ᠡᠽᠧᠺᠢᠶᠧᠯ ᠭᠤᠴᠢᠨ ᠵᠢᠷᠭᠤᠭ᠎ᠠ
ᠢᠰᠷᠧᠯ ᠤᠨ ᠠᠭᠤᠯᠠᠰ ᠤᠨ ᠲᠤᠬᠠᠢ ᠡᠰᠢ ᠦᠵᠡᠭᠦᠯᠦᠯᠭᠡ
1 ᠬᠥᠮᠦᠨ ᠦ ᠬᠦᠦ ᠢᠰᠷᠧᠯ ᠤᠨ ᠠᠭᠤᠯᠠᠰ ᠲᠤ ᠡᠰᠢ ᠦᠵᠡᠭᠦᠯᠦᠨ ᠶᠠᠷᠢ᠄ 《ᠢᠰᠷᠧᠯ ᠤᠨ ᠠᠭᠤᠯᠠᠰ ᠡ᠂ ᠶᠣᠬᠣᠸᠠ ᠶᠢᠨ ᠦᠭᠡ ᠶᠢ ᠰᠣᠨᠣᠰ᠃ 2 ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠂ ᠳᠠᠢᠰᠤᠨ ᠴᠢᠨᠦ ᠲᠤᠬᠠᠢ᠄ 〈ᠬᠠ ᠬᠠ᠂ ᠡᠷᠲᠡᠨ ᠦ ᠥᠨᠳᠥᠷᠯᠢᠭ ᠤᠳ ᠪᠢᠳᠡᠨ ᠦ ᠥᠮᠴᠢ ᠪᠣᠯᠵᠠᠢ〉 ᠭᠡᠯᠴᠡᠳᠡᠭ᠃ 3 ᠲᠡᠢᠮᠦ ᠡᠴᠡ ᠴᠢ ᠡᠰᠢ ᠦᠵᠡᠭᠦᠯᠦᠨ ᠶᠠᠷᠢ᠂ ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 〈ᠲᠡᠳᠡ ᠲᠠ ᠨᠠᠷ ᠢ ᠬᠣᠭᠣᠰᠣᠷᠠᠭᠤᠯᠵᠤ᠂ ᠲᠠᠯ᠎ᠠ ᠪᠦᠷᠢ ᠡᠴᠡ ᠴᠢᠨᠢ ᠭᠢᠰᠬᠢᠯᠡᠨ᠂ ᠪᠤᠰᠤᠳ ᠦᠨᠳᠦᠰᠦᠲᠡᠨ ᠨᠦᠭᠦᠳ ᠦᠨ ᠥᠮᠴᠢ᠂ ᠬᠥᠮᠦᠰ ᠦᠨ ᠠᠮᠠᠨ ᠤ ᠵᠤᠭ᠎ᠠ᠂ ᠳᠣᠷᠣᠮᠵᠢᠯᠠᠯ ᠪᠣᠯᠭᠠᠵᠠᠢ᠃〉》 4 ᠲᠡᠢᠮᠦ ᠡᠴᠡ ᠢᠰᠷᠧᠯ ᠤᠨ ᠠᠭᠤᠯᠠᠰ ᠡ᠂ ᠡᠵᠡᠨ ᠶᠣᠬᠣᠸᠠ ᠶᠢᠨ ᠦᠭᠡ ᠶᠢ ᠰᠣᠨᠣᠰ᠃ ᠡᠵᠡᠨ ᠶᠣᠬᠣᠸᠠ ᠠᠭᠤᠯᠠ ᠲᠣᠯᠣᠭᠠᠳ ᠲᠤ᠂ ᠵᠢᠯᠠᠭ᠎ᠠ ᠬᠥᠨᠳᠡᠢ ᠨᠦᠭᠦᠳ ᠲᠦ᠂ ᠡᠵᠡᠭᠦᠢᠷᠡᠭᠰᠡᠨ ᠪᠠᠯᠭᠠᠰᠤ ᠨᠤᠭᠤᠳ ᠲᠤ᠂ ᠮᠥᠨ ᠡᠷᠭᠢᠨ ᠲᠣᠭᠣᠷᠢᠨ ᠤ ᠪᠤᠰᠤᠳ ᠦᠨᠳᠦᠰᠦᠲᠡᠨ ᠨᠦᠭᠦᠳ ᠦᠨ ᠣᠯᠵᠠ ᠪᠣᠯᠣᠨ ᠳᠣᠭᠣᠭᠢ ᠲᠣᠬᠣᠭᠤ ᠪᠣᠯᠣᠭᠰᠠᠨ ᠬᠠᠶᠠᠭᠳᠠᠮᠠᠯ ᠬᠣᠲᠠ ᠨᠤᠭᠤᠳ ᠲᠤ ᠬᠠᠨᠳᠤᠨ ᠡᠢᠨ ᠬᠦ ᠠᠢᠯᠠᠳᠴᠤ ᠪᠠᠢᠨ᠎ᠠ᠃ 5 ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 《ᠭᠠᠯ ᠮᠡᠲᠦ ᠵᠢᠳᠬᠦᠯ ᠢᠶᠡᠷ ᠪᠢ ᠪᠤᠰᠤᠳ ᠦᠨᠳᠦᠰᠦᠲᠡᠨ ᠨᠦᠭᠦᠳ᠂ ᠪᠦᠬᠦ ᠡᠳᠣᠮ ᠤᠨ ᠡᠰᠡᠷᠭᠦ ᠶᠠᠷᠢᠶ᠎ᠠ᠃ ᠤᠴᠢᠷ ᠨᠢ ᠲᠡᠳᠡ ᠮᠢᠨᠦ ᠨᠤᠲᠤᠭ ᠢ ᠡᠵᠡᠮᠰᠢᠬᠦ ᠭᠡᠵᠦ ᠵᠢᠷᠦᠬᠡᠨ ᠦ ᠤᠭ ᠠᠴᠠ ᠪᠠᠨ ᠪᠠᠶᠠᠷᠯᠠᠨ᠂ ᠰᠡᠳᠬᠢᠯ ᠳᠡᠭᠡᠨ ᠪᠠᠰᠤᠮᠵᠢᠯᠠᠵᠤ᠂ ᠲᠡᠭᠦᠨ ᠦ ᠪᠡᠯᠴᠢᠭᠡᠷ ᠢ ᠳᠡᠭᠡᠷᠡᠮᠳᠡᠭᠰᠡᠨ᠃》 6 ᠲᠡᠢᠮᠦ ᠡᠴᠡ ᠴᠢ ᠢᠰᠷᠧᠯ ᠤᠨ ᠨᠤᠲᠤᠭ ᠤᠨ ᠲᠤᠬᠠᠢ ᠡᠰᠢ ᠦᠵᠡᠭᠦᠯᠵᠦ᠂ ᠠᠭᠤᠯᠠ ᠲᠣᠯᠣᠭᠠᠳ ᠪᠠ ᠵᠢᠯᠠᠭ᠎ᠠ ᠬᠥᠨᠳᠡᠢ ᠨᠦᠭᠦᠳ ᠲᠦ ᠶᠠᠷᠢ᠄ 《ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 〈ᠬᠠᠷ᠎ᠠ᠂ ᠪᠢ ᠬᠠᠷᠠᠳᠠᠯᠲᠠ ᠪᠠ ᠬᠢᠯᠢᠩ ᠲᠠᠢ ᠪᠠᠷ ᠶᠠᠷᠢᠶ᠎ᠠ᠃ ᠲᠠ ᠨᠠᠷ ᠦᠨᠳᠦᠰᠦᠲᠡᠨ ᠨᠦᠭᠦᠳ ᠦᠨ ᠪᠠᠰᠤᠮᠵᠢᠯᠠᠯ ᠢ ᠡᠭᠦᠷᠦᠭᠰᠡᠨ ᠤᠴᠢᠷ ᠠᠴᠠ 7 ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ ᠪᠢ ᠭᠠᠷ ᠢᠶᠠᠨ ᠡᠷᠭᠦᠨ ᠲᠠᠩ᠋ᠭᠠᠷᠢᠭᠯᠠᠶ᠎ᠠ᠂ ᠲᠠ ᠨᠠᠷ ᠤᠨ ᠡᠷᠭᠢᠨ ᠲᠣᠭᠣᠷᠢᠨ ᠳᠠᠬᠢ ᠬᠠᠷᠢᠴᠤᠳ ᠥᠪᠡᠷᠰᠡᠳ ᠢᠶᠡᠨ ᠪᠠᠰᠤᠮᠵᠢᠯᠠᠯ ᠢ ᠡᠭᠦᠷᠬᠦ ᠪᠣᠯᠣᠨ᠎ᠠ︕〉
8 〈ᠬᠠᠷᠢᠨ ᠢᠰᠷᠧᠯ ᠤᠨ ᠠᠭᠤᠯᠠᠰ ᠡ᠂ ᠤᠳᠠᠬᠤ ᠦᠭᠡᠢ ᠢᠷᠡᠬᠦ ᠮᠢᠨᠦ ᠠᠷᠠᠳ ᠲᠦᠮᠡᠨ ᠢᠰᠷᠧᠯ ᠤᠨ ᠲᠥᠯᠥᠭᠡ ᠲᠠ ᠨᠠᠷ ᠮᠥᠴᠢᠷ ᠤᠳ ᠢᠶᠠᠨ ᠤᠷᠭᠤᠭᠤᠯᠵᠤ᠂ ᠦᠷ᠎ᠡ ᠵᠢᠮᠢᠰ ᠢᠶᠠᠨ ᠭᠠᠷᠭᠠᠬᠤ ᠪᠣᠯᠣᠨ᠎ᠠ᠃ 9 ᠬᠠᠷ᠎ᠠ᠂ ᠪᠢ ᠴᠢᠨᠦ ᠲᠠᠯ᠎ᠠ ᠳᠤ ᠪᠠᠢᠨ᠎ᠠ︕ ᠪᠢ ᠴᠢᠮ᠎ᠠ ᠤᠷᠤᠭᠤ ᠡᠷᠭᠢᠵᠦ᠂ ᠬᠥᠮᠦᠨ ᠴᠢᠨᠦ ᠳᠡᠭᠡᠷ᠎ᠡ ᠭᠠᠵᠠᠷ ᠬᠠᠭᠠᠯᠵᠤ ᠲᠠᠷᠢᠶᠠᠯᠠᠬᠤ ᠪᠣᠯᠣᠨ᠎ᠠ᠃ 10 ᠪᠢ ᠴᠢᠨᠦ ᠳᠡᠭᠡᠷᠡᠬᠢ ᠬᠥᠮᠦᠰ ᠢ᠂ ᠲᠤᠬᠠᠢᠯᠠᠪᠠᠯ ᠢᠰᠷᠧᠯ ᠤᠨ ᠪᠦᠬᠦ ᠭᠡᠷ ᠦᠨ ᠬᠢᠨ ᠢ ᠣᠯᠠᠰᠢᠷᠠᠭᠤᠯᠬᠤ ᠲᠤᠯᠠ ᠬᠣᠲᠠ ᠨᠤᠭᠤᠳ ᠰᠠᠭᠤᠭᠠᠯᠢᠴᠢᠳ ᠲᠠᠢ᠂ ᠪᠠᠯᠭᠠᠰᠤ ᠨᠤᠭᠤᠳ ᠪᠠᠷᠢᠯᠭ᠎ᠠ ᠲᠠᠢ ᠪᠣᠯᠣᠨ᠎ᠠ᠃ 11 ᠪᠢ ᠴᠢᠨᠦ ᠳᠡᠭᠡᠷᠡᠬᠢ ᠬᠥᠮᠦᠨ ᠠᠮᠢᠲᠠᠨ ᠢ ᠣᠯᠠᠰᠢᠷᠠᠭᠤᠯᠬᠤ ᠲᠤᠯᠠ ᠲᠡᠳᠡ ᠦᠷᠡᠵᠢᠨ ᠣᠯᠠᠰᠢᠷᠠᠬᠤ ᠪᠣᠯᠣᠨ᠎ᠠ᠃ ᠲᠡᠢᠨ ᠬᠦ ᠪᠢ ᠴᠢᠮᠠᠶᠢ ᠤᠷᠢᠳᠤ ᠶᠢᠨ ᠬᠢ ᠰᠢᠭ᠋ ᠰᠠᠭᠤᠭᠠᠯᠢᠴᠢᠳ ᠲᠠᠢ᠂ ᠠᠩ᠋ᠬᠠᠨ ᠤ ᠬᠢ ᠡᠴᠡ ᠢᠯᠡᠭᠦᠦ ᠰᠠᠢᠨ ᠰᠠᠢᠬᠠᠨ ᠪᠣᠯᠭᠠᠬᠤ ᠳᠤ᠂ ᠴᠢ ᠨᠠᠮᠠᠶᠢ ᠶᠣᠬᠣᠸᠠ ᠭᠡᠳᠡᠭ ᠢ ᠮᠡᠳᠡᠬᠦ ᠪᠣᠯᠣᠨ᠎ᠠ᠃ 12 ᠪᠢ ᠬᠥᠮᠦᠰ ᠢ᠂ ᠲᠤᠬᠠᠢᠯᠠᠪᠠᠯ ᠥᠪᠡᠷ ᠦᠨ ᠢᠶᠠᠨ ᠠᠷᠠᠳ ᠲᠦᠮᠡᠨ ᠢᠰᠷᠧᠯ ᠢ ᠴᠢᠨᠦ ᠳᠡᠭᠡᠭᠦᠷ ᠶᠠᠪᠤᠭᠤᠯᠵᠤ᠂ ᠴᠢᠮᠠᠶᠢ ᠡᠵᠡᠮᠰᠢᠭᠦᠯᠦᠨ᠎ᠡ᠃ ᠲᠡᠢᠨ ᠬᠦ ᠴᠢ ᠲᠡᠳᠡᠨ ᠦ ᠥᠪ ᠪᠣᠯᠵᠤ᠂ ᠳᠠᠬᠢᠨ ᠲᠡᠳᠡᠨ ᠢ ᠬᠡᠦᠬᠡᠳ ᠤᠳ ᠠᠴᠠ ᠨᠢ ᠬᠠᠭᠠᠴᠠᠭᠠᠬᠤ ᠦᠭᠡᠢ᠃〉
13 ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠂ ᠲᠡᠳᠡ ᠴᠢᠮᠠᠶᠢ᠄ 〈ᠬᠥᠮᠦᠨ ᠢ ᠵᠠᠯᠭᠢᠭᠴᠢ᠂ ᠥᠪᠡᠷ ᠦᠨ ᠢᠶᠠᠨ ᠠᠷᠠᠳ ᠲᠦᠮᠡᠨ ᠢ ᠬᠡᠦᠬᠡᠳ ᠤᠳ ᠠᠴᠠ ᠨᠢ ᠬᠠᠭᠠᠴᠠᠭᠤᠯᠤᠭᠴᠢ〉 ᠭᠡᠵᠦ ᠬᠡᠯᠡᠳᠡᠭ᠂ 