ᠡᠽᠧᠺᠢᠶᠧᠯ ᠠᠷᠪᠠ
ᠶᠣᠬᠣᠸᠠ ᠶᠢᠨ ᠵᠢᠪᠬᠤᠯᠠᠩ ᠥᠷᠭᠥᠭᠡᠨ ᠡᠴᠡ ᠬᠣᠯᠠᠳᠠᠪᠠ
1 ᠲᠡᠭᠡᠲᠡᠯ᠎ᠡ ᠪᠢ ᠺᠧᠷᠣᠪ ᠤᠳ ᠤᠨ ᠲᠣᠯᠣᠭᠠᠢ ᠳᠡᠭᠡᠷᠡᠬᠢ ᠲᠣᠭᠣᠷᠠᠭ ᠣᠷᠣᠢ ᠳᠡᠭᠡᠭᠦᠷ ᠢᠨᠳᠠᠷᠨᠢᠯᠠ ᠴᠢᠯᠠᠭᠤ ᠮᠡᠲᠦ᠂ ᠰᠡᠨᠲᠢ ᠮᠡᠲᠦ ᠳᠦᠷᠰᠦ ᠶᠢ ᠬᠠᠷᠠᠪᠠ᠃ 2 ᠶᠣᠬᠣᠸᠠ ᠨᠥᠭᠥᠭᠡ ᠮᠠᠭᠠᠯᠢᠩ᠋ᠭᠤᠨ ᠬᠤᠪᠴᠠᠰᠤ ᠡᠮᠦᠰᠦᠭᠰᠡᠨ ᠬᠥᠮᠦᠨ ᠳᠦ᠄ 《ᠴᠢ ᠺᠧᠷᠣᠪ ᠤᠳ ᠤᠨ ᠳᠣᠣᠷ᠎ᠠ ᠪᠤᠢ ᠬᠦᠷᠳᠦ ᠨᠦᠭᠦᠳ ᠦᠨ ᠬᠣᠭᠣᠷᠣᠨᠳᠣ ᠣᠷᠣᠭᠠᠳ᠂ ᠺᠧᠷᠣᠪ ᠤᠳ ᠤᠨ ᠳᠤᠮᠳᠠ ᠠᠴᠠ ᠠᠳᠬᠤ ᠳᠦᠭᠦᠷᠡᠩ ᠭᠠᠯ ᠲᠠᠢ ᠨᠡᠭᠦᠷᠡᠰᠦ ᠠᠪᠴᠤ᠂ ᠬᠣᠲᠠ ᠶᠢᠨ ᠳᠡᠭᠡᠭᠦᠷ ᠰᠠᠴᠤ》 ᠭᠡᠵᠦ ᠠᠢᠯᠠᠳᠤᠭᠰᠠᠨ ᠳᠤ᠂ ᠲᠡᠷᠡ ᠪᠡᠷ ᠮᠢᠨᠦ ᠨᠢᠳᠦᠨ ᠦ ᠡᠮᠦᠨ᠎ᠡ ᠳᠣᠲᠣᠭᠰᠢ ᠣᠷᠣᠪᠠ᠃ 3 ᠲᠡᠷᠡ ᠬᠥᠮᠦᠨ ᠣᠷᠣᠬᠤ ᠳᠤ᠂ ᠥᠷᠭᠥᠭᠡᠨ ᠦ ᠡᠮᠦᠨ᠎ᠡ ᠲᠠᠯ᠎ᠠ ᠳᠤ ᠺᠧᠷᠣᠪ ᠤᠳ ᠵᠣᠭᠰᠣᠵᠤ᠂ ᠳᠣᠲᠣᠭᠠᠳᠤ ᠬᠦᠷᠢᠶ᠎ᠡ ᠡᠭᠦᠯᠡ ᠪᠡᠷ ᠳᠦᠭᠦᠷᠦᠭᠰᠡᠨ ᠪᠠᠢᠪᠠ᠃ 4 ᠶᠣᠬᠣᠸᠠ ᠶᠢᠨ ᠴᠣᠭ ᠵᠢᠪᠬᠤᠯᠠᠩ ᠨᠥᠭᠥᠭᠡ ᠺᠧᠷᠣᠪ ᠠᠴᠠ ᠳᠡᠭᠡᠭᠰᠢᠯᠡᠨ᠂ ᠥᠷᠭᠥᠭᠡᠨ ᠦ ᠪᠣᠱᠣᠭ᠎ᠠ ᠳᠡᠭᠡᠷ᠎ᠡ ᠲᠣᠭᠲᠠᠬᠤ ᠳᠤ᠂ ᠥᠷᠭᠥᠭᠡ ᠡᠭᠦᠯᠡ ᠪᠡᠷ ᠳᠦᠭᠦᠷᠴᠦ᠂ ᠬᠦᠷᠢᠶ᠎ᠡ ᠶᠣᠬᠣᠸᠠ ᠶᠢᠨ ᠴᠣᠭ ᠵᠢᠪᠬᠤᠯᠠᠩ ᠤᠨ ᠲᠤᠶᠠᠭ᠎ᠠ ᠪᠠᠷ ᠳᠦᠭᠦᠷᠪᠡ᠃ 5 ᠺᠧᠷᠣᠪ ᠤᠳ ᠤᠨ ᠳᠠᠯᠠᠪᠴᠢᠨ ᠤ ᠴᠢᠮᠡᠭᠡ ᠭᠠᠳᠠᠨᠠᠬᠢ ᠬᠦᠷᠢᠶᠡᠨ ᠳᠦ ᠬᠦᠷᠲᠡᠯ᠎ᠡ ᠰᠣᠨᠣᠰᠳᠠᠪᠠ᠃ ᠲᠡᠷᠡ ᠨᠢ ᠲᠡᠭᠦᠰ ᠬᠦᠴᠦᠲᠦ ᠪᠤᠷᠬᠠᠨ ᠤ ᠶᠠᠷᠢᠬᠤ ᠳᠠᠭᠤ ᠮᠡᠲᠦ ᠪᠠᠢᠯ᠎ᠠ᠃
6 ᠶᠣᠬᠣᠸᠠ ᠮᠠᠭᠠᠯᠢᠩ᠋ᠭᠤᠨ ᠬᠤᠪᠴᠠᠰᠤ ᠡᠮᠦᠰᠦᠭᠰᠡᠨ ᠬᠥᠮᠦᠨ ᠳᠦ᠄ 《ᠺᠧᠷᠣᠪ ᠤᠳ ᠤᠨ ᠳᠣᠣᠷᠠᠬᠢ ᠬᠦᠷᠳᠦ ᠨᠦᠭᠦᠳ ᠦᠨ ᠳᠤᠮᠳᠠ ᠠᠴᠠ ᠭᠠᠯ ᠠᠪ》 ᠭᠡᠰᠡᠨ ᠳᠦ᠂ ᠲᠡᠷᠡ ᠳᠣᠲᠣᠭᠰᠢ ᠣᠷᠣᠵᠤ᠂ ᠬᠦᠷᠳᠦ ᠶᠢᠨ ᠳᠡᠷᠭᠡᠳᠡ ᠵᠣᠭᠰᠣᠯ᠎ᠠ᠃ 7 ᠨᠢᠭᠡ ᠺᠧᠷᠣᠪ ᠨᠢ ᠺᠧᠷᠣᠪ ᠤᠳ ᠤᠨ ᠳᠤᠮᠳᠠ ᠠᠴᠠ ᠭᠠᠷ ᠢᠶᠠᠨ ᠰᠤᠩ᠋ᠭᠠᠵᠤ ᠺᠧᠷᠣᠪ ᠤᠳ ᠤᠨ ᠬᠣᠭᠣᠷᠣᠨᠳᠣᠬᠢ ᠭᠠᠯ ᠠᠴᠠ ᠠᠪᠴᠤ᠂ ᠮᠠᠭᠠᠯᠢᠩ᠋ᠭᠤᠨ ᠬᠤᠪᠴᠠᠰᠤ ᠡᠮᠦᠰᠦᠭᠰᠡᠨ ᠬᠥᠮᠦᠨ ᠦ ᠬᠣᠶᠠᠷ ᠭᠠᠷ ᠳᠡᠭᠡᠷ᠎ᠡ ᠲᠠᠯᠪᠢᠭᠰᠠᠨ ᠳᠤ᠂ ᠲᠡᠷᠡ ᠠᠪᠤᠭᠠᠳ ᠭᠠᠷᠪᠠ᠃ 8 ᠢᠩᠭᠢᠬᠦ ᠳᠦ ᠺᠧᠷᠣᠪ ᠤᠳ ᠤᠨ ᠳᠠᠯᠠᠪᠴᠢᠨ ᠤ ᠳᠣᠣᠷ᠎ᠠ ᠬᠥᠮᠦᠨ ᠦ ᠭᠠᠷ ᠮᠡᠲᠦ ᠳᠦᠷᠰᠦ ᠬᠠᠷᠠᠭᠳᠠᠵᠠᠢ᠃
