡᠽᠧᠺᠢᠶᠧᠯ ᠭᠤᠴᠢᠨ ᠨᠠᠢ᠌ᠮᠠ
ᠭᠣᠭ ᠤᠨ ᠲᠤᠬᠠᠢ ᠡᠰᠢ ᠦᠵᠡᠭᠦᠯᠦᠯᠭᠡ
1 ᠶᠣᠬᠣᠸᠠ ᠶᠢᠨ ᠦᠭᠡ ᠨᠠᠳᠠ ᠳᠤ ᠢᠷᠡᠵᠦ ᠠᠢᠯᠠᠳᠪᠠ᠄ 2 《ᠬᠥᠮᠦᠨ ᠦ ᠬᠦᠦ ᠡ᠂ ᠮᠠᠭᠣᠭ ᠤᠨ ᠨᠤᠲᠤᠭ ᠲᠤ ᠪᠤᠢ ᠮᠧᠱᠧᠺ᠂ ᠲᠦᠪᠠᠯ ᠤᠨ ᠲᠡᠷᠢᠭᠦᠨ ᠨᠣᠶᠠᠨ ᠭᠣᠭ ᠤᠷᠤᠭᠤ ᠨᠢᠭᠤᠷ ᠢᠶᠠᠨ ᠬᠠᠨᠳᠤᠭᠤᠯᠤᠨ᠂ ᠲᠡᠭᠦᠨ ᠦ ᠡᠰᠡᠷᠭᠦ ᠡᠰᠢ ᠦᠵᠡᠭᠦᠯ᠄ 3 ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 〈ᠬᠠᠷ᠎ᠠ᠂ ᠮᠧᠱᠧᠺ ᠪᠣᠯᠣᠨ ᠲᠦᠪᠠᠯ ᠤᠨ ᠲᠡᠷᠢᠭᠦᠨ ᠨᠣᠶᠠᠨ ᠭᠣᠭ ᠡ᠂ ᠪᠢ ᠴᠢᠨᠦ ᠡᠰᠡᠷᠭᠦ ᠪᠠᠢᠨ᠎ᠠ︕ 4 ᠪᠢ ᠴᠢᠮᠠᠶᠢ ᠡᠷᠭᠢᠭᠦᠯᠵᠦ᠂ ᠡᠷᠡᠦ ᠳᠦ ᠴᠢᠨᠢ ᠳᠡᠭᠡᠭᠡ ᠵᠣᠭᠣᠵᠤ᠂ ᠴᠢᠮᠠᠶᠢ ᠮᠣᠷᠢ᠂ ᠮᠣᠷᠢᠲᠠᠨ ᠪᠣᠯᠣᠨ ᠪᠦᠬᠦ ᠴᠡᠷᠢᠭ ᠲᠠᠢ ᠴᠢᠨᠢ ᠬᠠᠮᠲᠤ ᠴᠢᠷᠴᠦ ᠭᠠᠷᠭᠠᠨ᠎ᠠ᠂ ᠪᠠᠰᠠ ᠪᠦᠷᠢᠨ ᠵᠡᠪᠰᠡᠭᠯᠡᠭᠰᠡᠨ᠂ ᠲᠣᠮᠣ ᠵᠢᠵᠢᠭ ᠪᠠᠮᠪᠠᠢ ᠪᠣᠯᠣᠨ ᠢᠯᠳᠦ ᠪᠠᠷᠢᠭᠰᠠᠨ ᠶᠡᠬᠡ ᠴᠡᠷᠢᠭ ᠢ᠂ 5 ᠮᠥᠨ ᠲᠡᠳᠡᠨ ᠲᠡᠢ ᠬᠠᠮᠲᠤ ᠪᠠᠢᠭᠰᠠᠳ᠂ ᠲᠤᠬᠠᠢᠯᠠᠪᠠᠯ ᠪᠠᠮᠪᠠᠢ᠂ ᠳᠤᠭᠤᠯᠠᠭ᠎ᠠ ᠪᠦᠬᠦᠢ ᠫᠧᠷᠰ᠂ ᠺᠦᠱ ᠪᠣᠯᠣᠨ ᠫᠦᠲ᠂ 6 ᠭᠣᠮᠧᠷ ᠪᠣᠯᠣᠨ ᠲᠡᠭᠦᠨ ᠦ ᠪᠦᠬᠦ ᠴᠡᠷᠢᠭ᠂ ᠤᠮᠠᠷᠠᠲᠤ ᠶᠢᠨ ᠬᠢᠵᠠᠭᠠᠷ ᠳᠠᠬᠢ ᠪᠧᠲ ᠲᠣᠭᠠᠷᠮᠠ ᠪᠣᠯᠣᠨ ᠲᠡᠭᠦᠨ ᠦ ᠪᠦᠬᠦ ᠴᠡᠷᠢᠭ ᠵᠡᠷᠭᠡ ᠴᠢᠮ᠎ᠠ ᠲᠠᠢ ᠬᠠᠮᠲᠤᠷᠠᠭᠰᠠᠨ ᠣᠯᠠᠨ ᠦᠨᠳᠦᠰᠦᠲᠡᠨ ᠢ ᠴᠢᠮ᠎ᠠ ᠲᠠᠢ ᠬᠠᠮᠲᠤ ᠴᠢᠷᠴᠦ ᠭᠠᠷᠭᠠᠨ᠎ᠠ᠃
7 ᠪᠡᠯᠡᠬᠡᠨ ᠪᠠᠢ᠃ ᠴᠢ᠂ ᠴᠢᠮ᠎ᠠ ᠤᠷᠤᠭᠤ ᠴᠤᠭᠯᠠᠷᠠᠭᠰᠠᠨ ᠣᠯᠠᠨ ᠲᠦᠮᠡᠨ ᠲᠡᠢ ᠬᠠᠮᠲᠤ ᠪᠡᠯᠡᠬᠡᠨ ᠪᠠᠢ᠂ ᠴᠢ ᠲᠡᠳᠡᠨ ᠦ ᠲᠡᠷᠢᠭᠦᠨ ᠪᠣᠯᠣᠨ᠎ᠠ᠃ 8 ᠣᠯᠠᠨ ᠡᠳᠦᠷ ᠦᠨ ᠳᠠᠷᠠᠭ᠎ᠠ ᠴᠢ ᠳᠠᠢᠨ ᠳᠤ ᠳᠠᠭᠤᠳᠠᠭᠳᠠᠨ᠎ᠠ᠂ ᠢᠷᠡᠬᠦ ᠵᠢᠯ ᠤᠳ ᠲᠤ ᠴᠢ ᠢᠯᠳᠦᠨ ᠡᠴᠡ ᠠᠩ᠋ᠭᠢᠵᠢᠷᠠᠭᠰᠠᠨ ᠨᠤᠲᠤᠭ ᠤᠷᠤᠭᠤ ᠳᠣᠪᠲᠣᠯᠬᠤ ᠪᠣᠯᠣᠨ᠎ᠠ᠃ ᠲᠡᠨᠳᠡᠬᠢ ᠶᠢᠨ ᠬᠢᠨ ᠤᠷᠲᠤ ᠬᠤᠭᠤᠴᠠᠭ᠎ᠠ ᠪᠠᠷ ᠡᠵᠡᠭᠦᠢ ᠪᠠᠢᠭᠰᠠᠨ ᠢᠰᠷᠧᠯ ᠤᠨ ᠠᠭᠤᠯᠠᠰ ᠤᠷᠤᠭᠤ ᠣᠯᠠᠨ ᠭᠦᠷᠦᠨ ᠡᠴᠡ ᠴᠤᠭᠯᠠᠷᠠᠭᠰᠠᠨ ᠪᠠᠢᠬᠤ ᠳᠤ᠂ ᠬᠠᠷᠢᠴᠤᠳ ᠤᠨ ᠳᠤᠮᠳᠠ ᠠᠴᠠ ᠠᠪᠴᠢᠷᠠᠭᠳᠠᠵᠤ ᠪᠦᠭᠦᠳᠡᠭᠡᠷ ᠠᠶᠤᠯ ᠦᠭᠡᠢ ᠠᠮᠢᠳᠤᠷᠠᠵᠤ ᠪᠠᠢᠬᠤ ᠳᠤ᠂ 9 ᠴᠢ ᠰᠢᠭᠤᠷᠭ᠎ᠠ ᠮᠡᠲᠦ ᠳᠠᠭᠠᠷᠢᠨ᠎ᠠ᠃ ᠴᠢ ᠬᠠᠮᠤᠭ ᠴᠡᠷᠢᠭ ᠤᠳ᠂ ᠬᠠᠮᠲᠤᠷᠠᠭᠴᠢ ᠣᠯᠠᠨ ᠦᠨᠳᠦᠰᠦᠲᠡᠨ ᠲᠡᠢ ᠪᠡᠨ ᠡᠭᠦᠯᠡ ᠠᠳᠠᠯᠢ ᠭᠠᠵᠠᠷ ᠢ ᠪᠦᠷᠬᠦᠵᠦ ᠢᠷᠡᠨ᠎ᠡ᠃〉》
