1 2 3 4 5 6 7 8 9 10 11 12 13 14 15 16 17 18 19 20 21 22 23 24 25 26 27 28 29 30 31 32 33 34 35 36 37 38 39 40 41 42 43 44 45 46 47 48


ᠡᠽᠧᠺᠢᠶᠧᠯ ᠬᠣᠷᠢᠨ ᠨᠠᠢ᠌ᠮᠠ
 ᠲᠢᠷ ᠤᠨ ᠬᠠᠭᠠᠨ ᠤ ᠲᠤᠬᠠᠢ ᠡᠰᠢ ᠦᠵᠡᠭᠦᠯᠦᠯᠭᠡ

1 ᠶᠣᠬᠣᠸᠠ ᠶᠢᠨ ᠦᠭᠡ ᠨᠠᠳᠠ ᠳᠤ ᠢᠷᠡᠪᠡ᠄
2 《ᠬᠥᠮᠦᠨ ᠦ ᠬᠦᠦ ᠡ᠂ ᠲᠢᠷ ᠤᠨ ᠵᠠᠬᠢᠷᠤᠭᠴᠢ ᠳᠤ ᠶᠠᠷᠢ᠂ ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ ᠪᠠᠷᠳᠠᠮ ᠰᠠᠨᠠᠭ᠎ᠠ ᠪᠠᠷ ᠴᠢ᠄ 〈ᠪᠢ ᠪᠤᠷᠬᠠᠨ᠂ ᠳᠠᠯᠠᠢ ᠶᠢᠨ ᠵᠢᠷᠦᠬᠡᠨ ᠳᠦ ᠪᠤᠷᠬᠠᠳ ᠤᠨ ᠰᠠᠭᠤᠳᠠᠯ ᠳᠤ ᠰᠠᠭᠤᠶ᠎ᠠ〉 ᠭᠡᠳ ᠥᠪᠡᠷ ᠢᠶᠡᠨ ᠪᠤᠷᠬᠠᠨ ᠪᠢᠰᠢ ᠬᠥᠮᠦᠨ ᠪᠠᠢᠲᠠᠯ᠎ᠠ ᠪᠠᠨ ᠥᠪᠡᠷ ᠦᠨ ᠢᠶᠠᠨ ᠰᠠᠨᠠᠭ᠎ᠠ ᠶᠢ ᠪᠤᠷᠬᠠᠨ ᠤ ᠰᠠᠨᠠᠭ᠎ᠠ ᠲᠠᠢ ᠠᠳᠠᠯᠢᠳᠬᠠᠳᠠᠭ
3 ᠴᠢ ᠳ᠋ᠠᠨᠢᠶᠧᠯ ᠡᠴᠡ ᠢᠯᠡᠭᠦᠦ ᠮᠡᠷᠭᠡᠨ ᠭᠡᠵᠢ ᠤᠤ︖ ᠴᠢᠮ᠎ᠠ ᠠᠴᠠ ᠳᠠᠯᠳᠠᠯᠠᠭᠳᠠᠬᠤ ᠶᠠᠮᠠᠷ ᠴᠤ ᠨᠢᠭᠤᠴᠠ ᠦᠭᠡᠢ ᠭᠡᠵᠢ ᠤᠤ︖