14 ᠬᠠᠷᠢᠨ ᠴᠢ ᠳᠠᠬᠢᠭᠠᠳ ᠬᠥᠮᠦᠨ ᠢ ᠵᠠᠯᠭᠢᠬᠤ ᠦᠭᠡᠢ᠂ ᠠᠷᠠᠳ ᠲᠦᠮᠡᠨ ᠢᠶᠡᠨ ᠬᠡᠦᠬᠡᠳ ᠤᠳ ᠠᠴᠠ ᠨᠢ ᠬᠠᠭᠠᠴᠠᠭᠤᠯᠬᠤ ᠦᠭᠡᠢ᠃ ᠡᠵᠡᠨ ᠶᠣᠬᠣᠸᠠ ᠠᠢᠯᠠᠳᠴᠤ ᠪᠠᠢᠨ᠎ᠠ᠃ 15 ᠪᠢ ᠳᠠᠬᠢᠨ ᠴᠢᠮ᠎ᠠ ᠳᠤ ᠦᠨᠳᠦᠰᠦᠲᠡᠨ ᠨᠦᠭᠦᠳ ᠦᠨ ᠪᠠᠰᠤᠮᠵᠢᠯᠠᠯ ᠢ ᠰᠣᠨᠣᠰᠬᠠᠬᠤ ᠦᠭᠡᠢ᠂ ᠴᠢ ᠳᠠᠬᠢᠨ ᠦᠨᠳᠦᠰᠦᠲᠡᠨ ᠨᠦᠭᠦᠳ ᠦᠨ ᠳᠣᠷᠣᠮᠵᠢᠯᠠᠯ ᠢ ᠡᠭᠦᠷᠬᠦ ᠦᠭᠡᠢ ᠪᠥᠭᠡᠳ ᠳᠠᠬᠢᠨ ᠠᠷᠠᠳ ᠲᠦᠮᠡᠨ ᠢᠶᠡᠨ ᠪᠦᠳᠦᠷᠢᠭᠦᠯᠬᠦ ᠦᠭᠡᠢ᠂ ᠡᠵᠡᠨ ᠶᠣᠬᠣᠸᠠ ᠠᠢᠯᠠᠳᠴᠤ ᠪᠠᠢᠨ᠎ᠠ᠃》
16 ᠶᠣᠬᠣᠸᠠ ᠶᠢᠨ ᠦᠭᠡ ᠨᠠᠳᠠ ᠳᠤ ᠢᠷᠡᠪᠡ᠄ 17 《ᠬᠥᠮᠦᠨ ᠦ ᠬᠦᠦ᠂ ᠢᠰᠷᠧᠯ ᠤᠨ ᠭᠡᠷ ᠦᠨ ᠬᠢᠨ ᠥᠪᠡᠷᠰᠡᠳ ᠦᠨ ᠢᠶᠠᠨ ᠨᠤᠲᠤᠭ ᠲᠤ ᠰᠠᠭᠤᠵᠤ ᠪᠠᠢᠬᠤ ᠳᠠᠭᠠᠨ ᠦᠢᠯᠡᠰ ᠮᠥᠷ ᠢᠶᠡᠷ ᠢᠶᠠᠨ ᠲᠡᠭᠦᠨ ᠢ ᠪᠠᠨ ᠪᠤᠵᠠᠷᠯᠠᠭᠰᠠᠨ᠃ ᠮᠢᠨᠦ ᠡᠮᠦᠨ᠎ᠡ ᠲᠡᠳᠡᠨ ᠦ ᠦᠢᠯᠡᠰ ᠡᠮᠡᠭᠲᠡᠢ ᠶᠢᠨ ᠰᠠᠷ᠎ᠠ ᠶᠢᠨ ᠲᠡᠮᠳᠡᠭ ᠦᠨ ᠪᠤᠵᠠᠷᠲᠤᠯ ᠮᠡᠲᠦ ᠪᠠᠢᠭᠰᠠᠨ᠃ 18 ᠲᠡᠳᠡ ᠲᠡᠷᠡ ᠬᠦ ᠭᠠᠵᠠᠷ ᠳᠡᠭᠡᠷ᠎ᠡ ᠴᠢᠰᠤ ᠤᠷᠤᠰᠬᠠᠭᠰᠠᠨ ᠪᠠ ᠲᠡᠭᠦᠨ ᠢ ᠰᠢᠲᠦᠭᠡᠨ ᠨᠦᠭᠦᠳ ᠢᠶᠡᠷ ᠢᠶᠠᠨ ᠪᠤᠵᠠᠷᠯᠠᠭᠰᠠᠨ ᠠᠴᠠ ᠪᠣᠯᠵᠤ ᠪᠢ ᠬᠢᠯᠢᠩ ᠢᠶᠠᠨ ᠲᠡᠳᠡᠨ ᠦ ᠳᠡᠭᠡᠷ᠎ᠡ ᠠᠰᠬᠠᠭᠰᠠᠨ᠂ 19 ᠪᠢ ᠲᠡᠳᠡᠨ ᠢ ᠦᠨᠳᠦᠰᠦᠲᠡᠨ ᠨᠦᠭᠦᠳ ᠦᠨ ᠳᠤᠮᠳᠠ ᠲᠠᠷᠬᠠᠭᠠᠵᠤ᠂ ᠭᠦᠷᠦᠨ ᠨᠦᠭᠦᠳ ᠦᠨ ᠳᠤᠮᠳᠠ ᠪᠤᠲᠠᠷᠠᠭᠠᠭᠰᠠᠨ᠃ ᠲᠡᠢᠨ ᠬᠦ ᠪᠢ ᠲᠡᠳᠡᠨ ᠢ ᠦᠢᠯᠡᠰ ᠮᠥᠷ ᠦᠨ ᠬᠢᠨᠢ ᠳᠠᠭᠠᠤ ᠰᠢᠳᠬᠡᠭᠰᠡᠨ᠃ 20 ᠬᠠᠷᠢᠨ ᠲᠡᠳᠡ ᠦᠨᠳᠦᠰᠦᠲᠡᠨ ᠨᠦᠭᠦᠳ ᠤᠷᠤᠭᠤ ᠣᠴᠢᠬᠤ ᠳᠤ᠂ ᠣᠴᠢᠭᠰᠠᠨ ᠭᠠᠵᠠᠷ ᠪᠣᠯᠭᠠᠨ ᠳᠤᠨᠢ ᠥᠪᠡᠷᠰᠡᠳ ᠦᠨ ᠬᠢᠨᠢ ᠲᠤᠬᠠᠢ 〈ᠲᠡᠳᠡ ᠶᠣᠬᠣᠸᠠ ᠶᠢᠨ ᠠᠷᠠᠳ ᠲᠦᠮᠡᠨ ᠪᠠᠢᠲᠠᠯ᠎ᠠ ᠪᠠᠨ ᠲᠡᠭᠦᠨ ᠦ ᠨᠤᠲᠤᠭ ᠠᠴᠠ ᠭᠠᠷᠴᠠᠢ〉 ᠭᠡᠰᠡᠨ ᠶᠠᠷᠢᠶ᠎ᠠ ᠭᠠᠷᠪᠠ᠃ ᠲᠡᠢᠨ ᠬᠦ ᠲᠡᠳᠡ ᠮᠢᠨᠦ ᠠᠷᠢᠭᠤᠨ ᠨᠡᠷ᠎ᠡ ᠶᠢ ᠭᠤᠲᠤᠭᠠᠪᠠ᠃ 21 ᠬᠠᠷᠢᠨ ᠪᠢ ᠠᠷᠢᠭᠤᠨ ᠨᠡᠷ᠎ᠡ ᠶᠢᠨ ᠢᠶᠠᠨ ᠲᠥᠯᠥᠭᠡ ᠬᠠᠷᠠᠰᠤᠭᠰᠠᠨ᠂ ᠢᠰᠷᠧᠯ ᠤᠨ ᠭᠡᠷ ᠬᠦᠷᠴᠦ ᠣᠴᠢᠭᠰᠠᠨ ᠦᠨᠳᠦᠰᠦᠲᠡᠨ ᠨᠦᠭᠦᠳ ᠦᠨ ᠢᠶᠠᠨ ᠳᠤᠮᠳᠠ ᠲᠡᠭᠦᠨ ᠢ ᠭᠤᠲᠤᠭᠠᠭᠰᠠᠨ᠃
22 ᠲᠡᠢᠮᠦ ᠡᠴᠡ ᠴᠢ ᠢᠰᠷᠧᠯ ᠤᠨ ᠭᠡᠷ ᠦᠨ ᠬᠢᠨ ᠳᠤ ᠶᠠᠷᠢ᠂ ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 〈ᠢᠰᠷᠧᠯ ᠤᠨ ᠭᠡᠷ ᠡ᠂ ᠪᠢ ᠡᠢᠨ ᠬᠦ ᠦᠢᠯᠡᠳᠴᠦ ᠪᠠᠢᠭ᠎ᠠ ᠨᠢ ᠲᠠ ᠨᠠᠷ ᠤᠨ ᠲᠥᠯᠥᠭᠡ ᠪᠤᠰᠤ᠂ ᠬᠠᠷᠢᠨ ᠲᠠ ᠨᠠᠷ ᠤᠨ ᠭᠤᠲᠤᠭᠠᠭᠰᠠᠨ ᠠᠷᠢᠭᠤᠨ ᠨᠡᠷ᠎ᠡ ᠶᠢᠨ ᠢᠶᠠᠨ ᠲᠥᠯᠥᠭᠡ ᠶᠤᠮ᠃ ᠲᠠ ᠨᠠᠷ ᠬᠦᠷᠴᠦ ᠣᠴᠢᠭᠰᠠᠨ ᠦᠨᠳᠦᠰᠦᠲᠡᠨ ᠨᠦᠭᠦᠳ ᠦᠨ ᠢᠶᠠᠨ ᠳᠤᠮᠳᠠ ᠲᠡᠭᠦᠨ ᠢ ᠭᠤᠲᠤᠭᠠᠵᠠᠢ᠃ 23 ᠪᠢ ᠦᠨᠳᠦᠰᠦᠲᠡᠨ ᠨᠦᠭᠦᠳ ᠦᠨ ᠳᠤᠮᠳᠠ ᠭᠤᠲᠤᠭᠠᠭᠳᠠᠭᠰᠠᠨ᠂ ᠲᠡᠳᠡᠨ ᠦ ᠳᠤᠮᠳᠠ ᠲᠠ ᠨᠠᠷ ᠤᠨ ᠭᠤᠲᠤᠭᠠᠭᠰᠠᠨ ᠠᠭᠤᠤ ᠨᠡᠷ᠎ᠡ ᠪᠡᠨ ᠠᠷᠢᠭᠤᠰᠬᠠᠨ᠎ᠠ᠂ ᠪᠢ ᠲᠠ ᠨᠠᠷ ᠤᠨ ᠳᠤᠮᠳᠠ ᠲᠡᠳᠡᠨ ᠦ ᠨᠢᠳᠦᠨ ᠳᠡᠭᠡᠷ᠎ᠡ ᠠᠷᠢᠭᠤᠨ ᠪᠠᠢᠳᠠᠯ ᠢᠶᠠᠨ ᠢᠯᠡᠷᠬᠡᠶᠢᠯᠡᠬᠦ ᠳᠦ᠂ ᠦᠨᠳᠦᠰᠦᠲᠡᠨ ᠨᠦᠭᠦᠳ ᠨᠠᠮᠠᠶᠢ ᠶᠣᠬᠣᠸᠠ ᠭᠡᠳᠡᠭ ᠢ ᠮᠡᠳᠡᠬᠦ ᠪᠣᠯᠣᠨ᠎ᠠ᠃〉 ᠡᠵᠡᠨ ᠶᠣᠬᠣᠸᠠ ᠠᠢᠯᠠᠳᠴᠤ ᠪᠠᠢᠨ᠎ᠠ᠃ 24 〈ᠪᠢ ᠲᠠ ᠨᠠᠷ ᠢ ᠦᠨᠳᠦᠰᠦᠲᠡᠨ ᠨᠦᠭᠦᠳ ᠡᠴᠡ ᠭᠠᠷᠭᠠᠨ᠂ ᠲᠠ ᠨᠠᠷ ᠢ ᠬᠠᠮᠤᠭ ᠭᠦᠷᠦᠨ ᠡᠴᠡ ᠴᠤᠭᠯᠠᠭᠤᠯᠵᠤ᠂ ᠨᠤᠲᠤᠭ ᠲᠤ ᠴᠢᠨᠢ ᠠᠪᠠᠴᠢᠨ 25 ᠲᠠ ᠨᠠᠷ ᠤᠨ ᠳᠡᠭᠡᠷ᠎ᠡ ᠴᠡᠪᠡᠷ ᠤᠰᠤ ᠰᠠᠴᠤᠵᠤ᠂ ᠲᠠ ᠨᠠᠷ ᠴᠡᠪᠡᠷ ᠪᠣᠯᠣᠨ᠎ᠠ᠃ ᠪᠢ ᠲᠠ ᠨᠠᠷ ᠢ ᠬᠠᠮᠤᠭ ᠪᠤᠵᠠᠷ ᠠᠴᠠ ᠴᠢᠨᠢ᠂ ᠬᠠᠮᠤᠭ ᠰᠢᠲᠦᠭᠡᠨ ᠡᠴᠡ ᠴᠢᠨᠢ ᠴᠡᠪᠡᠷᠯᠡᠬᠦ ᠪᠣᠯᠣᠨ᠎ᠠ᠃ 26 ᠪᠢ ᠲᠠ ᠨᠠᠷ ᠲᠤ ᠰᠢᠨ᠎ᠡ ᠵᠢᠷᠦᠬᠡ ᠶᠢ ᠥᠭᠴᠦ᠂ ᠲᠠ ᠨᠠᠷ ᠤᠨ ᠳᠣᠲᠣᠷ᠎ᠠ ᠰᠢᠨ᠎ᠡ ᠰᠦᠨᠡᠰᠦ ᠶᠢ ᠣᠷᠣᠭᠤᠯᠤᠨ᠎ᠠ᠃ ᠮᠢᠬᠠᠨ ᠪᠡᠶ᠎ᠡ ᠡᠴᠡ ᠴᠢᠨᠢ ᠴᠢᠯᠠᠭᠤᠨ ᠵᠢᠷᠦᠬᠡ ᠶᠢ ᠵᠠᠢᠯᠠᠭᠤᠯᠵᠤ᠂ ᠲᠠ ᠨᠠᠷ ᠲᠤ ᠮᠢᠬᠠᠨ ᠵᠢᠷᠦᠬᠡ ᠶᠢ ᠥᠭᠭᠥᠨ᠎ᠡ᠃ 27 ᠪᠢ ᠰᠦᠨᠡᠰᠦ ᠪᠡᠨ ᠲᠠ ᠨᠠᠷ ᠤᠨ ᠳᠣᠲᠣᠷ᠎ᠠ ᠣᠷᠣᠭᠤᠯᠵᠤ᠂ ᠲᠠ ᠨᠠᠷ ᠢᠶᠠᠷ ᠲᠣᠭᠲᠠᠭᠠᠯ ᠤᠳ ᠢᠶᠠᠨ ᠮᠥᠷᠳᠡᠭᠦᠯᠦᠨ᠎ᠡ᠃ ᠲᠠ ᠨᠠᠷ ᠵᠢᠭᠠᠪᠤᠷᠢ ᠨᠤᠭᠤᠳ ᠢ ᠮᠢᠨᠢ ᠰᠠᠬᠢᠨ ᠪᠡᠶᠡᠯᠡᠭᠦᠯᠵᠦ᠂ 28 ᠮᠢᠨᠦ ᠡᠴᠢᠭᠡ ᠡᠪᠦᠭᠡᠳ ᠲᠦ ᠴᠢᠨᠢ ᠥᠭᠭᠥᠭᠰᠡᠨ ᠨᠤᠲᠤᠭ ᠲᠤ ᠠᠮᠢᠳᠤᠷᠠᠨ᠎ᠠ᠃ ᠲᠡᠢᠨ ᠬᠦ ᠲᠠ ᠨᠠᠷ ᠮᠢᠨᠦ ᠠᠷᠠᠳ ᠲᠦᠮᠡᠨ ᠪᠣᠯᠵᠤ᠂ ᠪᠢ ᠲᠠ ᠨᠠᠷ ᠤᠨ ᠪᠤᠷᠬᠠᠨ ᠪᠣᠯᠣᠨ᠎ᠠ᠃ 29 ᠪᠢ ᠲᠠ ᠨᠠᠷ ᠢ ᠬᠠᠮᠤᠭ ᠪᠤᠵᠠᠷ ᠭᠡᠮ ᠡᠴᠡ ᠴᠢᠨᠢ ᠠᠪᠤᠷᠠᠨ᠎ᠠ᠃ ᠪᠢ ᠲᠠ ᠨᠠᠷ ᠤᠨ ᠳᠡᠭᠡᠷ᠎ᠡ ᠥᠯᠥᠰᠬᠥᠯᠡᠩ ᠢ ᠠᠪᠴᠢᠷᠠᠬᠤ ᠦᠭᠡᠢ᠂ ᠬᠠᠷᠢᠨ ᠦᠷ᠎ᠡ ᠲᠠᠷᠢᠶ᠎ᠠ ᠶᠢ ᠳᠠᠭᠤᠳᠠᠵᠤ᠂ ᠲᠡᠳᠡᠭᠡᠷ ᠢ ᠡᠯᠪᠡᠭᠵᠢᠭᠦᠯᠦᠨ᠎ᠡ᠃ 30 ᠪᠢ ᠮᠣᠳᠣᠨ ᠤ ᠦᠷ᠎ᠡ ᠵᠢᠮᠢᠰ ᠪᠣᠯᠣᠨ ᠲᠠᠯᠠᠪᠠᠢ ᠶᠢᠨ ᠤᠷᠭᠤᠴᠠ ᠶᠢ ᠡᠯᠪᠡᠭᠵᠢᠭᠦᠯᠬᠦ ᠲᠤᠯᠠ ᠲᠠ ᠨᠠᠷ ᠳᠠᠬᠢᠭᠠᠳ ᠥᠯᠥᠰᠬᠥᠯᠡᠩ ᠦᠨ ᠤᠯᠠᠮ ᠢᠶᠠᠷ ᠦᠨᠳᠦᠰᠦᠲᠡᠨ ᠨᠦᠭᠦᠳ ᠦᠨ ᠳᠤᠮᠳᠠ ᠢᠴᠢᠭᠦᠷᠢ ᠳᠤ ᠣᠷᠣᠬᠤ ᠦᠭᠡᠢ᠃ 31 ᠲᠡᠭᠡᠬᠦ ᠳᠦ ᠲᠠ ᠨᠠᠷ ᠬᠣᠷᠣᠨ ᠮᠠᠭᠤ ᠵᠠᠮ ᠪᠣᠯᠣᠨ ᠰᠠᠢᠨ ᠪᠤᠰᠤ ᠦᠢᠯᠡᠰ ᠢᠶᠡᠨ ᠰᠠᠨᠠᠵᠤ᠂ ᠨᠢᠭᠦᠯ ᠪᠣᠯᠣᠨ ᠵᠢᠭᠰᠢᠭᠦᠷᠢᠲᠦ ᠦᠢᠯᠡᠰ ᠦᠨ ᠢᠶᠠᠨ ᠤᠯᠠᠮ ᠢᠶᠠᠷ ᠥᠪᠡᠷᠰᠡᠳ ᠢ ᠪᠠᠨ ᠵᠢᠪᠡᠭᠦᠴᠡᠨᠡ᠃ 32 ᠪᠢ ᠡᠭᠦᠨ ᠢ ᠲᠠ ᠨᠠᠷ ᠤᠨ ᠲᠥᠯᠥᠭᠡ ᠦᠢᠯᠡᠳᠴᠦ ᠪᠠᠢᠭ᠎ᠠ ᠪᠢᠰᠢ ᠭᠡᠳᠡᠭ ᠢ ᠣᠢᠯᠠᠭᠠᠭᠲᠤᠨ᠃〉 ᠡᠵᠡᠨ ᠶᠣᠬᠣᠸᠠ ᠠᠢᠯᠠᠳᠴᠤ ᠪᠠᠢᠨ᠎ᠠ᠂ ᠢᠰᠷᠧᠯ ᠤᠨ ᠭᠡᠷ ᠡ᠂ ᠦᠢᠯᠡᠰ ᠡᠴᠡ ᠪᠡᠨ ᠢᠴᠢᠵᠦ ᠵᠣᠪᠠᠭᠲᠤᠨ᠃》
33 ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 《ᠪᠢ ᠲᠠ ᠨᠠᠷ ᠢ ᠬᠠᠮᠤᠭ ᠨᠢᠭᠦᠯ ᠡᠴᠡ ᠴᠢᠨᠢ ᠴᠡᠪᠡᠷᠯᠡᠬᠦ ᠡᠳᠦᠷ ᠲᠡᠭᠡᠨ ᠬᠣᠲᠠ ᠨᠤᠭᠤᠳ ᠢ ᠴᠢᠨᠢ ᠰᠠᠭᠤᠭᠠᠯᠢᠴᠢᠳ ᠲᠠᠢ᠂ ᠪᠠᠯᠭᠠᠰᠤ ᠨᠤᠭᠤᠳ ᠢ ᠴᠢᠨᠢ ᠪᠠᠷᠢᠯᠭ᠎ᠠ ᠲᠠᠢ ᠪᠣᠯᠭᠠᠨ᠎ᠠ᠃ 34 ᠬᠣᠭᠣᠰᠣᠷᠠᠭᠰᠠᠨ ᠭᠠᠵᠠᠷ ᠨᠢ ᠳᠠᠭᠠᠷᠢᠨ ᠥᠩᠭᠡᠷᠡᠬᠦ ᠬᠥᠮᠦᠨ ᠪᠦᠷᠢ ᠶᠢᠨ ᠨᠢᠳᠦᠨ ᠳᠦ ᠬᠣᠭᠣᠰᠣᠷᠠᠭᠰᠠᠨ ᠬᠠᠷᠠᠭᠳᠠᠬᠤ ᠪᠠᠨ ᠪᠣᠯᠢᠵᠤ ᠬᠠᠭᠠᠯᠪᠤᠷᠢᠯᠠᠭᠳᠠᠬᠤ ᠤᠴᠢᠷ 35 ᠲᠡᠳᠡ᠄ 〈ᠬᠣᠭᠣᠰᠣᠷᠠᠭᠠᠳ ᠪᠠᠢᠭᠰᠠᠨ ᠭᠠᠵᠠᠷ ᠡᠳᠧᠨ ᠴᠡᠴᠡᠷᠯᠢᠭ ᠮᠡᠲᠦ ᠪᠣᠯᠵᠠᠢ᠃ ᠡᠵᠡᠭᠦᠢ᠂ ᠬᠣᠭᠣᠰᠣᠨ᠂ ᠨᠤᠷᠠᠭᠰᠠᠨ ᠬᠣᠲᠠ ᠨᠤᠭᠤᠳ ᠪᠡᠬᠢᠯᠡᠭᠳᠡᠵᠦ᠂ ᠰᠠᠭᠤᠭᠠᠯᠢᠴᠢᠳ ᠲᠠᠢ ᠪᠣᠯᠣᠭᠰᠠᠨ ᠪᠠᠢᠨ᠎ᠠ〉 ᠭᠡᠵᠡᠭᠡᠨ᠎ᠡ᠃ 36 ᠲᠡᠭᠡᠬᠦ ᠳᠦ ᠲᠠ ᠨᠠᠷ ᠤᠨ ᠡᠷᠭᠢᠨ ᠲᠣᠭᠣᠷᠢᠨ ᠳᠤ ᠦᠯᠡᠳᠡᠭᠰᠡᠨ ᠦᠨᠳᠦᠰᠦᠲᠡᠨ ᠨᠦᠭᠦᠳ ᠶᠣᠬᠣᠸᠠ ᠮᠢᠨᠦ ᠨᠤᠷᠠᠭᠰᠠᠨ ᠭᠠᠵᠠᠷ ᠤᠳ ᠢ ᠨᠢ ᠳᠠᠬᠢᠨ ᠪᠠᠷᠢᠵᠤ᠂ ᠬᠣᠭᠣᠰᠣᠷᠠᠭᠰᠠᠨ ᠭᠠᠵᠠᠷ ᠤᠳ ᠲᠤᠨᠢ ᠲᠠᠷᠢᠭᠰᠠᠨ ᠭᠡᠳᠡᠭ ᠢ ᠮᠡᠳᠡᠬᠦ ᠪᠣᠯᠣᠨ᠎ᠠ᠃ ᠶᠣᠬᠣᠸᠠ ᠪᠢ ᠶᠠᠷᠢᠭᠰᠠᠨ᠂ ᠪᠢ ᠪᠡᠶᠡᠯᠡᠭᠦᠯᠦᠨ᠎ᠡ᠃》
37 ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 《ᠢᠰᠷᠧᠯ ᠤᠨ ᠭᠡᠷ ᠦᠨ ᠬᠢᠨ ᠤ 〈ᠪᠢᠳᠡᠨ ᠦ ᠲᠥᠯᠥᠭᠡ ᠪᠡᠶᠡᠯᠡᠭᠦᠯᠦᠭᠡᠴᠢ〉 ᠬᠡᠮᠡᠨ ᠨᠠᠳᠠ ᠠᠴᠠ ᠭᠤᠶᠤᠬᠤ ᠶᠢ ᠪᠢ ᠵᠥᠪᠰᠢᠶᠡᠷᠡᠵᠦ᠂ ᠲᠡᠳᠡᠨ ᠦ ᠬᠥᠮᠦᠨ ᠠᠮᠠ ᠶᠢ ᠬᠣᠨᠢᠨ ᠰᠦᠷᠦᠭ ᠠᠳᠠᠯᠢ ᠥᠰᠭᠡᠨ᠎ᠡ᠃ 38 ᠶᠧᠷᠦ᠋ᠰᠠᠯᠧᠮ ᠲᠣᠭᠲᠠᠭᠰᠠᠨ ᠪᠠᠶᠠᠷ ᠪᠣᠯᠭᠠᠨ ᠳᠠᠭᠠᠨ ᠲᠠᠬᠢᠯ ᠤᠨ ᠬᠣᠨᠢᠨ ᠰᠦᠷᠦᠭ ᠢᠶᠡᠷ ᠳᠦᠭᠦᠷᠳᠡᠭ ᠦᠨ ᠠᠳᠠᠯᠢ ᠨᠤᠷᠠᠭᠰᠠᠨ ᠬᠣᠲᠠ ᠨᠤᠭᠤᠳ ᠬᠥᠮᠦᠨ ᠦ ᠰᠦᠷᠦᠭ ᠢᠶᠡᠷ ᠳᠦᠭᠦᠷᠡᠩ ᠪᠣᠯᠣᠨ᠎ᠠ᠃ ᠲᠡᠭᠡᠬᠦ ᠳᠦ ᠲᠡᠳᠡ ᠨᠠᠮᠠᠶᠢ ᠶᠣᠬᠣᠸᠠ ᠭᠡᠳᠡᠭ ᠢ ᠮᠡᠳᠡᠬᠦ ᠪᠣᠯᠣᠨ᠎ᠠ᠃》