10 ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 《ᠲᠡᠷᠡ ᠡᠳᠦᠷ ᠴᠢᠨᠦ ᠳᠣᠲᠣᠷ᠎ᠠ ᠣᠯᠠᠨ ᠰᠠᠨᠠᠭ᠎ᠠ ᠲᠥᠷᠥᠵᠦ᠂ ᠴᠢ ᠬᠣᠷᠣᠨ ᠮᠠᠭᠤ ᠠᠷᠭ᠎ᠠ ᠶᠢ ᠰᠡᠳᠦᠨ᠄ 11 〈ᠪᠢ ᠬᠡᠷᠡᠮ ᠦᠭᠡᠢ ᠲᠣᠰᠬᠣᠳ ᠪᠦᠬᠦᠢ ᠨᠤᠲᠤᠭ ᠢ ᠳᠣᠪᠲᠣᠯᠣᠨ᠎ᠠ᠃ ᠠᠶᠤᠯ ᠦᠭᠡᠢ ᠲᠠᠢᠪᠤᠩ ᠠᠮᠢᠳᠤᠷᠠᠵᠤ ᠪᠠᠢᠭ᠎ᠠ᠂ ᠬᠠᠨ᠎ᠠ ᠬᠡᠷᠡᠮ ᠦᠭᠡᠢ᠂ ᠬᠠᠭᠠᠯᠲᠠ ᠬᠠᠭᠠᠯᠭ᠎ᠠ ᠦᠭᠡᠢ ᠰᠠᠭᠤᠵᠤ ᠪᠠᠢᠭ᠎ᠠ ᠪᠦᠬᠦ ᠬᠥᠮᠦᠨ ᠤᠷᠤᠭᠤ ᠳᠠᠭᠠᠷᠢᠵᠤ᠂ 12 ᠳᠡᠭᠡᠷᠡᠮᠳᠡᠨ ᠣᠯᠵᠠ ᠣᠯᠣᠨ᠎ᠠ᠃ ᠡᠢᠨ ᠬᠦ ᠡᠵᠡᠭᠦᠢ ᠪᠠᠢᠭᠰᠠᠨ ᠢᠶᠠᠨ ᠰᠠᠭᠤᠭᠠᠯᠢᠴᠢᠳ ᠲᠠᠢ ᠪᠣᠯᠣᠭᠰᠠᠨ ᠨᠤᠲᠤᠭ ᠤᠨ ᠡᠰᠡᠷᠭᠦ᠂ ᠭᠦᠷᠦᠨ ᠨᠦᠭᠦᠳ ᠡᠴᠡ ᠴᠤᠭᠯᠠᠷᠠᠨ ᠢᠷᠡᠵᠦ᠂ ᠮᠠᠯ ᠰᠦᠷᠦᠭ᠂ ᠡᠳ᠋ ᠬᠥᠷᠥᠩᠭᠡ ᠲᠠᠢ ᠪᠣᠯᠵᠤ ᠳᠡᠯᠡᠬᠡᠢ ᠶᠢᠨ ᠲᠥᠪ ᠲᠤ ᠰᠠᠭᠤᠵᠤ ᠪᠠᠢᠭ᠎ᠠ ᠠᠷᠠᠳ ᠲᠦᠮᠡᠨ ᠤᠷᠤᠭᠤ ᠪᠢ ᠭᠠᠷ ᠢᠶᠠᠨ ᠳᠠᠯᠠᠢᠨᠠ〉 ᠭᠡᠬᠦ ᠪᠣᠯᠣᠨ᠎ᠠ᠃ 13 ᠱᠧᠪᠠ᠂ ᠳ᠋ᠧᠳᠠᠨ᠂ ᠲᠠᠷᠱᠢᠱ ᠤᠨ ᠬᠤᠳᠠᠯᠳᠤᠭᠠᠴᠢᠳ ᠪᠠ ᠬᠠᠮᠤᠭ ᠤᠳᠤᠷᠢᠳᠤᠭᠴᠢ 17 ᠴᠢᠮ᠎ᠠ ᠠᠴᠠ᠄ 〈ᠣᠯᠵᠠ ᠣᠯᠬᠤ ᠪᠠᠷ ᠢᠷᠡᠪᠡ ᠤᠤ︖ ᠴᠢ ᠶᠠᠭᠤᠮ᠎ᠠ ᠳᠡᠭᠡᠷᠡᠮᠳᠡᠵᠦ᠂ ᠠᠯᠲᠠ ᠮᠥᠩᠭᠥ ᠪᠤᠯᠢᠶᠠᠨ᠂ ᠮᠠᠯ ᠪᠣᠯᠣᠨ ᠡᠳ᠋ ᠬᠥᠷᠥᠩᠭᠡ ᠣᠯᠵᠤ᠂ ᠶᠡᠬᠡ ᠣᠯᠵᠠ ᠣᠯᠬᠤ ᠪᠠᠷ ᠴᠡᠷᠢᠭ ᠢᠶᠠᠨ ᠴᠤᠭᠯᠠᠭᠤᠯᠪᠠ ᠤᠤ︖〉》 ᠭᠡᠵᠦ ᠠᠰᠠᠭᠤᠨ᠎ᠠ᠃
14 ᠬᠥᠮᠦᠨ ᠦ ᠬᠦᠦ ᠡ᠂ ᠡᠢᠮᠦ ᠡᠴᠡ ᠡᠰᠢ ᠦᠵᠡᠭᠦᠯᠦᠨ ᠭᠣᠭ ᠲᠤ ᠶᠠᠷᠢ᠂ ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 《ᠮᠢᠨᠦ ᠠᠷᠠᠳ ᠲᠦᠮᠡᠨ ᠢᠰᠷᠧᠯ ᠠᠶᠤᠯ ᠦᠭᠡᠢ ᠠᠮᠢᠳᠤᠷᠠᠵᠤ ᠪᠠᠢᠭ᠎ᠠ ᠲᠡᠷᠡ ᠡᠳᠦᠷ ᠴᠢ ᠠᠩᠵᠠᠭᠠᠷᠠᠬᠤ ᠪᠢᠵᠡ︖ 15 ᠴᠢ ᠤᠮᠠᠷᠠᠲᠤ ᠶᠢᠨ ᠬᠢᠵᠠᠭᠠᠷ ᠳᠠᠬᠢ ᠥᠪᠡᠷ ᠦᠨ ᠢᠶᠠᠨ ᠨᠤᠲᠤᠭ ᠠᠴᠠ ᠣᠯᠠᠨ ᠦᠨᠳᠦᠰᠦᠲᠡᠨ ᠲᠡᠢ ᠬᠠᠮᠲᠤ ᠦᠢ ᠣᠯᠠᠨ ᠬᠦᠴᠦᠲᠦ ᠮᠣᠷᠢᠲᠤ ᠴᠡᠷᠢᠭ ᠳᠠᠭᠠᠭᠤᠯᠤᠨ ᠭᠠᠷᠴᠤ ᠢᠷᠡᠭᠡᠳ 16 ᠮᠢᠨᠦ ᠠᠷᠠᠳ ᠲᠦᠮᠡᠨ ᠢᠰᠷᠧᠯ ᠤᠨ ᠡᠰᠡᠷᠭᠦ ᠭᠠᠵᠠᠷ ᠢ ᠪᠦᠷᠬᠦᠬᠦ ᠡᠭᠦᠯᠡ ᠠᠳᠠᠯᠢ ᠳᠠᠭᠠᠷᠢᠨ᠎ᠠ᠃ ᠭᠣᠭ ᠡ᠂ ᠢᠷᠡᠬᠦ ᠡᠳᠦᠷ ᠤᠳ ᠲᠤ ᠪᠢ ᠴᠢᠮᠠᠶᠢ ᠨᠤᠲᠤᠭ ᠤᠷᠤᠭᠤ ᠪᠠᠨ ᠠᠪᠴᠢᠷᠠᠨ᠎ᠠ᠃ ᠢᠩᠭᠢᠭᠡᠳ ᠪᠢ ᠦᠨᠳᠦᠰᠦᠲᠡᠨ ᠨᠦᠭᠦᠳ ᠲᠦ ᠥᠪᠡᠷ ᠢ ᠪᠠᠨ ᠮᠡᠳᠡᠭᠦᠯᠬᠦ ᠶᠢᠨ ᠲᠤᠯᠠᠳᠠ ᠲᠡᠳᠡᠨ ᠦ ᠨᠢᠳᠦᠨ ᠡᠮᠦᠨ᠎ᠡ ᠴᠢᠮ᠎ᠠ ᠪᠠᠷ ᠳᠠᠮᠵᠢᠭᠤᠯᠤᠨ ᠠᠷᠢᠭᠤᠨ ᠪᠠᠢᠳᠠᠯ ᠢᠶᠠᠨ ᠢᠯᠡᠷᠡᠭᠦᠯᠦᠨ᠎ᠡ᠃》