4 ᠴᠢ ᠰᠡᠴᠡᠨ ᠮᠡᠷᠭᠡᠨ ᠢᠶᠡᠷ ᠡᠳ᠋ ᠬᠥᠷᠥᠩᠭᠡ ᠣᠯᠵᠤ ᠠᠯᠲᠠ᠂ ᠮᠥᠩᠭᠥ ᠶᠢ ᠬᠥᠮᠥᠷᠭᠡ ᠳᠡᠭᠡᠨ ᠬᠤᠷᠢᠶᠠᠨ
5 ᠶᠡᠬᠡ ᠮᠡᠷᠭᠡᠨ ᠤᠬᠠᠭᠠᠨ ᠢᠶᠠᠷ ᠠᠷᠠᠯᠵᠢᠶ᠎ᠠ ᠬᠢᠵᠦ ᠡᠳ᠋ ᠬᠥᠷᠥᠩᠭᠡ ᠪᠡᠨ ᠡᠯᠪᠡᠭᠵᠢᠭᠦᠯᠦᠭᠰᠡᠨ ᠪᠣᠯᠪᠠᠴᠤ ᠡᠳ᠋ ᠬᠥᠷᠥᠩᠭᠡ ᠡᠴᠡ ᠪᠡᠨ ᠪᠣᠯᠵᠤ ᠵᠢᠷᠦᠬᠡ ᠴᠢᠨᠢ ᠪᠠᠷᠳᠠᠮ ᠪᠣᠯᠵᠠᠢ᠃
6 ᠡᠢᠮᠦ ᠡᠴᠡ ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 〈ᠴᠢ ᠥᠪᠡᠷ ᠦᠨ ᠢᠶᠠᠨ ᠰᠠᠨᠠᠭ᠎ᠠ ᠶᠢ ᠪᠤᠷᠬᠠᠨ ᠤ ᠰᠠᠨᠠᠭ᠎ᠠ ᠲᠠᠢ ᠠᠳᠠᠯᠢᠳᠬᠠᠳᠠᠭ ᠤᠴᠢᠷ ᠠᠴᠠ
7 ᠴᠢᠨᠦ ᠳᠡᠭᠡᠷ᠎ᠡ ᠪᠢ ᠬᠠᠷᠢ ᠦᠨᠳᠦᠰᠦᠲᠡᠨ ᠨᠦᠭᠦᠳ ᠦᠨ ᠬᠠᠮᠤᠭ ᠤᠨ ᠬᠡᠷᠴᠡᠭᠡᠢ ᠶᠢ ᠨᠢ ᠠᠪᠴᠢᠷᠠᠨ᠎ᠠ ᠲᠡᠳᠡ ᠭᠠᠢᠬᠠᠮᠰᠢᠭᠲᠠᠢ ᠮᠡᠷᠭᠡᠨ ᠤᠬᠠᠭᠠᠨ ᠤᠷᠤᠭᠤ ᠴᠢᠨᠢ ᠰᠡᠯᠡᠮ᠎ᠡ ᠪᠡᠨ ᠰᠤᠭᠤᠯᠵᠤ᠂ ᠰᠦᠷ ᠵᠢᠪᠬᠤᠯᠠᠩ ᠢ ᠴᠢᠨᠢ ᠪᠤᠵᠠᠷᠯᠠᠨ᠎ᠠ᠂
8 ᠴᠢᠮᠠᠶᠢ ᠨᠦᠬᠡᠨ ᠳᠦ ᠬᠠᠶᠠᠨ᠎ᠠ ᠴᠢ ᠳᠠᠯᠠᠢ ᠶᠢᠨ ᠵᠢᠷᠦᠬᠡᠨ ᠳᠦ ᠠᠶᠤᠮᠰᠢᠭᠲᠠᠢ ᠪᠠᠷ ᠦᠬᠦᠬᠦ ᠪᠣᠯᠣᠨ᠎ᠠ᠃
