ᠡᠽᠧᠺᠢᠶᠧᠯ ᠳᠥᠷᠪᠡ
ᠶᠧᠷᠦ᠋ᠰᠠᠯᠧᠮ ᠪᠦᠰᠡᠯᠡᠭᠳᠡᠬᠦ ᠲᠤᠬᠠᠢ ᠳᠦᠷᠰᠦᠯᠡᠯ
1 ᠬᠥᠮᠦᠨ ᠦ ᠬᠦᠦ ᠴᠢ ᠰᠢᠪᠠᠷ ᠰᠠᠮᠪᠠᠷ᠎ᠠ ᠠᠪᠴᠢᠷᠠᠵᠤ᠂ ᠥᠪᠡᠷ ᠦᠨ ᠢᠶᠠᠨ ᠡᠮᠦᠨ᠎ᠡ ᠲᠠᠯᠪᠢᠭᠠᠳ᠂ ᠳᠡᠭᠡᠷ᠎ᠡ ᠨᠢ ᠨᠢᠭᠡ ᠬᠣᠲᠠ᠂ ᠲᠤᠬᠠᠢᠯᠠᠪᠠᠯ ᠶᠧᠷᠦ᠋ᠰᠠᠯᠧᠮ ᠢ ᠰᠡᠢᠯ᠂ 2 ᠲᠡᠭᠡᠭᠡᠳ ᠲᠡᠭᠦᠨ ᠢ ᠲᠣᠭᠣᠷᠢᠭᠤᠯᠤᠨ ᠴᠠᠮᠬᠠᠭ ᠪᠠᠷᠢᠵᠤ᠂ ᠪᠡᠬᠢᠯᠡᠯᠲᠡ ᠪᠣᠰᠬᠠᠨ᠂ ᠬᠤᠸᠠᠷᠠᠨ ᠨᠤᠭᠤᠳ ᠪᠠᠢᠭᠤᠯᠵᠤ᠂ ᠡᠷᠭᠢᠨ ᠲᠣᠭᠣᠷᠢᠨ ᠳᠤᠨᠢ ᠨᠤᠷᠠᠭᠠᠭᠤᠷ ᠢ ᠪᠠᠢᠷᠢᠯᠠᠭᠤᠯ᠃ 3 ᠲᠡᠭᠡᠭᠡᠳ ᠲᠡᠮᠦᠷ ᠬᠠᠢᠪᠢ ᠠᠪᠴᠢᠷᠠᠵᠤ᠂ ᠲᠡᠭᠦᠨ ᠢ ᠬᠣᠲᠠ ᠪᠠ ᠥᠪᠡᠷ ᠦᠨ ᠢᠶᠠᠨ ᠬᠣᠭᠣᠷᠣᠨᠳᠣ ᠲᠡᠮᠦᠷ ᠬᠡᠷᠡᠮ ᠮᠡᠲᠦ ᠪᠣᠰᠬᠠᠵᠤ᠂ ᠨᠢᠭᠤᠷ ᠢᠶᠠᠨ ᠲᠡᠭᠦᠨ ᠤᠷᠤᠭᠤ ᠬᠠᠨᠳᠤᠭᠤᠯᠤᠭᠠᠷᠠᠢ᠃ ᠲᠡᠢᠨ ᠬᠦ ᠴᠢ ᠲᠡᠷᠡ ᠬᠣᠲᠠ ᠶᠢ ᠪᠦᠰᠡᠯᠡᠵᠦ᠂ ᠲᠡᠷᠡ ᠪᠦᠰᠡᠯᠡᠭᠳᠡᠨᠡ᠃ ᠢᠰᠷᠧᠯ ᠤᠨ ᠭᠡᠷ ᠲᠦ ᠥᠭᠬᠦ ᠲᠡᠮᠳᠡᠭ ᠡᠨᠡ ᠶᠤᠮ᠃
4 ᠴᠢ ᠵᠡᠭᠦᠨ ᠲᠠᠯ᠎ᠠ ᠪᠠᠷ ᠢᠶᠠᠨ ᠬᠡᠪᠲᠡᠵᠦ᠂ ᠢᠰᠷᠧᠯ ᠤᠨ ᠭᠡᠷ ᠦᠨ ᠨᠢᠭᠦᠯ ᠢ ᠥᠪᠡᠷ ᠦᠨ ᠢᠶᠠᠨ ᠳᠡᠭᠡᠷ᠎ᠡ ᠲᠠᠯᠪᠢ᠃ ᠢᠩᠭᠢᠵᠦ ᠬᠠᠵᠠᠭᠤᠯᠳᠠᠨ ᠬᠡᠪᠲᠡᠬᠦ ᠬᠣᠨᠣᠭ ᠤᠨ ᠢᠶᠠᠨ ᠲᠣᠭ᠎ᠠ ᠪᠠᠷ ᠴᠢ ᠲᠡᠳᠡᠨ ᠦ ᠨᠢᠭᠦᠯ ᠢ ᠡᠭᠦᠷᠬᠦ ᠪᠣᠯᠣᠨ᠎ᠠ᠃ 5 ᠪᠢ ᠲᠡᠳᠡᠨ ᠦ ᠨᠢᠭᠦᠯ ᠦᠨ ᠵᠢᠯ ᠤᠳ ᠲᠤ ᠨᠡᠢᠴᠡᠬᠦ ᠬᠣᠨᠣᠭ ᠤᠨ ᠲᠣᠭ᠎ᠠ ᠶᠢ ᠴᠢᠮ᠎ᠠ ᠳᠡᠭᠡᠷ᠎ᠡ ᠲᠣᠬᠣᠭᠰᠠᠨ᠃ ᠴᠢ ᠢᠰᠷᠧᠯ ᠤᠨ ᠭᠡᠷ ᠦᠨ ᠨᠢᠭᠦᠯ ᠢ ᠭᠤᠷᠪᠠᠨ ᠵᠠᠭᠤ ᠶᠡᠷᠡᠨ ᠡᠳᠦᠷ ᠡᠭᠦᠷᠦᠨ᠎ᠡ᠃ 6 ᠴᠢ ᠡᠭᠦᠨ ᠢ ᠳᠠᠭᠤᠰᠬᠠᠭᠰᠠᠨ ᠤ ᠳᠠᠷᠠᠭ᠎ᠠ᠂ ᠳᠠᠬᠢᠨ ᠪᠠᠷᠠᠭᠤᠨ ᠲᠠᠯ᠎ᠠ ᠪᠠᠷ ᠢᠶᠠᠨ ᠬᠡᠪᠲᠡᠵᠦ᠂ ᠶᠦᠳᠠ ᠶᠢᠨ ᠭᠡᠷ ᠦᠨ ᠨᠢᠭᠦᠯ ᠢ ᠡᠭᠦᠷ᠃ ᠪᠢ ᠨᠢᠭᠡ ᠵᠢᠯ ᠢ ᠨᠢᠭᠡ ᠡᠳᠦᠷ ᠢᠶᠡᠷ ᠪᠣᠳᠣᠨ᠂ ᠴᠢᠮ᠎ᠠ ᠳᠡᠭᠡᠷ᠎ᠡ ᠳᠥᠴᠢᠨ ᠡᠳᠦᠷ ᠢ ᠲᠣᠬᠣᠯᠠ᠃ 7 ᠴᠢ ᠪᠦᠰᠡᠯᠡᠭᠳᠡᠭᠰᠡᠨ ᠶᠧᠷᠦ᠋ᠰᠠᠯᠧᠮ ᠤᠷᠤᠭᠤ ᠨᠢᠭᠤᠷ ᠢᠶᠠᠨ ᠬᠠᠨᠳᠤᠭᠤᠯᠵᠤ᠂ ᠬᠠᠨᠴᠤᠢ ᠪᠠᠨ ᠰᠢᠮᠠᠯᠠᠨ᠂ ᠡᠰᠢ ᠦᠵᠡᠭᠦᠯ᠃ 8 ᠬᠠᠷ᠎ᠠ᠂ ᠪᠢ ᠴᠢᠮᠠᠶᠢ ᠣᠯᠣᠰᠣ ᠪᠠᠷ ᠬᠦᠯᠢᠬᠦ ᠪᠣᠯᠣᠨ᠎ᠠ᠃ ᠢᠩᠭᠢᠭᠰᠡᠨ ᠢᠶᠡᠷ ᠴᠢ ᠪᠦᠰᠡᠯᠡᠯᠲᠡ ᠶᠢᠨ ᠢᠶᠠᠨ ᠡᠳᠦᠷ ᠤᠳ ᠢ ᠳᠠᠭᠤᠰᠬᠠᠬᠤ ᠬᠦᠷᠲᠡᠯ᠎ᠡ ᠨᠢᠭᠡ ᠲᠠᠯ᠎ᠠ ᠠᠴᠠ ᠨᠥᠭᠥᠭᠡ ᠲᠠᠯ᠎ᠠ ᠤᠷᠤᠭᠤ ᠪᠠᠨ ᠡᠷᠭᠢᠵᠦ ᠴᠢᠳᠠᠬᠤ ᠦᠭᠡᠢ ᠪᠣᠯᠣᠨ᠎ᠠ᠃
9 ᠬᠠᠷᠢᠨ ᠴᠢ ᠨᠢᠭᠡ ᠰᠠᠪᠠᠨ ᠳᠤ ᠤᠯᠠᠭᠠᠨ ᠪᠤᠭᠤᠳᠠᠢ᠂ ᠠᠷᠪᠠᠢ᠂ ᠪᠤᠷᠴᠠᠭ᠂ ᠤᠯᠠᠭᠠᠨ ᠪᠤᠷᠴᠠᠭ᠂ ᠬᠠᠷ᠎ᠠ ᠪᠤᠳᠠᠭ᠎ᠠ ᠪᠠ ᠰᠢᠷ᠎ᠠ ᠪᠤᠳᠠᠭ᠎ᠠ ᠬᠢᠵᠦ᠂ ᠲᠡᠳᠡᠭᠡᠷ ᠢᠶᠡᠷ ᠪᠣᠣᠪᠣ ᠬᠢ᠂ ᠲᠡᠭᠡᠭᠡᠳ ᠬᠠᠵᠠᠭᠤᠯᠳᠠᠨ ᠬᠡᠪᠲᠡᠬᠦ ᠭᠤᠷᠪᠠᠨ ᠵᠠᠭᠤ ᠶᠡᠷᠡᠨ ᠡᠳᠦᠷ ᠦᠨ ᠲᠤᠷᠰᠢ ᠲᠡᠭᠦᠨ ᠢ ᠢᠳᠡ᠃ 10 ᠴᠢ ᠡᠳᠦᠷ ᠪᠦᠷᠢ ᠴᠠᠭ ᠲᠠᠭᠠᠨ ᠬᠣᠷᠢᠨ ᠱᠧᠺᠧᠯ 2 ᠤᠨ ᠬᠡᠮᠵᠢᠶ᠎ᠡ ᠲᠠᠢ ᠢᠳᠡᠭᠡᠨ ᠢᠳᠡᠵᠦ᠂ 11 ᠴᠠᠭ ᠲᠠᠭᠠᠨ ᠾᠢᠨ ᠤ ᠵᠢᠷᠭᠤᠭᠠᠨ ᠤ ᠨᠢᠭᠡ ᠶᠢᠨ ᠬᠡᠮᠵᠢᠶ᠎ᠡ ᠲᠠᠢ ᠤᠰᠤ ᠤᠤᠭᠤᠬᠤ ᠪᠣᠯᠣᠨ᠎ᠠ᠃ 12 ᠴᠢ ᠲᠡᠳᠡᠨ ᠦ ᠨᠢᠳᠦᠨ ᠡᠮᠦᠨ᠎ᠡ ᠠᠷᠪᠠᠢ ᠶᠢᠨ ᠪᠣᠭᠣᠷᠰᠣᠭ ᠵᠡᠷᠭᠡ ᠶᠢ ᠬᠥᠮᠦᠨ ᠦ ᠪᠠᠭᠠᠰᠤ ᠪᠠᠷ ᠪᠣᠯᠭᠣᠵᠤ ᠢᠳᠡᠨ᠎ᠡ》 ᠭᠡᠪᠡ᠃ 13 ᠶᠣᠬᠣᠸᠠ᠄ 《ᠡᠢᠨ ᠬᠦ ᠪᠢ ᠢᠰᠷᠧᠯᠴᠦᠳ ᠢ ᠦᠨᠳᠦᠰᠦᠲᠡᠨ ᠨᠦᠭᠦᠳ ᠦᠨ ᠳᠤᠮᠳᠠ ᠴᠥᠯᠡᠪᠡᠯ᠂ ᠲᠡᠳᠡ ᠲᠡᠨᠳᠡ ᠪᠤᠵᠠᠷ ᠪᠣᠣᠪᠣ ᠪᠠᠨ ᠢᠳᠡᠬᠦ ᠪᠣᠯᠣᠨ᠎ᠠ》 ᠭᠡᠬᠦ ᠳᠦ᠂ 14 ᠪᠢ᠄ 《ᠥ᠂ ᠡᠵᠡᠨ ᠶᠣᠬᠣᠸᠠ ᠡ᠂ ᠬᠠᠷᠠᠭᠠᠴᠢ᠂ ᠪᠢ ᠶᠡᠷᠦ ᠡᠴᠡ ᠪᠡᠨ ᠪᠡᠶ᠎ᠡ ᠪᠡᠨ ᠪᠤᠵᠠᠷᠲᠤᠭᠤᠯᠵᠤ ᠪᠠᠢᠭ᠎ᠠ ᠦᠭᠡᠢ︕ ᠪᠢ ᠪᠠᠭ᠎ᠠ ᠠᠴᠠ ᠪᠠᠨ ᠡᠳᠦᠭᠡ ᠬᠦᠷᠲᠡᠯ᠎ᠡ ᠥᠪᠡᠷ ᠢᠶᠡᠨ ᠦᠬᠦᠭᠰᠡᠨ ᠪᠤᠶᠤ ᠠᠷᠢᠶᠠᠲᠠᠨ ᠳᠤ ᠲᠠᠰᠤᠳᠠᠴᠢᠭᠤᠯᠤᠨ ᠦᠬᠦᠭᠰᠡᠨ ᠠᠮᠢᠲᠠᠨ ᠢ ᠬᠡᠵᠢᠶ᠎ᠡ ᠴᠤ ᠢᠳᠡᠵᠦ ᠪᠠᠢᠭ᠎ᠠ ᠦᠭᠡᠢ᠂ ᠮᠥᠨ ᠴᠡᠪᠡᠷ ᠪᠤᠰᠤ ᠮᠢᠬ᠎ᠠ ᠶᠢ ᠠᠮᠠᠨ ᠳᠠᠭᠠᠨ ᠣᠷᠣᠭᠤᠯᠵᠤ ᠪᠠᠢᠭ᠎ᠠ ᠦᠭᠡᠢ》 ᠭᠡᠪᠡ᠃ 15 ᠶᠣᠬᠣᠸᠠ ᠨᠠᠳᠠ ᠳᠤ᠄ 《ᠵᠠ᠂ ᠪᠢ ᠴᠢᠮ᠎ᠠ ᠳᠤ ᠬᠥᠮᠦᠨ ᠦ ᠪᠠᠭᠠᠰᠤᠨ ᠤ ᠣᠷᠣᠨ ᠳᠤ ᠠᠷᠭᠠᠯ ᠥᠭᠭᠥᠶ᠎ᠡ᠃ ᠴᠢ ᠲᠡᠭᠦᠨ ᠳᠡᠭᠡᠷ᠎ᠡ ᠪᠣᠣᠪᠣ ᠪᠠᠨ ᠬᠢᠭᠲᠦᠨ》 ᠭᠡᠪᠡ᠃
16 ᠲᠡᠷᠡ ᠨᠠᠳᠠ ᠳᠤ᠄ 《ᠬᠥᠮᠦᠨ ᠦ ᠬᠦᠦ ᠡ᠂ ᠬᠠᠷ᠎ᠠ᠃ ᠪᠢ ᠶᠧᠷᠦ᠋ᠰᠠᠯᠧᠮ ᠤᠨ ᠬᠦᠨᠡᠰᠦᠨ ᠦ ᠬᠠᠩ᠋ᠭᠠᠯᠭ᠎ᠠ ᠶᠢ ᠲᠠᠰᠤᠯᠬᠤ ᠭᠡᠵᠦ ᠪᠠᠢᠨ᠎ᠠ᠃ ᠬᠥᠮᠦᠰ ᠬᠦᠨᠡᠰᠦ ᠪᠡᠨ ᠵᠢᠩᠯᠡᠨ ᠵᠣᠪᠠᠨᠢᠯ ᠲᠠᠢ ᠪᠠᠷ ᠢᠳᠡᠵᠦ᠂ ᠤᠰᠤ ᠪᠠᠨ ᠬᠡᠮᠵᠢᠵᠦ ᠲᠦᠭᠰᠢᠭᠦᠷᠢ ᠲᠠᠢ ᠪᠠᠷ ᠤᠤᠭᠤᠨ᠎ᠠ᠃ 17 ᠲᠡᠭᠡᠭᠡᠳ ᠬᠦᠨᠡᠰᠦ ᠤᠰᠤ ᠨᠢ ᠬᠣᠮᠰᠠ ᠪᠣᠯᠬᠤ ᠳᠤ᠂ ᠲᠡᠳᠡ ᠪᠡᠶ᠎ᠡ ᠪᠡᠶ᠎ᠡ ᠪᠡᠨ ᠬᠠᠷᠠᠨ ᠲᠦᠭᠰᠢᠵᠦ᠂ ᠨᠢᠭᠦᠯ ᠦᠨ ᠢᠶᠠᠨ ᠤᠯᠠᠮ ᠢᠶᠠᠷ ᠡᠴᠡᠵᠦ ᠲᠤᠷᠠᠨ᠎ᠠ᠃