ᠡᠽᠧᠺᠢᠶᠧᠯ ᠲᠠᠪᠤ
ᠶᠧᠷᠦ᠋ᠰᠠᠯᠧᠮ ᠳᠤ ᠢᠷᠡᠬᠦ ᠰᠦᠢᠷᠡᠯ
1 ᠬᠥᠮᠦᠨ ᠦ ᠬᠦᠦ ᠡ᠂ ᠬᠤᠷᠴᠠ ᠢᠯᠳᠦ ᠶᠢ ᠦᠰᠦᠴᠢᠨ ᠤ ᠲᠣᠩ᠋ᠭᠣᠷᠠᠭ ᠪᠣᠯᠭᠠᠨ ᠭᠡᠵᠢᠭᠡ ᠪᠠ ᠰᠠᠬᠠᠯ ᠢᠶᠠᠨ ᠬᠤᠰᠤᠭᠠᠳ᠂ ᠦᠰᠦ ᠶᠢ ᠵᠢᠩᠯᠡᠭᠦᠷ ᠢᠶᠡᠷ ᠵᠢᠩᠯᠡᠵᠦ ᠬᠤᠪᠢᠶᠠ᠃ 2 ᠪᠦᠰᠡᠯᠡᠯᠲᠡ ᠶᠢᠨ ᠡᠳᠦᠷ ᠤᠳ ᠭᠦᠢᠴᠡᠬᠦ ᠳᠦ᠂ ᠭᠤᠷᠪᠠᠨ ᠤ ᠨᠢᠭᠡ ᠶᠢ ᠨᠢ ᠬᠣᠲᠠ ᠶᠢᠨ ᠳᠤᠮᠳᠠ ᠭᠠᠯ ᠳᠤ ᠰᠢᠲᠠᠭᠠᠵᠤ᠂ ᠭᠤᠷᠪᠠᠨ ᠤ ᠨᠢᠭᠡ ᠶᠢ ᠨᠢ ᠬᠣᠲᠠ ᠶᠢ ᠲᠣᠭᠣᠷᠢᠭᠤᠯᠤᠨ ᠢᠯᠳᠦ ᠪᠡᠷ ᠴᠠᠪᠴᠢᠵᠤ᠂ ᠦᠯᠡᠳᠡᠭᠰᠡᠨ ᠭᠤᠷᠪᠠᠨ ᠤ ᠨᠢᠭᠡ ᠶᠢ ᠨᠢ ᠰᠠᠯᠬᠢᠨ ᠳᠤ ᠬᠡᠶᠢᠰᠭᠡ᠃ ᠲᠡᠭᠡᠭᠡᠳ ᠪᠢ ᠲᠡᠳᠡᠨ ᠦ ᠠᠷᠤ ᠠᠴᠠ ᠢᠯᠳᠦ ᠰᠤᠭᠤᠯᠤᠨ᠎ᠠ᠃ 3 ᠴᠢ ᠨᠥᠭᠥᠭᠡ ᠦᠰᠦᠨ ᠡᠴᠡ ᠴᠥᠭᠡᠨ ᠬᠡᠳᠦᠨ ᠰᠢᠷᠬᠡᠭ ᠢ ᠠᠪᠴᠤ᠂ ᠨᠥᠮᠥᠷᠭᠡ ᠶᠢᠨ ᠢᠶᠠᠨ ᠬᠣᠷᠮᠣᠢ ᠳᠤ ᠵᠠᠩᠭᠢᠳ᠃ 4 ᠳᠠᠬᠢᠨ ᠬᠡᠳᠦᠨ ᠰᠢᠷᠬᠡᠭ ᠠᠪᠴᠤ᠂ ᠭᠠᠯ ᠳᠤ ᠬᠠᠶᠠᠵᠤ ᠰᠢᠲᠠᠭ᠎ᠠ᠃ ᠲᠡᠨᠳᠡ ᠡᠴᠡ ᠢᠰᠷᠧᠯ ᠤᠨ ᠪᠦᠬᠦ ᠭᠡᠷ ᠦᠨ ᠬᠢᠨ ᠳᠤ ᠭᠠᠯ ᠵᠣᠯᠭᠠᠨ᠎ᠠ》 ᠭᠡᠪᠡ᠃