9 ᠥᠪᠡᠷ ᠢ ᠴᠢᠨᠢ ᠠᠯᠠᠬᠤ ᠬᠥᠮᠦᠨ ᠦ ᠡᠮᠦᠨ᠎ᠡ ᠴᠢ ᠥᠪᠡᠷ ᠢ ᠪᠠᠨ ᠪᠤᠷᠬᠠᠨ ᠭᠡᠭᠰᠡᠭᠡᠷ ᠪᠠᠢᠬᠤ ᠤᠤ︖ ᠥᠪᠡᠷ ᠢ ᠴᠢᠨᠢ ᠬᠣᠷᠣᠭᠠᠬᠤ ᠬᠥᠮᠦᠨ ᠦ ᠭᠠᠷ ᠲᠤ ᠴᠢ ᠪᠤᠷᠬᠠᠨ ᠪᠢᠰᠢ᠂ ᠬᠥᠮᠦᠨ ᠯᠠ ᠶᠤᠮ
10 ᠬᠠᠷᠢ ᠬᠥᠮᠦᠰ ᠦᠨ ᠭᠠᠷ ᠲᠤ ᠴᠢ ᠬᠥᠪᠴᠢᠷᠬᠡᠢ ᠬᠥᠨᠳᠡᠭᠦᠯᠦᠭᠡ ᠦᠭᠡᠢ ᠬᠥᠮᠦᠨ ᠦ ᠶᠣᠰᠣᠭᠠᠷ ᠦᠬᠦᠨ᠎ᠡ᠃ ᠪᠢ ᠡᠭᠦᠨ ᠢ ᠶᠠᠷᠢᠯ᠎ᠠ᠃〉》 ᠡᠵᠡᠨ ᠶᠣᠬᠣᠸᠠ ᠠᠢᠯᠠᠳᠴᠤ ᠪᠠᠢᠨ᠎ᠠ᠃
11 ᠶᠣᠬᠣᠸᠠ ᠶᠢᠨ ᠦᠭᠡ ᠨᠠᠳᠠ ᠳᠤ ᠢᠷᠡᠪᠡ᠄
12 《ᠬᠥᠮᠦᠨ ᠦ ᠬᠦᠦ ᠡ᠂ ᠲᠢᠷ ᠤᠨ ᠬᠠᠭᠠᠨ ᠤ ᠲᠤᠬᠠᠢ ᠭᠠᠰᠢᠭᠤᠳᠠᠯ ᠤᠨ ᠳᠠᠭᠤᠤ ᠵᠣᠬᠢᠶᠠᠨ᠂ ᠲᠡᠭᠦᠨ ᠳᠦ ᠶᠠᠷᠢ᠂ ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 〈ᠡᠯᠪᠡᠭ ᠮᠡᠷᠭᠡᠨ ᠤᠬᠠᠭᠠᠨ᠂ ᠲᠡᠭᠦᠰ ᠰᠠᠢᠬᠠᠨ ᠢᠶᠠᠷ ᠲᠡᠭᠦᠯᠳᠡᠷᠵᠢᠭᠰᠡᠨ ᠲᠠᠮᠠᠭ᠎ᠠ ᠴᠢ᠂