17 ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 《ᠪᠢ ᠤᠷᠢᠳᠤ ᠶᠢᠨ ᠡᠳᠦᠷ ᠤᠳ ᠲᠤ ᠥᠪᠡᠷ ᠦᠨ ᠢᠶᠠᠨ ᠵᠠᠷᠤᠴᠠ ᠨᠠᠷ᠂ ᠢᠰᠷᠧᠯ ᠤᠨ ᠡᠰᠢ ᠦᠵᠡᠭᠦᠯᠦᠭᠴᠢᠳ ᠢᠶᠠᠷ ᠳᠠᠮᠵᠢᠭᠤᠯᠤᠨ ᠶᠠᠭ ᠴᠢᠨᠦ ᠲᠤᠬᠠᠢ ᠡᠰᠢ ᠦᠵᠡᠭᠦᠯᠵᠦ ᠪᠠᠢᠭᠰᠠᠨ ᠪᠢᠰᠢ ᠤᠤ︖ ᠲᠡᠳᠡ ᠲᠡᠷᠡ ᠦᠶ᠎ᠡ ᠳᠦ 〈ᠪᠢ ᠴᠢᠮᠠᠶᠢ ᠲᠡᠰᠢ ᠠᠪᠴᠢᠷᠠᠨ᠎ᠠ〉 ᠭᠡᠵᠦ ᠣᠯᠠᠨ ᠵᠢᠯ ᠤᠨ ᠲᠤᠷᠰᠢ ᠡᠰᠢ ᠦᠵᠡᠭᠦᠯᠦᠭᠰᠡᠨ᠃ 18 ᠡᠵᠡᠨ ᠶᠣᠬᠣᠸᠠ ᠠᠢᠯᠠᠳᠴᠤ ᠪᠠᠢᠨ᠎ᠠ᠂ ᠲᠡᠷᠡ ᠡᠳᠦᠷ᠂ ᠭᠣᠭ ᠢᠰᠷᠧᠯ ᠤᠨ ᠨᠤᠲᠤᠭ ᠢ ᠳᠠᠭᠠᠷᠢᠨ ᠢᠷᠡᠬᠦ ᠲᠡᠷᠡ ᠡᠳᠦᠷ ᠠᠭᠤᠷ ᠬᠢᠯᠢᠩ ᠮᠢᠨᠢ ᠳᠦᠷᠡᠯᠵᠡᠬᠦ ᠪᠣᠯᠣᠨ᠎ᠠ᠃ 19 ᠲᠡᠷᠡ ᠡᠳᠦᠷ ᠢᠰᠷᠧᠯ ᠤᠨ ᠨᠤᠲᠤᠭ ᠲᠤ ᠶᠡᠬᠡ ᠭᠠᠵᠠᠷ ᠬᠥᠳᠡᠯᠦᠯᠲᠡ ᠪᠣᠯᠬᠤ ᠶᠢ ᠪᠢ ᠬᠠᠷᠠᠳᠠᠯᠲᠠ ᠲᠠᠢ᠂ ᠭᠠᠯ ᠬᠢᠯᠢᠩ ᠲᠠᠢ ᠪᠠᠷ ᠲᠤᠩ᠋ᠬᠠᠭᠯᠠᠵᠤ ᠪᠠᠢᠨ᠎ᠠ᠃ 20 ᠳᠠᠯᠠᠢ ᠶᠢᠨ ᠵᠢᠭᠠᠰᠤ᠂ ᠣᠭᠲᠠᠷᠭᠤᠢ ᠶᠢᠨ ᠰᠢᠪᠠᠭᠤ᠂ ᠬᠡᠭᠡᠷ᠎ᠡ ᠶᠢᠨ ᠠᠷᠢᠶᠠᠲᠠᠨ᠂ ᠭᠠᠵᠠᠷ ᠢᠶᠠᠷ ᠮᠥᠯᠬᠥᠭᠴᠢ ᠪᠦᠭᠦᠳᠡ᠂ ᠮᠥᠨ ᠭᠠᠵᠠᠷ ᠳᠡᠭᠡᠷᠡᠬᠢ ᠪᠦᠬᠦ ᠬᠥᠮᠦᠨ ᠲᠥᠷᠥᠯᠬᠢᠲᠡᠨ ᠮᠢᠨᠦ ᠣᠷᠣᠰᠢᠬᠤᠢ ᠳᠤ ᠴᠡᠴᠡᠷᠡᠨ᠎ᠡ᠂ ᠠᠭᠤᠯᠠᠰ ᠶᠡᠭᠦᠷᠡᠨ᠂ ᠬᠠᠳᠠᠨ ᠴᠣᠬᠢᠶ᠎ᠠ ᠨᠤᠷᠠᠵᠤ᠂ ᠬᠠᠮᠤᠭ ᠬᠡᠷᠡᠮ ᠭᠠᠵᠠᠷ ᠲᠤ ᠤᠨᠠᠬᠤ ᠪᠣᠯᠣᠨ᠎ᠠ᠃ 21 ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠂ ᠪᠢ ᠥᠪᠡᠷ ᠦᠨ ᠢᠶᠠᠨ ᠪᠦᠬᠦ ᠠᠭᠤᠯᠠᠨ ᠳᠤ ᠭᠣᠭ ᠢ ᠴᠣᠬᠢᠬᠤ ᠢᠯᠳᠦ ᠶᠢ ᠳᠠᠭᠤᠳᠠᠨ᠎ᠠ᠂ ᠬᠥᠮᠦᠨ ᠪᠦᠷᠢ ᠶᠢᠨ ᠢᠯᠳᠦ ᠠᠬ᠎ᠠ ᠳᠡᠭᠦᠦ ᠶᠢᠨ ᠢᠶᠠᠨ ᠡᠰᠡᠷᠭᠦ ᠪᠠᠢᠬᠤ ᠪᠣᠯᠣᠨ᠎ᠠ᠃ 22 ᠪᠢ ᠲᠡᠭᠦᠨ ᠢ ᠲᠠᠬᠤᠯ ᠪᠣᠯᠣᠨ ᠴᠢᠰᠤ ᠪᠠᠷ ᠰᠢᠳᠬᠡᠨ᠎ᠡ᠃ ᠪᠢ ᠲᠡᠭᠦᠨ ᠦ ᠳᠡᠭᠡᠷ᠎ᠡ᠂ ᠲᠡᠭᠦᠨ ᠦ ᠴᠡᠷᠢᠭ ᠪᠣᠯᠣᠨ ᠲᠡᠭᠦᠨ ᠲᠡᠢ ᠬᠠᠮᠲᠤᠷᠠᠭᠴᠢ ᠣᠯᠠᠨ ᠦᠨᠳᠦᠰᠦᠲᠡᠨ ᠦ ᠳᠡᠭᠡᠷ᠎ᠡ ᠮᠥᠨᠳᠥᠷ᠂ ᠭᠠᠯ᠂ ᠬᠦᠬᠦᠷ ᠲᠡᠢ ᠠᠭᠠᠳᠠᠷ ᠪᠣᠷᠣᠭᠠᠨ ᠢ ᠣᠷᠣᠭᠤᠯᠬᠤ ᠪᠣᠯᠣᠨ᠎ᠠ᠃ 23 ᠲᠡᠢᠨ ᠬᠦ ᠪᠢ ᠣᠯᠠᠨ ᠦᠨᠳᠦᠰᠦᠲᠡᠨ ᠦ ᠨᠢᠳᠦᠨ ᠡᠮᠦᠨ᠎ᠡ ᠠᠭᠤᠤ ᠪᠥᠭᠡᠳ ᠠᠷᠢᠭᠤᠨ ᠪᠠᠢᠳᠠᠯ ᠢᠶᠠᠨ ᠢᠯᠡᠷᠡᠭᠦᠯᠦᠨ᠂ ᠥᠪᠡᠷ ᠢ ᠪᠠᠨ ᠮᠡᠳᠡᠭᠦᠯᠬᠦ ᠪᠣᠯᠣᠨ᠎ᠠ᠃ ᠲᠡᠭᠡᠬᠦ ᠳᠦ ᠲᠡᠳᠡ ᠨᠠᠮᠠᠶᠢ ᠶᠣᠬᠣᠸᠠ ᠭᠡᠳᠡᠭ ᠢ ᠮᠡᠳᠡᠬᠦ ᠪᠣᠯᠣᠨ᠎ᠠ᠃》