5 ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 《ᠶᠧᠷᠦ᠋ᠰᠠᠯᠧᠮ ᠡᠢᠮᠦ ᠪᠣᠯᠣᠨ᠎ᠠ᠄ ᠪᠢ ᠲᠡᠭᠦᠨ ᠢ ᠦᠨᠳᠦᠰᠦᠲᠡᠨ ᠨᠦᠭᠦᠳ ᠦᠨ ᠳᠤᠮᠳᠠ ᠲᠠᠯᠪᠢᠵᠤ᠂ ᠡᠷᠭᠢᠨ ᠲᠣᠭᠣᠷᠢᠨ ᠳᠤᠨᠢ ᠭᠦᠷᠦᠨ ᠨᠦᠭᠦᠳ ᠢ ᠪᠠᠢᠯᠭᠠᠭᠰᠠᠨ᠃ 6 ᠬᠠᠷᠢᠨ ᠲᠡᠷᠡ ᠪᠡᠷ ᠵᠢᠷᠤᠮ ᠪᠠ ᠲᠣᠭᠲᠠᠭᠠᠯ ᠤᠳ ᠠᠴᠠ ᠮᠢᠨᠢ ᠭᠠᠵᠢᠵᠤ᠂ ᠡᠷᠭᠢᠨ ᠲᠣᠭᠣᠷᠢᠨ ᠤ ᠪᠠᠨ ᠤᠯᠤᠰ ᠦᠨᠳᠦᠰᠦᠲᠡᠨ ᠨᠦᠭᠦᠳ ᠡᠴᠡ ᠴᠤ ᠢᠯᠡᠭᠦᠦ ᠪᠡᠷ ᠬᠣᠷᠣᠨ ᠮᠠᠭᠤ ᠶᠢ ᠦᠢᠯᠡᠳᠪᠡ᠃ ᠲᠡᠷᠡ ᠪᠡᠷ ᠵᠢᠷᠤᠮ ᠤᠳ ᠢ ᠮᠢᠨᠢ ᠳᠠᠭᠠᠯ ᠦᠭᠡᠢ᠂ ᠲᠣᠭᠲᠠᠭᠠᠯ ᠤᠳ ᠢ ᠮᠢᠨᠢ ᠣᠭᠣᠷᠣᠭᠰᠠᠨ ᠶᠤᠮ᠃》 7 ᠲᠡᠢᠮᠦ ᠡᠴᠡ ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 《ᠲᠠ ᠨᠠᠷ ᠡᠷᠭᠢᠨ ᠲᠣᠭᠣᠷᠢᠨ ᠤ ᠪᠠᠨ ᠦᠨᠳᠦᠰᠦᠲᠡᠨ ᠨᠦᠭᠦᠳ ᠡᠴᠡ ᠴᠤ ᠢᠯᠡᠭᠦᠦ ᠰᠠᠮᠠᠭᠤᠷᠠᠵᠤ᠂ ᠲᠣᠭᠲᠠᠭᠠᠯ ᠤᠳ ᠢ ᠮᠢᠨᠢ ᠮᠥᠷᠳᠡᠭᠡ ᠦᠭᠡᠢ᠂ ᠵᠢᠷᠤᠮ ᠤᠳ ᠢ ᠮᠢᠨᠢ ᠰᠠᠬᠢᠭ᠎ᠠ ᠦᠭᠡᠢ᠂ ᠡᠷᠭᠢᠨ ᠲᠣᠭᠣᠷᠢᠨ ᠤ ᠪᠠᠨ ᠦᠨᠳᠦᠰᠦᠲᠡᠨ ᠨᠦᠭᠦᠳ ᠦᠨ ᠪᠠᠷᠢᠮᠵᠢᠶ᠎ᠠ ᠳᠤ ᠴᠤ ᠬᠦᠷᠬᠦ ᠪᠡᠨ ᠪᠣᠯᠢᠭᠰᠠᠨ᠃》 8 ᠲᠡᠢᠮᠦ ᠡᠴᠡ ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 《ᠬᠠᠷ᠎ᠠ᠂ ᠪᠢ ᠴᠢᠨᠦ ᠡᠰᠡᠷᠭᠦ ᠪᠠᠢᠨ᠎ᠠ᠂ ᠢᠰᠷᠧᠯ ᠡ᠂ ᠪᠢ ᠦᠨᠳᠦᠰᠦᠲᠡᠨ ᠨᠦᠭᠦᠳ ᠦᠨ ᠨᠢᠳᠦᠨ ᠦ ᠡᠮᠦᠨ᠎ᠡ ᠴᠢᠮ᠎ᠠ ᠳᠡᠭᠡᠷ᠎ᠡ ᠰᠢᠳᠬᠡᠯ ᠪᠠᠭᠤᠯᠭᠠᠨ᠎ᠠ᠃ 9 ᠬᠠᠮᠤᠭ ᠵᠢᠭᠰᠢᠭᠦᠷᠢᠲᠦ ᠦᠢᠯᠡᠰ ᠦᠨ ᠴᠢᠨᠢ ᠤᠯᠠᠮ ᠢᠶᠠᠷ ᠪᠢ ᠬᠡᠵᠢᠶ᠎ᠡ ᠴᠤ ᠦᠢᠯᠡᠳᠦᠭᠡ ᠦᠭᠡᠢ᠂ ᠳᠠᠬᠢᠨ ᠬᠡᠵᠢᠶ᠎ᠡ ᠴᠤ ᠦᠢᠯᠡᠳᠬᠦ ᠦᠭᠡᠢ ᠵᠦᠢᠯ ᠢ ᠴᠢᠮ᠎ᠠ ᠳᠤ ᠦᠢᠯᠡᠳᠦᠨ᠎ᠡ᠃ 10 ᠲᠡᠢᠮᠦ ᠡᠴᠡ ᠲᠠ ᠨᠠᠷ ᠤᠨ ᠳᠤᠮᠳᠠ ᠡᠴᠢᠭᠡ ᠨᠦᠭᠦᠳ ᠨᠢ ᠬᠥᠪᠡᠭᠦᠳ ᠢᠶᠡᠨ ᠢᠳᠡᠵᠦ᠂ ᠬᠥᠪᠡᠭᠦᠳ ᠨᠢ ᠡᠴᠢᠭᠡ ᠨᠦᠭᠦᠳ ᠢᠶᠡᠨ ᠢᠳᠡᠬᠦ ᠬᠡᠷᠡᠭ ᠭᠠᠷᠤᠨ᠎ᠠ᠃ ᠪᠢ ᠴᠢᠮ᠎ᠠ ᠳᠤ ᠰᠢᠳᠬᠡᠯ ᠪᠠᠭᠤᠯᠭᠠᠵᠤ᠂ ᠪᠦᠬᠦ ᠦᠯᠡᠳᠡᠭᠰᠡᠳ ᠢ ᠴᠢᠨᠢ ᠵᠦᠭ ᠪᠦᠷᠢ ᠳᠤ ᠪᠤᠲᠠᠷᠠᠭᠠᠨ᠎ᠠ 3 ᠃》 11 ᠲᠡᠢᠮᠦ ᠡᠴᠡ ᠡᠵᠡᠨ ᠶᠣᠬᠣᠸᠠ ᠠᠢᠯᠠᠳᠴᠤ ᠪᠠᠢᠨ᠎ᠠ᠄ 《ᠴᠢ ᠪᠦᠬᠦ ᠵᠢᠪᠡᠭᠦᠦ ᠲᠠᠢ ᠰᠢᠲᠦᠭᠡᠨ᠂ ᠪᠦᠬᠦ ᠵᠢᠭᠰᠢᠭᠦᠷᠢᠲᠦ ᠦᠢᠯᠡᠰ ᠢᠶᠡᠷ ᠢᠶᠠᠨ ᠮᠢᠨᠦ ᠠᠷᠢᠭᠤᠨ ᠭᠠᠵᠠᠷ ᠢ ᠪᠤᠵᠠᠷᠯᠠᠭᠰᠠᠨ ᠤᠴᠢᠷ ᠮᠢᠨᠦ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ ᠪᠢ ᠴᠤ ᠴᠢᠮ᠎ᠠ ᠠᠴᠠ ᠬᠣᠯᠠᠳᠠᠬᠤ ᠪᠥᠭᠡᠳ ᠴᠢᠮᠠᠶᠢ ᠥᠷᠥ ᠡᠪᠡᠳᠦᠨ ᠬᠠᠷᠠᠬᠤ ᠦᠭᠡᠢ᠂ ᠥᠷᠥᠰᠢᠶᠡᠬᠦ ᠦᠭᠡᠢ᠃ 12 ᠲᠠ ᠨᠠᠷ ᠤᠨ ᠭᠤᠷᠪᠠᠨ ᠤ ᠨᠢᠭᠡ ᠨᠢ ᠳᠣᠲᠣᠷ᠎ᠠ ᠪᠠᠢᠬᠤ ᠳᠠᠭᠠᠨ ᠲᠠᠬᠤᠯ ᠢᠶᠠᠷ ᠦᠬᠦᠵᠦ᠂ ᠡᠰᠡᠪᠡᠯ ᠥᠯᠥᠰᠬᠥᠯᠡᠩ ᠢᠶᠡᠷ ᠡᠴᠦᠰᠯᠡᠨ᠎ᠡ᠃ ᠭᠤᠷᠪᠠᠨ ᠤ ᠨᠢᠭᠡ ᠨᠢ ᠡᠷᠭᠢᠨ ᠲᠣᠭᠣᠷᠢᠨ ᠤ ᠪᠠᠨ ᠢᠯᠳᠦᠨ ᠳᠦ ᠤᠨᠠᠨ᠎ᠠ᠂ ᠭᠤᠷᠪᠠᠨ ᠤ ᠨᠢᠭᠡ ᠶᠢ ᠨᠢ ᠪᠢ ᠵᠦᠭ ᠪᠦᠷᠢ ᠳᠤ ᠲᠠᠷᠬᠠᠭᠠᠵᠤ᠂ ᠲᠡᠳᠡᠨ ᠦ ᠠᠷᠤ ᠠᠴᠠ ᠢᠯᠳᠦ ᠰᠤᠭᠤᠯᠤᠨ᠎ᠠ᠃
13 ᠡᠢᠨ ᠬᠦ ᠠᠭᠤᠷ ᠮᠢᠨᠢ ᠭᠦᠢᠴᠡᠵᠦ᠂ ᠬᠢᠯᠢᠩ ᠮᠢᠨᠢ ᠨᠠᠮᠳᠠᠵᠤ᠂ ᠪᠢ ᠲᠠᠢᠳᠬᠤᠷᠠᠬᠤ ᠪᠣᠯᠣᠨ᠎ᠠ᠃ ᠪᠢ ᠬᠢᠯᠢᠩ ᠢᠶᠠᠨ ᠭᠦᠢᠴᠡᠭᠡᠬᠦ ᠦᠶ᠎ᠡ ᠳᠦ ᠯᠠ ᠲᠡᠳᠡ ᠶᠣᠬᠣᠸᠠ ᠮᠢᠨᠦ ᠬᠠᠷᠠᠳᠠᠯ ᠢᠶᠠᠷ ᠶᠠᠷᠢᠭᠰᠠᠨ ᠢ ᠮᠡᠳᠡᠬᠦ ᠪᠣᠯᠣᠨ᠎ᠠ᠃ 14 ᠪᠢ ᠴᠢᠮᠠᠶᠢ ᠡᠵᠡᠭᠦᠢᠷᠡᠭᠦᠯᠵᠦ᠂ ᠬᠠᠵᠠᠭᠤ ᠪᠠᠷ ᠴᠢᠨᠢ ᠥᠩᠭᠡᠷᠡᠬᠦ ᠪᠦᠬᠦᠨ ᠦ ᠨᠢᠳᠦᠨ ᠦ ᠡᠮᠦᠨ᠎ᠡ᠂ ᠡᠷᠭᠢᠨ ᠲᠣᠭᠣᠷᠢᠨ ᠤ ᠴᠢᠨᠢ ᠦᠨᠳᠦᠰᠦᠲᠡᠨ ᠨᠦᠭᠦᠳ ᠦᠨ ᠳᠤᠮᠳᠠ ᠢᠴᠢᠭᠦᠷᠢ ᠪᠣᠯᠭᠠᠨ᠎ᠠ᠃ 15 ᠴᠢᠮ᠎ᠠ ᠳᠡᠭᠡᠷ᠎ᠡ ᠪᠢ ᠠᠭᠤᠷ ᠬᠢᠯᠢᠩ ᠲᠠᠢ ᠪᠠᠷ ᠰᠢᠷᠦᠭᠦᠨ ᠵᠢᠮᠡᠯᠡᠯ ᠦᠨ ᠰᠢᠳᠬᠡᠯ ᠶᠠᠪᠤᠭᠤᠯᠬᠤ ᠳᠤ᠂ ᠴᠢ ᠡᠷᠭᠢᠨ ᠲᠣᠭᠣᠷᠢᠨ ᠤ ᠪᠠᠨ ᠦᠨᠳᠦᠰᠦᠲᠡᠨ ᠨᠦᠭᠦᠳ ᠲᠦ ᠡᠯᠡᠭ ᠳᠣᠭᠣᠭᠢ᠂ ᠰᠡᠷᠡᠮᠵᠢᠯᠡᠭᠦᠯᠦᠯ ᠪᠠ ᠵᠢᠭ᠍ᠰᠢᠯ ᠪᠣᠯᠣᠨ᠎ᠠ᠃ ᠶᠣᠬᠣᠸᠠ ᠪᠢ ᠠᠢᠯᠠᠳᠤᠯ᠎ᠠ᠃ 16 ᠪᠢ ᠲᠠ ᠨᠠᠷ ᠢ ᠤᠰᠠᠳᠬᠠᠬᠤ ᠪᠠᠷ ᠠᠶᠤᠮᠰᠢᠭᠲᠠᠢ ᠥᠯᠥᠰᠬᠥᠯᠡᠩ ᠦᠨ ᠰᠤᠮᠤ ᠬᠠᠷᠪᠤᠨ᠎ᠠ᠂ ᠲᠠ ᠨᠠᠷ ᠢ ᠤᠰᠠᠳᠬᠠᠬᠤ ᠪᠠᠷ ᠬᠠᠷᠪᠤᠨ᠎ᠠ᠃ ᠪᠢ ᠴᠢᠮ᠎ᠠ ᠳᠡᠭᠡᠷ᠎ᠡ ᠥᠯᠥᠰᠬᠥᠯᠡᠩ ᠢ ᠨᠡᠮᠡᠭᠳᠡᠭᠦᠯᠦᠭᠰᠡᠭᠡᠷ ᠬᠦᠨᠡᠰᠦᠨ ᠦ ᠴᠢᠨᠢ ᠬᠠᠩ᠋ᠭᠠᠯᠭ᠎ᠠ ᠶᠢ ᠲᠠᠰᠤᠯᠤᠨ᠎ᠠ᠃ 17 ᠪᠢ ᠲᠠ ᠨᠠᠷ ᠤᠷᠤᠭᠤ ᠥᠯᠥᠰᠬᠥᠯᠡᠩ ᠬᠢᠭᠡᠳ ᠠᠷᠢᠶᠠᠲᠠᠨ ᠢ ᠢᠯᠡᠭᠡᠵᠦ᠂ ᠲᠡᠳᠡᠭᠡᠷ ᠨᠢ ᠴᠢᠮᠠᠶᠢ ᠬᠡᠦᠬᠡᠳ ᠤᠳ ᠠᠴᠠ ᠴᠢᠨᠢ ᠬᠠᠭᠠᠴᠠᠭᠠᠨᠠ᠃ ᠲᠠᠬᠤᠯ ᠪᠣᠯᠣᠨ ᠠᠯᠠᠯᠳᠤᠭᠠᠨ ᠲᠠ ᠨᠠᠷ ᠢ ᠳᠠᠭᠠᠷᠢᠬᠤ ᠪᠥᠭᠡᠳ ᠪᠢ ᠲᠠ ᠨᠠᠷ ᠤᠨ ᠳᠡᠭᠡᠷ᠎ᠡ ᠢᠯᠳᠦ ᠠᠪᠴᠢᠷᠠᠨ᠎ᠠ᠃ ᠶᠣᠬᠣᠸᠠ ᠪᠢ ᠠᠢᠯᠠᠳᠤᠯ᠎ᠠ᠃》