13 ᠴᠢ ᠪᠤᠷᠬᠠᠨ ᠤ ᠴᠡᠴᠡᠷᠯᠢᠭ ᠡᠳᠧᠨ ᠳᠤ ᠪᠠᠢᠬᠤ ᠳᠤ ᠪᠦᠬᠦ ᠲᠥᠷᠥᠯ ᠦᠨ ᠡᠷᠳᠡᠨᠢ ᠶᠢᠨ ᠴᠢᠯᠠᠭᠤ ᠴᠢᠮᠠᠶᠢ ᠴᠢᠮᠡᠪᠡ ᠪᠠᠳᠮᠠᠷᠠᠭ᠎ᠠ᠂ ᠮᠣᠯᠣᠷ᠂ ᠠᠯᠮᠠᠰ᠂ ᠪᠢᠳᠦᠷᠶ᠎ᠡ᠂ ᠰᠤᠳᠠᠯᠲᠤ ᠮᠠᠨᠤᠬᠤ᠂ ᠬᠠᠰ᠂ ᠢᠨᠳᠠᠷᠨᠢᠯᠠ᠂ ᠣᠭ᠍ᠶᠤ᠂ ᠨᠣᠮᠢᠨ᠂ ᠪᠦᠭᠦᠳᠡ ᠠᠯᠲᠠᠨ ᠬᠦᠷᠢᠶᠡᠨ ᠳᠦ ᠰᠢᠭᠢᠳᠬᠡᠭᠳᠡᠵᠦ ᠴᠢᠮᠠᠶᠢ ᠪᠦᠲᠦᠭᠡᠭᠰᠡᠨ ᠡᠳᠦᠷ ᠴᠢᠮ᠎ᠠ ᠳᠤ ᠰᠣᠶᠣᠷᠬᠠᠭᠳᠠᠭᠰᠠᠨ ᠶᠤᠮ᠃
14 ᠴᠢᠮᠠᠶᠢ ᠪᠢ ᠲᠣᠰᠣᠯᠠᠨ᠂ ᠬᠠᠮᠠᠭᠠᠯᠠᠭᠴᠢ ᠺᠧᠷᠣᠪ ᠢᠶᠠᠷ ᠲᠣᠮᠢᠯᠠᠭᠰᠠᠨ ᠴᠢ ᠪᠤᠷᠬᠠᠨ ᠤ ᠠᠷᠢᠭᠤᠨ ᠠᠭᠤᠯᠠᠨ ᠳᠤ ᠪᠠᠢᠵᠤ ᠭᠠᠯᠲᠤ ᠴᠢᠯᠠᠭᠤᠳ ᠤᠨ ᠳᠤᠮᠳᠠᠭᠤᠷ ᠶᠠᠪᠤᠵᠤ ᠪᠠᠢᠯ᠎ᠠ᠃
15 ᠪᠦᠲᠦᠭᠡᠭᠳᠡᠭᠰᠡᠨ ᠡᠳᠦᠷ ᠡᠴᠡ ᠪᠡᠨ ᠬᠣᠢᠰᠢ ᠴᠢᠨᠦ ᠵᠠᠮ ᠮᠥᠷ ᠥ ᠦᠭᠡᠢ ᠪᠠᠢᠭᠰᠠᠨ ᠴᠤ ᠬᠣᠵᠢᠮ ᠨᠢ ᠴᠢᠮ᠎ᠠ ᠠᠴᠠ ᠵᠥᠪ ᠪᠤᠰᠤ ᠶᠠᠪᠤᠳᠠᠯ ᠣᠯᠳᠠᠵᠠᠢ᠃
16 ᠠᠷᠠᠯᠵᠢᠶ᠎ᠠ ᠴᠢᠨᠢ ᠶᠡᠬᠡᠰᠬᠦ ᠳᠦ᠂ ᠴᠢ ᠬᠦᠴᠦᠷᠬᠡᠭᠯᠡᠯ ᠢᠶᠡᠷ ᠳᠦᠭᠦᠷᠴᠦ ᠨᠢᠭᠦᠯ ᠦᠢᠯᠡᠳᠦᠭᠰᠡᠨ ᠲᠤᠯᠠ ᠪᠤᠷᠬᠠᠨ ᠤ ᠠᠭᠤᠯᠠᠨ ᠠᠴᠠ ᠪᠢ ᠴᠢᠮᠠᠶᠢ ᠪᠤᠵᠠᠷᠲᠤᠭᠰᠠᠨ ᠶᠠᠭᠤᠮ᠎ᠠ ᠮᠡᠲᠦ ᠬᠠᠶᠠᠭᠰᠠᠨ ᠬᠠᠮᠠᠭᠠᠯᠠᠭᠴᠢ ᠺᠧᠷᠣᠪ ᠴᠢᠮᠠᠶᠢ ᠪᠢ ᠭᠠᠯᠲᠤ ᠴᠢᠯᠠᠭᠤᠳ ᠤᠨ ᠳᠤᠮᠳᠠ ᠠᠴᠠ ᠤᠰᠠᠳᠬᠠᠪᠠ᠃
