ᠡᠽᠧᠺᠢᠶᠧᠯ ᠵᠢᠷᠭᠤᠭ᠎ᠠ
ᠬᠠᠭᠤᠷᠮᠠᠭ ᠰᠢᠲᠦᠭᠡᠨ ᠢ ᠤᠰᠠᠳᠬᠠᠬᠤ
1 ᠶᠣᠬᠣᠸᠠ ᠶᠢᠨ ᠦᠭᠡ ᠨᠠᠳᠠ ᠳᠤ ᠢᠷᠡᠵᠦ᠄ 2 《ᠬᠥᠮᠦᠨ ᠦ ᠬᠦᠦ ᠡ᠂ ᠢᠰᠷᠧᠯ ᠤᠨ ᠠᠭᠤᠯᠠᠰ ᠤᠷᠤᠭᠤ ᠨᠢᠭᠤᠷ ᠢᠶᠠᠨ ᠬᠠᠨᠳᠤᠭᠤᠯᠤᠨ᠂ ᠡᠰᠢ ᠦᠵᠡᠭᠦᠯ᠄ 3 ᠢᠰᠷᠧᠯ ᠤᠨ ᠠᠭᠤᠯᠠᠰ ᠡ᠂ ᠡᠵᠡᠨ ᠶᠣᠬᠣᠸᠠ ᠶᠢᠨ ᠦᠭᠡ ᠶᠢ ᠰᠣᠨᠣᠰ᠃ ᠡᠵᠡᠨ ᠶᠣᠬᠣᠸᠠ ᠠᠭᠤᠯᠠ ᠨᠢᠷᠤᠭᠤ᠂ ᠬᠥᠨᠳᠡᠢ ᠲᠠᠯ᠎ᠠ ᠳᠤ ᠬᠠᠨᠳᠤᠨ ᠡᠢᠨ ᠬᠦ ᠠᠢᠯᠠᠳᠴᠤ ᠪᠠᠢᠨ᠎ᠠ᠄ 〈ᠬᠠᠷ᠎ᠠ᠂ ᠪᠢ ᠲᠠ ᠨᠠᠷ ᠤᠨ ᠳᠡᠭᠡᠷ᠎ᠡ ᠢᠯᠳᠦ ᠠᠪᠴᠢᠷᠠᠬᠤ ᠭᠡᠵᠦ ᠪᠠᠢᠨ᠎ᠠ᠃ ᠪᠢ ᠮᠥᠷᠭᠥᠯ ᠦᠨ ᠮᠠᠨᠳᠠᠯ ᠤᠳ ᠢ ᠴᠢᠨᠢ ᠤᠰᠠᠳᠬᠠᠨ᠎ᠠ᠃ 4 ᠲᠠᠬᠢᠯ ᠤᠨ ᠰᠢᠷᠡᠭᠡ ᠨᠦᠭᠦᠳ ᠴᠢᠨᠢ ᠨᠤᠷᠠᠵᠤ᠂ ᠤᠲᠤᠯᠭᠠᠲᠤ ᠲᠠᠬᠢᠯ ᠤᠨ ᠰᠢᠷᠡᠭᠡ ᠨᠦᠭᠦᠳ ᠴᠢᠨᠢ ᠰᠦᠢᠷᠡᠨ᠎ᠡ᠃ ᠪᠢ ᠲᠠ ᠨᠠᠷ ᠢ ᠥᠪᠡᠷᠰᠡᠳ ᠦᠨ ᠴᠢᠨᠢ ᠰᠢᠲᠦᠭᠡᠨ ᠨᠦᠭᠦᠳ ᠦᠨ ᠡᠮᠦᠨ᠎ᠡ ᠬᠠᠶᠠᠨ᠎ᠠ᠃ 5 ᠪᠢ ᠢᠰᠷᠧᠯᠴᠦᠳ ᠦᠨ ᠬᠡᠭᠦᠷ ᠤᠳ ᠢ ᠰᠢᠲᠦᠭᠡᠨ ᠨᠦᠭᠦᠳ ᠦᠨ ᠬᠢᠨᠢ ᠡᠮᠦᠨ᠎ᠡ ᠣᠷᠬᠢᠵᠤ᠂ ᠲᠠ ᠨᠠᠷ ᠤᠨ ᠶᠠᠰᠤ ᠶᠢ ᠲᠠᠬᠢᠯ ᠤᠨ ᠰᠢᠷᠡᠭᠡ ᠨᠦᠭᠦᠳ ᠦᠨ ᠴᠢᠨᠢ ᠡᠷᠭᠢᠨ ᠲᠣᠭᠣᠷᠢᠨ ᠳᠤ ᠪᠤᠲᠠᠷᠠᠭᠠᠨ᠎ᠠ᠃ 6 ᠲᠠ ᠨᠠᠷ ᠤᠨ ᠰᠠᠭᠤᠬᠤ ᠪᠦᠬᠦ ᠬᠣᠲᠠ ᠲᠣᠰᠬᠣᠨ ᠬᠣᠭᠣᠰᠣᠷᠠᠵᠤ᠂ ᠮᠥᠷᠭᠥᠯ ᠦᠨ ᠮᠠᠨᠳᠠᠯ ᠤᠳ ᠴᠢᠨᠢ ᠡᠵᠡᠭᠦᠢᠷᠡᠨ᠎ᠡ᠃ ᠢᠩᠭᠢᠭᠡᠳ ᠲᠠᠬᠢᠯ ᠤᠨ ᠰᠢᠷᠡᠭᠡ ᠨᠦᠭᠦᠳ ᠴᠢᠨᠢ ᠬᠣᠭᠣᠰᠣᠷᠠᠨ ᠡᠵᠡᠭᠦᠢᠷᠡᠵᠦ᠂ ᠰᠢᠲᠦᠭᠡᠨ ᠨᠦᠭᠦᠳ ᠴᠢᠨᠢ ᠰᠦᠢᠷᠡᠵᠦ᠂ ᠤᠲᠤᠯᠭᠠᠲᠤ ᠲᠠᠬᠢᠯ ᠤᠨ ᠰᠢᠷᠡᠭᠡ ᠨᠦᠭᠦᠳ ᠴᠢᠨᠢ ᠴᠠᠪᠴᠢᠭᠳᠠᠨ᠂ ᠬᠢᠭᠰᠡᠨ ᠵᠦᠢᠯᠡᠰ ᠴᠢᠨᠢ ᠠᠯᠠᠭ᠎ᠠ ᠪᠣᠯᠵᠤ᠂ 7 ᠠᠯᠠᠭᠳᠠᠭᠰᠠᠳ ᠲᠠ ᠨᠠᠷ ᠤᠨ ᠳᠤᠮᠳᠠ ᠬᠥᠭᠯᠡᠷᠡᠬᠦ ᠳᠦ᠂ ᠲᠠ ᠨᠠᠷ ᠨᠠᠮᠠᠶᠢ ᠶᠣᠬᠣᠸᠠ ᠭᠡᠳᠡᠭ ᠢ ᠮᠡᠳᠡᠬᠦ ᠪᠣᠯᠣᠨ᠎ᠠ᠃
8 ᠬᠠᠷᠢᠨ ᠪᠢ ᠵᠠᠷᠢᠮ ᠢ ᠴᠢᠨᠢ ᠦᠯᠡᠳᠡᠭᠡᠨ᠎ᠡ᠃ ᠲᠡᠢᠮᠦ ᠡᠴᠡ ᠲᠠ ᠨᠠᠷ ᠤᠨ ᠵᠠᠷᠢᠮ ᠨᠢ ᠢᠯᠳᠦᠨ ᠡᠴᠡ ᠮᠤᠯᠲᠤᠷᠠᠵᠤ᠂ ᠭᠦᠷᠦᠨ ᠨᠦᠭᠦᠳ ᠦᠨ ᠳᠤᠮᠳᠠ ᠲᠠᠷᠬᠠᠬᠤ ᠪᠣᠯᠣᠨ᠎ᠠ᠃ 9 ᠲᠠ ᠨᠠᠷ ᠤᠨ ᠳᠣᠲᠣᠷᠠᠬᠢ ᠠᠮᠢᠳᠤ ᠦᠯᠡᠳᠡᠭᠰᠡᠳ ᠴᠥᠯᠡᠭᠳᠡᠨ ᠣᠴᠢᠭᠰᠠᠨ ᠭᠦᠷᠦᠨ ᠨᠦᠭᠦᠳ ᠲᠡᠭᠡᠨ ᠨᠠᠮᠠᠶᠢ ᠰᠠᠨᠠᠬᠤ ᠪᠣᠯᠣᠨ᠎ᠠ᠃ ᠲᠡᠳᠡ ᠨᠠᠳᠠ ᠠᠴᠠ ᠡᠷᠭᠢᠭᠰᠡᠨ ᠵᠠᠪᠬᠠᠢ ᠵᠢᠷᠦᠬᠡ᠂ ᠰᠢᠲᠦᠭᠡᠨ ᠨᠦᠭᠦᠳ ᠢ ᠳᠠᠭᠠᠭᠰᠠᠨ ᠰᠠᠳᠤᠷ ᠨᠢᠳᠦ ᠪᠡᠷ ᠢᠶᠠᠨ ᠨᠠᠮᠠᠶᠢ ᠬᠡᠷᠬᠢᠨ ᠰᠢᠨᠠᠯᠭᠠᠭᠰᠠᠨ ᠢᠶᠠᠨ ᠰᠠᠨᠠᠵᠤ᠂ ᠬᠢᠭᠰᠡᠨ ᠬᠣᠷᠣᠨ ᠮᠠᠭᠤ ᠦᠢᠯᠡᠰ᠂ ᠦᠢᠯᠡᠳᠦᠭᠰᠡᠨ ᠪᠦᠬᠦ ᠵᠢᠭᠰᠢᠭᠦᠷᠢᠲᠦ ᠶᠠᠪᠤᠳᠠᠯ ᠤᠨ ᠢᠶᠠᠨ ᠤᠯᠠᠮ ᠢᠶᠠᠷ ᠥᠪᠡᠷᠰᠡᠳ ᠢ ᠪᠠᠨ ᠵᠢᠭᠰᠢᠬᠦ ᠪᠣᠯᠣᠨ᠎ᠠ᠃ 10 ᠲᠡᠢᠨ ᠬᠦ ᠲᠡᠳᠡ ᠨᠠᠮᠠᠶᠢ ᠶᠣᠬᠣᠸᠠ ᠮᠥᠨ ᠭᠡᠳᠡᠭ ᠢ ᠮᠡᠳᠡᠨ᠎ᠡ᠃ ᠪᠢ ᠡᠨᠡ ᠭᠠᠮᠰᠢᠭ ᠢ ᠲᠡᠳᠡᠨ ᠳᠦ ᠪᠠᠭᠤᠯᠭᠠᠨ᠎ᠠ ᠭᠡᠵᠦ ᠬᠣᠭᠣᠰᠣᠨ ᠬᠡᠯᠡᠭᠡ ᠦᠭᠡᠢ ᠶᠤᠮ〉》 ᠭᠡᠪᠡ᠃
11 ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 《ᠴᠢ ᠭᠠᠷ ᠢᠶᠠᠨ ᠠᠯᠠᠭᠠᠳᠠᠵᠤ᠂ ᠬᠥᠯ ᠢᠶᠡᠨ ᠳᠡᠪᠰᠡᠯᠡᠨ ᠢᠩᠭᠢᠵᠦ ᠶᠠᠷᠢ᠄ 〈ᠭᠠᠰᠠᠯᠠᠩᠲᠠᠶ᠎ᠠ︕ ᠢᠰᠷᠧᠯ ᠤᠨ ᠭᠡᠷ ᠦᠨ ᠬᠢᠨ ᠦᠢᠯᠡᠳᠦᠭᠰᠡᠨ ᠬᠠᠮᠤᠭ ᠬᠣᠷᠣᠨ ᠮᠠᠭᠤ ᠵᠢᠭᠰᠢᠭᠦᠷᠢᠲᠦ ᠶᠠᠪᠤᠳᠠᠯ ᠤᠨ ᠢᠶᠠᠨ ᠤᠯᠠᠮ ᠢᠶᠠᠷ ᠢᠯᠳᠦ᠂ ᠥᠯᠥᠰᠬᠥᠯᠡᠩ ᠪᠣᠯᠣᠨ ᠲᠠᠬᠤᠯ ᠢᠶᠠᠷ ᠤᠨᠠᠬᠤ ᠪᠣᠯᠣᠨ᠎ᠠ᠃ 12 ᠬᠣᠯᠠ ᠪᠠᠢᠭᠰᠠᠳ ᠨᠢ ᠲᠠᠬᠤᠯ ᠢᠶᠠᠷ ᠦᠬᠦᠵᠦ᠂ ᠣᠢᠷ᠎ᠠ ᠪᠠᠢᠭᠰᠠᠳ ᠨᠢ ᠢᠯᠳᠦᠨ ᠳᠦ ᠤᠨᠠᠨ᠎ᠠ᠂ ᠠᠮᠢ ᠪᠠᠨ ᠬᠠᠮᠠᠭᠠᠯᠠᠵᠤ ᠦᠯᠡᠳᠡᠭᠰᠡᠳ ᠨᠢ ᠥᠯᠥᠰᠬᠥᠯᠡᠩ ᠢᠶᠡᠷ ᠦᠬᠦᠨ᠎ᠡ᠃ ᠡᠢᠨ ᠬᠦ ᠪᠢ ᠬᠢᠯᠢᠩ ᠢᠶᠠᠨ ᠲᠡᠳᠡᠨ ᠳᠦ ᠭᠦᠢᠴᠡᠭᠡᠨ᠎ᠡ᠃ 13 ᠠᠯᠠᠭᠳᠠᠭᠰᠠᠳ ᠲᠠᠬᠢᠯ ᠤᠨ ᠰᠢᠷᠡᠭᠡ ᠨᠦᠭᠦᠳ ᠦᠨ ᠢᠶᠠᠨ ᠲᠣᠭᠣᠷᠢᠨ ᠳᠠᠬᠢ ᠰᠢᠲᠦᠭᠡᠨ ᠨᠦᠭᠦᠳ ᠦᠨ ᠢᠶᠠᠨ ᠳᠤᠮᠳᠠ᠂ ᠠᠯᠢᠪᠠ ᠥᠨᠳᠥᠷ ᠲᠣᠯᠣᠭᠠᠳ ᠳᠡᠭᠡᠷ᠎ᠡ᠂ ᠬᠠᠮᠤᠭ ᠠᠭᠤᠯᠠ ᠶᠢᠨ ᠣᠷᠣᠢ ᠳᠡᠭᠡᠷ᠎ᠡ᠂ ᠠᠯᠢᠪᠠ ᠱᠠᠩᠰᠢ ᠮᠣᠳᠣᠨ ᠤ ᠳᠣᠣᠷ᠎ᠠ᠂ ᠠᠯᠢᠪᠠ ᠨᠠᠪᠴᠢᠲᠤ ᠴᠠᠷᠠᠰᠤᠨ ᠤ ᠳᠣᠣᠷ᠎ᠠ ᠬᠠᠮᠤᠭ ᠰᠢᠲᠦᠭᠡᠨ ᠳᠡᠭᠡᠨ ᠠᠩᠬᠢᠯᠤᠭᠤᠨ ᠦᠨᠦᠷ ᠢ ᠡᠷᠭᠦᠭᠰᠡᠨ ᠭᠠᠵᠠᠷ ᠪᠣᠯᠭᠠᠨ ᠳᠤ ᠤᠨᠠᠬᠤ ᠳᠤ᠂ ᠲᠠ ᠨᠠᠷ ᠨᠠᠮᠠᠶᠢ ᠶᠣᠬᠣᠸᠠ ᠭᠡᠳᠡᠭ ᠢ ᠮᠡᠳᠡᠬᠦ ᠪᠣᠯᠣᠨ᠎ᠠ᠃ 14 ᠪᠢ ᠮᠤᠲᠤᠷ ᠢᠶᠠᠨ ᠲᠡᠳᠡᠨ ᠦ ᠳᠡᠭᠡᠭᠦᠷ ᠰᠤᠩ᠋ᠭᠠᠵᠤ᠂ ᠴᠥᠯ ᠡᠴᠡ ᠳ᠋ᠢᠪᠯᠠ ᠬᠦᠷᠲᠡᠯ᠎ᠡ ᠲᠡᠳᠡᠨ ᠦ ᠰᠠᠭᠤᠳᠠᠭ ᠭᠠᠵᠠᠷ ᠪᠦᠷᠢ ᠶᠢ ᠡᠵᠡᠭᠦᠢ ᠬᠣᠭᠣᠰᠣᠨ ᠪᠣᠯᠭᠠᠨ᠎ᠠ᠃ ᠡᠢᠨ ᠬᠦ ᠲᠡᠳᠡ ᠨᠠᠮᠠᠶᠢ ᠶᠣᠬᠣᠸᠠ ᠭᠡᠳᠡᠭ ᠢ ᠮᠡᠳᠡᠬᠦ ᠪᠣᠯᠣᠨ᠎ᠠ᠃〉》