9 ᠪᠢ ᠬᠠᠷᠠᠬᠤ ᠳᠤ᠂ ᠺᠧᠷᠣᠪ ᠤᠳ ᠤᠨ ᠳᠡᠷᠭᠡᠳᠡ ᠳᠥᠷᠪᠡᠨ ᠬᠦᠷᠳᠦ᠂ ᠺᠧᠷᠣᠪ ᠪᠣᠯᠭᠠᠨ ᠤ ᠳᠡᠷᠭᠡᠳᠡ ᠨᠢᠭᠡ ᠬᠦᠷᠳᠦ ᠪᠠᠢᠵᠠᠢ᠃ ᠬᠦᠷᠳᠦ ᠨᠦᠭᠦᠳ ᠪᠢᠳᠦᠷᠶ᠎ᠡ ᠮᠡᠲᠦ ᠭᠢᠯᠪᠠᠭ᠎ᠠ ᠲᠠᠢ ᠪᠠᠢᠯ᠎ᠠ᠃ 10 ᠲᠥᠷᠬᠥ ᠨᠢ ᠭᠡᠪᠡᠯ᠂ ᠲᠡᠳᠡ ᠳᠥᠷᠪᠡᠭᠦᠯᠡ ᠠᠳᠠᠯᠢᠬᠠᠨ ᠪᠥᠭᠡᠳ ᠨᠢᠭᠡ ᠬᠦᠷᠳᠦ ᠨᠢ ᠨᠥᠭᠥᠭᠡ ᠬᠦᠷᠳᠦ ᠶᠢᠨ ᠳᠣᠲᠣᠷ᠎ᠠ ᠪᠠᠢᠭ᠎ᠠ ᠮᠡᠲᠦ᠃ 11 ᠲᠡᠳᠡ ᠬᠥᠳᠡᠯᠬᠦ ᠳᠡᠭᠡᠨ᠂ ᠺᠧᠷᠣᠪ ᠤᠳ ᠤᠨ ᠴᠢᠭᠯᠡᠭᠰᠡᠨ ᠶᠣᠰᠣᠭᠠᠷ ᠳᠥᠷᠪᠡᠨ ᠵᠦᠭ ᠦᠨ ᠠᠯᠢ ᠨᠢᠭᠡ ᠲᠡᠰᠢ ᠶᠠᠪᠤᠵᠤ ᠪᠠᠢᠯ᠎ᠠ᠃ ᠺᠧᠷᠣᠪ ᠤᠳ ᠶᠠᠪᠤᠬᠤ ᠳᠤ᠂ ᠬᠦᠷᠳᠦ ᠨᠦᠭᠦᠳ ᠨᠢ ᠡᠷᠭᠢᠵᠦ᠂ ᠺᠧᠷᠣᠪ ᠤᠳ ᠲᠣᠯᠣᠭᠠᠢ ᠶᠢᠨ ᠢᠶᠠᠨ ᠴᠢᠭᠯᠡᠭᠰᠡᠨ ᠵᠦᠭ ᠶᠠᠪᠤᠵᠤ᠂ ᠶᠠᠪᠤᠬᠤ ᠳᠠᠭᠠᠨ ᠡᠷᠭᠢᠬᠦ ᠦᠭᠡᠢ ᠪᠠᠢᠯ᠎ᠠ᠃ 12 ᠲᠡᠳᠡᠨ ᠦ ᠪᠦᠲᠦᠨ ᠪᠡᠶ᠎ᠡ᠂ ᠨᠢᠷᠤᠭᠤ᠂ ᠭᠠᠷ᠂ ᠳᠠᠯᠠᠪᠴᠢ᠂ ᠬᠦᠷᠳᠦᠨ ᠳᠡᠭᠡᠷ᠎ᠡ ᠳᠦᠭᠦᠷᠡᠩ ᠨᠢᠳᠦ ᠲᠠᠢ᠃ ᠳᠥᠷᠪᠡᠨ ᠺᠧᠷᠣᠪ ᠶᠢᠨ ᠬᠦᠷᠳᠦ ᠨᠦᠭᠦᠳ ᠦᠨ ᠡᠷᠭᠢᠨ ᠲᠣᠭᠣᠷᠢᠨ ᠳᠤ ᠴᠤ ᠡᠢᠮᠦ ᠪᠠᠢᠪᠠ᠃ 13 ᠨᠥᠭᠥᠭᠡ ᠬᠦᠷᠳᠦ ᠨᠦᠭᠦᠳ ᠢ 《ᠡᠷᠭᠢᠯᠳᠦᠭᠦᠷ》 ᠭᠡᠵᠦ ᠳᠠᠭᠤᠳᠠᠬᠤ ᠨᠢ ᠨᠠᠳᠠ ᠳᠤ ᠰᠣᠨᠣᠰᠳᠠᠪᠠ᠃ 14 ᠺᠧᠷᠣᠪ ᠪᠦᠷᠢ ᠳᠥᠷᠪᠡᠨ ᠨᠢᠭᠤᠷ ᠲᠠᠢ᠃ ᠡᠬᠢᠨ ᠤ ᠨᠢᠭᠤᠷ ᠨᠢ ᠺᠧᠷᠣᠪ ᠤᠨ᠂ ᠬᠣᠶᠠᠳᠠᠬᠢ ᠨᠢ ᠬᠥᠮᠦᠨ ᠦ᠂ ᠭᠤᠷᠪᠠᠳᠠᠬᠢ ᠨᠢ ᠠᠷᠰᠯᠠᠨ ᠤ ᠪᠥᠭᠡᠳ ᠳᠥᠷᠪᠡᠳᠡᠬᠢ ᠨᠢ ᠪᠦᠷᠭᠦᠳ ᠦᠨ ᠬᠢ ᠪᠠᠢᠪᠠ᠃
15 ᠺᠧᠷᠣᠪ ᠤᠳ ᠳᠡᠭᠡᠭᠰᠢᠯᠡᠪᠡ᠃ ᠲᠡᠳᠡ ᠪᠣᠯ ᠺᠧᠪᠠᠷ ᠭᠣᠣᠯ ᠤᠨ ᠳᠡᠷᠭᠡᠳᠡ ᠮᠢᠨᠦ ᠦᠵᠡᠭᠰᠡᠨ ᠨᠥᠭᠥᠭᠡ ᠠᠮᠢᠳᠤ ᠪᠡᠶᠡᠲᠡᠳ ᠪᠠᠢᠯ᠎ᠠ᠃ 16 ᠺᠧᠷᠣᠪ ᠤᠳ ᠬᠥᠳᠡᠯᠬᠦ ᠳᠦ᠂ ᠬᠦᠷᠳᠦ ᠨᠦᠭᠦᠳ ᠴᠤ ᠳᠡᠷᠭᠡᠳᠡ ᠨᠢ ᠬᠥᠳᠡᠯᠦᠨ᠎ᠡ᠃ ᠺᠧᠷᠣᠪ ᠤᠳ ᠳᠠᠯᠠᠪᠴᠢ ᠪᠠᠨ ᠳᠡᠯᠭᠡᠵᠦ ᠭᠠᠵᠠᠷ ᠠᠴᠠ ᠬᠥᠭᠡᠷᠬᠦ ᠳᠦ᠂ ᠬᠦᠷᠳᠦ ᠨᠦᠭᠦᠳ ᠳᠡᠷᠭᠡᠳᠡ ᠡᠴᠡ ᠨᠢ ᠰᠠᠯᠳᠠᠭ ᠦᠭᠡᠢ᠃ 17 ᠺᠧᠷᠣᠪ ᠤᠳ ᠵᠣᠭᠰᠣᠬᠤ ᠳᠤ᠂ ᠬᠦᠷᠳᠦ ᠨᠦᠭᠦᠳ ᠵᠣᠭᠰᠣᠨ᠎ᠠ᠂ ᠬᠥᠭᠡᠷᠬᠦ ᠳᠦ᠂ ᠬᠦᠷᠳᠦ ᠨᠦᠭᠦᠳ ᠴᠤ ᠬᠠᠮᠲᠤ ᠬᠥᠭᠡᠷᠦᠨ᠎ᠡ᠃ ᠤᠴᠢᠷ ᠨᠢ ᠠᠮᠢᠳᠤ ᠪᠡᠶᠡᠲᠡᠳ ᠦᠨ ᠰᠦᠨᠡᠰᠦ ᠲᠡᠳᠡᠨ ᠦ ᠳᠣᠲᠣᠷ᠎ᠠ ᠪᠤᠢ᠃
18 ᠶᠣᠬᠣᠸᠠ ᠶᠢᠨ ᠴᠣᠭ ᠵᠢᠪᠬᠤᠯᠠᠩ ᠥᠷᠭᠥᠭᠡᠨ ᠦ ᠪᠣᠱᠣᠭᠠᠨ ᠠᠴᠠ ᠰᠠᠯᠵᠤ᠂ ᠺᠧᠷᠣᠪ ᠤᠳ ᠤᠨ ᠳᠡᠭᠡᠷ᠎ᠡ ᠲᠣᠭᠲᠠᠪᠠ᠃ 19 ᠲᠡᠭᠡᠬᠦ ᠳᠦ ᠺᠧᠷᠣᠪ ᠤᠳ ᠨᠢ ᠳᠠᠯᠠᠪᠴᠢ ᠪᠠᠨ ᠳᠡᠯᠭᠡᠨ ᠮᠢᠨᠦ ᠨᠢᠳᠦᠨ ᠦ ᠡᠮᠦᠨ᠎ᠡ ᠭᠠᠵᠠᠷ ᠠᠴᠠ ᠬᠥᠭᠡᠷᠪᠡ᠃ ᠲᠡᠳᠡ ᠬᠥᠭᠡᠷᠬᠦ ᠳᠦ᠂ ᠬᠦᠷᠳᠦ ᠨᠦᠭᠦᠳ ᠴᠤ ᠬᠠᠮᠲᠤ ᠬᠥᠭᠡᠷᠪᠡ᠃ ᠢᠩᠭᠢᠭᠡᠳ ᠲᠡᠳᠡ ᠶᠣᠬᠣᠸᠠ ᠶᠢᠨ ᠥᠷᠭᠥᠭᠡᠨ ᠦ ᠵᠡᠭᠦᠨ ᠬᠠᠭᠠᠯᠭᠠᠨ ᠳᠤ ᠵᠣᠭᠰᠣᠯ᠎ᠠ᠃ ᠢᠰᠷᠧᠯ ᠤᠨ ᠪᠤᠷᠬᠠᠨ ᠤ ᠴᠣᠭ ᠵᠢᠪᠬᠤᠯᠠᠩ ᠲᠡᠳᠡᠨ ᠦ ᠳᠡᠭᠡᠷ᠎ᠡ ᠪᠠᠢᠪᠠ᠃
20 ᠲᠡᠳᠡᠭᠡᠷ ᠨᠢ ᠺᠧᠪᠠᠷ ᠭᠣᠣᠯ ᠤᠨ ᠳᠡᠷᠭᠡᠳᠡ ᠢᠰᠷᠧᠯ ᠤᠨ ᠪᠤᠷᠬᠠᠨ ᠤ ᠳᠣᠣᠷ᠎ᠠ ᠮᠢᠨᠦ ᠦᠵᠡᠭᠰᠡᠨ ᠨᠥᠭᠥᠭᠡ ᠠᠮᠢᠳᠤ ᠪᠡᠶᠡᠲᠡᠳ ᠪᠠᠢᠯ᠎ᠠ᠃ ᠪᠢ ᠲᠡᠷᠡ ᠠᠮᠢᠳᠤ ᠪᠡᠶᠡᠲᠡᠳ ᠨᠢ ᠺᠧᠷᠣᠪ ᠤᠳ ᠪᠣᠯᠬᠤ ᠶᠢ ᠮᠡᠳᠡᠪᠡ᠃ 21 ᠲᠡᠳᠡ ᠲᠤᠰ ᠪᠦᠷᠢ ᠳᠥᠷᠪᠡᠨ ᠨᠢᠭᠤᠷ ᠲᠠᠢ᠂ ᠳᠥᠷᠪᠡᠨ ᠳᠠᠯᠠᠪᠴᠢ ᠲᠠᠢ ᠪᠠᠢᠪᠠ᠂ ᠳᠠᠯᠠᠪᠴᠢᠨ ᠳᠣᠣᠷ᠎ᠠ ᠪᠠᠨ ᠬᠥᠮᠦᠨ ᠦ ᠭᠠᠷ ᠮᠡᠲᠦ ᠶᠠᠭᠤᠮ᠎ᠠ ᠲᠠᠢ ᠪᠠᠢᠪᠠ᠃ 22 ᠲᠡᠳᠡᠨ ᠦ ᠨᠢᠭᠤᠷ ᠴᠤ ᠺᠧᠪᠠᠷ ᠭᠣᠣᠯ ᠤᠨ ᠳᠡᠷᠭᠡᠳᠡ ᠮᠢᠨᠦ ᠦᠵᠡᠭᠰᠡᠨ ᠨᠢᠭᠤᠷ ᠲᠠᠢ ᠠᠳᠠᠯᠢ ᠬᠠᠷᠠᠭᠳᠠᠵᠤ᠂ ᠲᠤᠰ ᠪᠦᠷᠢ ᠴᠢᠭ ᠢᠶᠠᠷ ᠢᠶᠠᠨ ᠤᠷᠤᠭᠰᠢᠯᠠᠵᠤ ᠪᠠᠢᠪᠠ᠃