17 ᠭᠣᠶᠣ ᠦᠵᠡᠰᠬᠦᠯᠡᠩ ᠡᠴᠡ ᠪᠡᠨ ᠪᠣᠯᠵᠤ ᠰᠡᠳᠬᠢᠯ ᠴᠢᠨᠢ ᠪᠠᠷᠳᠠᠮ ᠪᠣᠯᠪᠠ ᠰᠦᠷ ᠵᠢᠪᠬᠤᠯᠠᠩ ᠤᠨ ᠢᠶᠠᠨ ᠤᠯᠠᠮ ᠠᠴᠠ ᠴᠢ ᠴᠡᠴᠡᠨ ᠤᠬᠠᠭᠠᠨ ᠢᠶᠠᠨ ᠳᠣᠷᠣᠢᠲᠠᠭᠤᠯᠵᠠᠢ ᠪᠢ ᠴᠢᠮᠠᠶᠢ ᠭᠠᠵᠠᠷ ᠲᠤ ᠬᠠᠶᠠᠨ᠂ ᠬᠠᠭᠠᠳ ᠤᠨ ᠡᠮᠦᠨ᠎ᠡ ᠢᠯᠡᠴᠢᠯᠡᠵᠦ ᠲᠡᠳᠡᠨ ᠳᠦ ᠬᠠᠷᠠᠭᠤᠯᠤᠨ᠎ᠠ᠃
18 ᠣᠯᠠᠨ ᠨᠢᠭᠦᠯ᠂ ᠵᠥᠪ ᠪᠤᠰᠤ ᠬᠤᠳᠠᠯᠳᠤᠭ᠎ᠠ ᠪᠠᠷ ᠢᠶᠠᠨ ᠴᠢ ᠠᠷᠢᠭᠤᠨ ᠭᠠᠵᠠᠷ ᠤᠳ ᠢᠶᠠᠨ ᠪᠤᠵᠠᠷᠯᠠᠭᠰᠠᠨ ᠲᠤᠯᠠ ᠪᠢ ᠴᠢᠨᠦ ᠳᠣᠲᠣᠷ᠎ᠠ ᠠᠴᠠ ᠭᠠᠯ ᠭᠠᠷᠭᠠᠵᠤ᠂ ᠴᠢᠮᠠᠶᠢ ᠰᠢᠲᠠᠭᠠᠨ ᠬᠠᠷᠠᠳᠠᠭ ᠪᠦᠬᠦᠨ ᠦ ᠴᠢᠨᠢ ᠨᠢᠳᠦᠨ ᠳᠡᠭᠡᠷ᠎ᠡ ᠴᠢᠮᠠᠶᠢ ᠭᠠᠵᠠᠷ ᠤᠨ ᠦᠨᠡᠰᠦ ᠪᠣᠯᠭᠠᠪᠠ᠃
19 ᠴᠢᠮᠠᠶᠢ ᠲᠠᠨᠢᠳᠠᠭ ᠦᠨᠳᠦᠰᠦᠲᠡᠨ ᠪᠦᠷᠢ ᠴᠢᠮᠠᠶᠢ ᠬᠠᠷᠠᠭᠠᠳ ᠰᠣᠴᠢᠨ᠎ᠠ ᠴᠢ ᠠᠶᠤᠮᠰᠢᠭᠲᠠᠢ ᠪᠠᠷ ᠡᠴᠦᠰᠯᠡᠵᠦ᠂ ᠡᠭᠦᠷᠢᠳᠡ ᠠᠯᠠᠭ᠎ᠠ ᠪᠣᠯᠣᠨ᠎ᠠ᠃〉》
 ᠰᠢᠢᠳᠣᠨ ᠤ ᠲᠤᠬᠠᠢ ᠡᠰᠢ ᠦᠵᠡᠭᠦᠯᠦᠯᠭᠡ

20 ᠶᠣᠬᠣᠸᠠ ᠶᠢᠨ ᠦᠭᠡ ᠨᠠᠳᠠ ᠳᠤ ᠢᠷᠡᠪᠡ᠄
21 《ᠬᠥᠮᠦᠨ ᠦ ᠬᠦᠦ ᠡ᠂ ᠰᠢᠢᠳᠣᠨ ᠤ ᠵᠦᠭ ᠨᠢᠭᠤᠷ ᠢᠶᠠᠨ ᠬᠠᠨᠳᠤᠭᠤᠯᠤᠨ ᠲᠡᠭᠦᠨ ᠦ ᠡᠰᠡᠷᠭᠦ ᠡᠰᠢ ᠦᠵᠡᠭᠦᠯ᠄
22 ᠶᠣᠬᠣᠸᠠ ᠪᠤᠷᠬᠠᠨ ᠡᠢᠨ ᠬᠦ ᠠᠢᠯᠠᠳᠴᠤ ᠪᠠᠢᠨ᠎ᠠ᠄ 〈ᠬᠠᠷᠠ᠂ ᠰᠢᠢᠳᠣᠨ ᠡ᠂ ᠪᠢ ᠴᠢᠨᠦ ᠡᠰᠡᠷᠭᠦ ᠪᠠᠢᠨ᠎ᠠ ᠴᠢᠨᠦ ᠳᠣᠲᠣᠷ᠎ᠠ ᠪᠢ ᠥᠪᠡᠷ ᠦᠨ ᠢᠶᠠᠨ ᠠᠯᠳᠠᠷ ᠢ ᠬᠠᠷᠠᠭᠤᠯᠤᠨ᠎ᠠ᠂〉 ᠲᠡᠭᠦᠨ ᠳᠦ ᠪᠢ ᠰᠢᠳᠬᠡᠯ ᠪᠠᠭᠤᠯᠭᠠᠨ᠂ ᠲᠡᠭᠦᠨ ᠳᠦ ᠠᠷᠢᠭᠤᠨ ᠪᠠᠢᠳᠠᠯ ᠢᠶᠠᠨ ᠦᠵᠡᠭᠦᠯᠬᠦ ᠳᠦ᠂ ᠲᠡᠳᠡ ᠨᠠᠮᠠᠶᠢ ᠶᠣᠬᠣᠸᠠ ᠭᠡᠳᠡᠭ ᠢ ᠮᠡᠳᠡᠬᠦ ᠪᠣᠯᠣᠨ᠎ᠠ᠃
23 ᠲᠡᠭᠦᠨ ᠤᠷᠤᠭᠤ ᠪᠢ ᠲᠠᠬᠤᠯ ᠢᠯᠡᠭᠡᠵᠦ᠂ ᠭᠤᠳᠤᠮᠵᠢᠨ ᠳᠤᠨᠢ ᠴᠢᠰᠤ ᠤᠷᠤᠰᠬᠠᠨ᠎ᠠ ᠲᠠᠯ᠎ᠠ ᠪᠦᠷᠢ ᠡᠴᠡ ᠢᠷᠡᠬᠦ ᠢᠯᠳᠦᠨ ᠳᠦ ᠰᠢᠷᠬᠠᠲᠤᠭᠰᠠᠳ ᠲᠡᠭᠦᠨ ᠦ ᠳᠣᠲᠣᠷ᠎ᠠ ᠤᠨᠠᠬᠤ ᠳᠤ ᠲᠡᠳᠡ ᠨᠠᠮᠠᠶᠢ ᠶᠣᠬᠣᠸᠠ ᠭᠡᠳᠡᠭ ᠢ ᠮᠡᠳᠡᠬᠦ ᠪᠣᠯᠣᠨ᠎ᠠ᠃

24 ᠲᠡᠢᠨ ᠬᠦ ᠢᠰᠷᠧᠯ ᠤᠨ ᠭᠡᠷ ᠦᠨ ᠬᠢᠨ ᠢ ᠬᠠᠳᠬᠤᠬᠤ ᠥᠷᠭᠡᠰᠦ᠂ ᠡᠪᠡᠳᠬᠡᠬᠦ ᠦᠭᠦᠷᠭᠡᠨ᠎ᠡ᠂ ᠵᠢᠭᠰᠢᠬᠦ ᠬᠥᠷᠰᠢ ᠪᠠᠢᠬᠤ ᠦᠭᠡᠢ ᠪᠣᠯᠬᠤ ᠳᠤ ᠲᠡᠳᠡ ᠨᠠᠮᠠᠶᠢ ᠡᠵᠡᠨ ᠶᠣᠬᠣᠸᠠ ᠭᠡᠳᠡᠭ ᠢ ᠮᠡᠳᠡᠬᠦ ᠪᠣᠯᠣᠨ᠎ᠠ᠃

25 ᠶᠣᠬᠣᠸᠠ ᠪᠤᠷᠬᠠᠨ ᠡᠢᠨ ᠬᠦ ᠠᠢᠯᠠᠳᠴᠤ ᠪᠠᠢᠨ᠎ᠠ᠄ 〈ᠪᠢ ᠢᠰᠷᠧᠯ ᠤᠨ ᠭᠡᠷ ᠦᠨ ᠬᠢᠨ ᠢ ᠲᠠᠷᠬᠠᠨ ᠣᠴᠢᠭᠰᠠᠨ ᠭᠦᠷᠦᠨ ᠨᠦᠭᠦᠳ ᠡᠴᠡ ᠨᠢ ᠴᠤᠭᠯᠠᠭᠤᠯᠵᠤ᠂ ᠦᠨᠳᠦᠰᠦᠲᠡᠨ ᠨᠦᠭᠦᠳ ᠦᠨ ᠨᠢᠳᠦᠨ ᠦ ᠡᠮᠦᠨ᠎ᠡ ᠲᠡᠳᠡᠨ ᠦ ᠳᠤᠮᠳᠠ ᠠᠷᠢᠭᠤᠨ ᠪᠠᠢᠳᠠᠯ ᠢᠶᠠᠨ ᠬᠠᠷᠠᠭᠤᠯᠤᠨ᠎ᠠ᠂ ᠲᠡᠭᠡᠬᠦ ᠳᠦ ᠲᠡᠳᠡ ᠥᠪᠡᠷᠰᠡᠳ ᠦᠨ ᠢᠶᠠᠨ ᠨᠤᠲᠤᠭ᠂ ᠮᠢᠨᠦ ᠵᠠᠷᠤᠴᠠ ᠶᠠᠺᠣᠪ ᠲᠠᠭᠠᠨ ᠥᠭᠭᠥᠭᠰᠡᠨ ᠨᠤᠲᠤᠭ ᠲᠤ ᠰᠠᠭᠤᠬᠤ ᠪᠣᠯᠣᠨ᠎ᠠ᠃ 26 ᠲᠡᠳᠡ ᠪᠠᠢᠰᠢᠩ ᠪᠠᠷᠢᠵᠤ᠂ ᠦᠵᠦᠮ ᠦᠨ ᠴᠡᠴᠡᠷᠯᠢᠭ ᠪᠠᠢᠭᠤᠯᠤᠨ᠂ ᠲᠡᠨᠳᠡ ᠠᠶᠤᠯ ᠦᠭᠡᠢ ᠠᠮᠢᠳᠤᠷᠠᠨ᠎ᠠ᠃ ᠵᠢᠭ᠍ᠰᠢᠭ᠍ᠴᠢ ᠬᠥᠷᠰᠢ ᠪᠣᠯᠭᠠᠨ ᠢ ᠨᠢ ᠪᠢ ᠰᠢᠭᠦᠬᠦ ᠴᠠᠭ ᠲᠤ᠂ ᠲᠡᠳᠡ ᠠᠶᠤᠯ ᠦᠭᠡᠢ ᠠᠮᠢᠳᠤᠷᠠᠨ᠎ᠠ᠃ ᠲᠡᠭᠡᠭᠡᠳ ᠲᠡᠳᠡ ᠨᠠᠮᠠᠶᠢ ᠥᠪᠡᠷᠰᠡᠳ ᠦᠨ ᠢᠶᠠᠨ ᠪᠤᠷᠬᠠᠨ ᠶᠣᠬᠣᠸᠠ ᠭᠡᠳᠡᠭ ᠢ ᠮᠡᠳᠡᠬᠦ ᠪᠣᠯᠣᠨ᠎ᠠ᠃〉》