ᠡᠽᠧᠺᠢᠶᠧᠯ ᠭᠤᠷᠪᠠ
1 ᠲᠡᠷᠡ ᠨᠠᠳᠠ ᠳᠤ᠄ 《ᠬᠥᠮᠦᠨ ᠦ ᠬᠦᠦ᠂ ᠡᠮᠦᠨ᠎ᠡ ᠴᠢᠨᠢ ᠪᠠᠢᠭ᠎ᠠ ᠶᠠᠭᠤᠮ᠎ᠠ ᠶᠢ ᠢᠳᠡ᠃ ᠡᠨᠡ ᠬᠤᠢᠯᠠᠮᠠᠯ ᠨᠣᠮ ᠢ ᠢᠳᠡᠭᠰᠡᠨ ᠦ ᠳᠠᠷᠠᠭ᠎ᠠ ᠶᠠᠪᠤᠵᠤ ᠢᠰᠷᠧᠯ ᠤᠨ ᠭᠡᠷ ᠲᠦ ᠶᠠᠷᠢ》 ᠭᠡᠰᠡᠨ ᠳᠦ᠂ 2 ᠪᠢ ᠠᠮᠠ ᠪᠠᠨ ᠠᠩ᠋ᠭᠠᠢᠪᠠ᠂ ᠲᠡᠷᠡ ᠨᠠᠳᠠ ᠳᠤ ᠬᠤᠢᠯᠠᠮᠠᠯ ᠨᠣᠮ ᠢ ᠢᠳᠡᠭᠦᠯᠵᠦ᠂ 3 《ᠬᠥᠮᠦᠨ ᠦ ᠬᠦᠦ ᠡ᠂ ᠮᠢᠨᠦ ᠥᠭᠴᠦ ᠪᠤᠢ ᠡᠨᠡ ᠬᠤᠢᠯᠠᠮᠠᠯ ᠨᠣᠮ ᠢ ᠢᠳᠡᠵᠦ᠂ ᠭᠡᠳᠡᠰᠦ ᠪᠡᠨ ᠴᠠᠳᠬᠠᠵᠤ᠂ ᠪᠡᠶ᠎ᠡ ᠪᠡᠨ ᠲᠡᠵᠢᠭᠡᠭᠲᠦᠨ》 ᠭᠡᠪᠡ᠃ ᠪᠢ ᠢᠳᠡᠭᠰᠡᠨ ᠳᠦ᠂ ᠲᠡᠷᠡ ᠨᠢ ᠮᠢᠨᠦ ᠠᠮᠠᠨ ᠳᠤ ᠪᠠᠯ ᠮᠡᠲᠦ ᠠᠮᠲᠠᠲᠠᠢ ᠪᠠᠢᠪᠠ᠃
4 ᠲᠡᠷᠡ ᠨᠠᠳᠠ ᠳᠤ᠄ 《ᠬᠥᠮᠦᠨ ᠦ ᠬᠦᠦ ᠡ᠂ ᠢᠰᠷᠧᠯ ᠤᠨ ᠭᠡᠷ ᠤᠷᠤᠭᠤ ᠣᠴᠢᠵᠤ᠂ ᠮᠢᠨᠦ ᠦᠭᠡ ᠶᠢ ᠲᠡᠳᠡᠨ ᠳᠦ ᠶᠠᠷᠢ᠃ 5 ᠪᠢ ᠴᠢᠮᠠᠶᠢ ᠰᠣᠨᠢᠨ ᠶᠠᠷᠢᠶ᠎ᠠ ᠲᠠᠢ᠂ ᠬᠠᠴᠢᠨ ᠬᠡᠯᠡ ᠲᠠᠢ ᠦᠨᠳᠦᠰᠦᠲᠡᠨ ᠤᠷᠤᠭᠤ ᠢᠯᠡᠭᠡᠬᠦ ᠪᠢᠰᠢ᠂ ᠬᠠᠷᠢᠨ ᠢᠰᠷᠧᠯ ᠤᠨ ᠭᠡᠷ ᠤᠷᠤᠭᠤ ᠢᠯᠡᠭᠡᠵᠦ ᠪᠠᠢᠨ᠎ᠠ᠃ 6 ᠪᠢ ᠴᠢᠮᠠᠶᠢ ᠰᠣᠨᠢᠨ ᠶᠠᠷᠢᠶ᠎ᠠ ᠲᠠᠢ᠂ ᠬᠠᠴᠢᠨ ᠬᠡᠯᠡ ᠲᠠᠢ᠂ ᠣᠢᠯᠠᠭᠠᠭᠳᠠᠰᠢ ᠦᠭᠡᠢ ᠦᠭᠡ ᠲᠠᠢ ᠣᠯᠠᠨ ᠦᠨᠳᠦᠰᠦᠲᠡᠨ ᠤᠷᠤᠭᠤ ᠢᠯᠡᠭᠡᠬᠦ ᠪᠤᠰᠤ᠂ ᠬᠡᠷᠪᠡ ᠴᠢᠮᠠᠶᠢ ᠲᠡᠳᠡᠨ ᠤᠷᠤᠭᠤ ᠢᠯᠡᠭᠡᠭᠰᠡᠨ ᠪᠣᠯ᠂ ᠲᠡᠳᠡ ᠯᠠᠪᠲᠠᠢ ᠴᠢᠨᠦᠬᠢ ᠶᠢ ᠰᠣᠨᠣᠰᠬᠤ ᠪᠠᠢᠭᠰᠠᠨ᠃ 7 ᠬᠠᠷᠢᠨ ᠢᠰᠷᠧᠯ ᠤᠨ ᠪᠦᠬᠦ ᠭᠡᠷ ᠦᠨ ᠬᠢᠨ ᠬᠠᠲᠠᠭᠤ ᠮᠠᠩᠨᠠᠢ᠂ ᠵᠥᠷᠢᠭᠦᠳ ᠵᠢᠷᠦᠬᠡ ᠲᠠᠢ᠂ ᠮᠢᠨᠦᠬᠢ ᠶᠢ ᠰᠣᠨᠣᠰᠬᠤ ᠳᠤᠷ᠎ᠠ ᠦᠭᠡᠢ ᠪᠠᠢᠳᠠᠭ ᠤᠴᠢᠷ ᠠᠴᠠ ᠴᠢᠨᠦᠬᠢ ᠶᠢ ᠴᠤ ᠰᠣᠨᠣᠰᠬᠤ ᠳᠤᠷ᠎ᠠ ᠦᠭᠡᠢ ᠪᠠᠢᠬ᠎ᠠ᠃ 8 ᠬᠠᠷᠢᠨ ᠪᠢ ᠮᠠᠩᠨᠠᠢ ᠶᠢ ᠴᠢᠨᠢ ᠲᠡᠳᠡᠨ ᠦ ᠬᠢ ᠰᠢᠭ ᠬᠠᠲᠠᠭᠤ ᠪᠣᠯᠭᠠᠨ᠂ ᠴᠢᠷᠠᠢ ᠶᠢ ᠴᠢᠨᠢ ᠲᠡᠳᠡᠨ ᠦ ᠬᠢ ᠰᠢᠭ ᠬᠠᠲᠠᠭᠤ ᠪᠣᠯᠭᠠᠭᠰᠠᠨ᠃ 9 ᠪᠢ ᠴᠢᠨᠦ ᠮᠠᠩᠨᠠᠢ ᠶᠢ ᠴᠠᠬᠢᠭᠤᠷ ᠠᠴᠠ ᠴᠤ ᠬᠠᠲᠠᠭᠤ᠂ ᠠᠯᠮᠠᠰ ᠮᠡᠲᠦ ᠪᠣᠯᠭᠠᠭᠰᠠᠨ᠃ ᠲᠡᠳᠡ ᠲᠡᠷᠰᠯᠡᠭᠦᠦ ᠭᠡᠷ ᠦᠨ ᠬᠢᠨ ᠪᠣᠯᠪᠠᠴᠤ ᠲᠡᠳᠡᠨ ᠡᠴᠡ ᠪᠦᠦ ᠠᠶᠤ᠂ ᠲᠡᠳᠡᠨ ᠦ ᠴᠢᠷᠠᠢ ᠠᠴᠠ ᠪᠦᠦ ᠰᠦᠷᠳᠡ》 ᠭᠡᠪᠡ᠃ 10 ᠲᠡᠷᠡ ᠪᠠᠰᠠ ᠨᠠᠳᠠ ᠳᠤ᠄ 《ᠬᠥᠮᠦᠨ ᠦ ᠬᠦᠦ ᠡ᠂ ᠴᠢᠮ᠎ᠠ ᠳᠤ ᠬᠡᠯᠡᠬᠦ ᠪᠦᠬᠦ ᠦᠭᠡ ᠶᠢ ᠮᠢᠨᠢ ᠴᠢ ᠴᠢᠬᠢ ᠲᠠᠯᠪᠢᠨ ᠰᠣᠨᠣᠰᠴᠤ᠂ ᠰᠠᠨᠠᠭᠠᠨ ᠳᠠᠭᠠᠨ ᠠᠪᠤᠭᠠᠳ 11 ᠴᠥᠯᠡᠭᠳᠡᠭᠰᠡᠨ ᠠᠷᠠᠳ ᠲᠦᠮᠡᠨ ᠤᠷᠤᠭᠤ ᠪᠠᠨ ᠣᠴᠢᠵᠤ ᠶᠠᠷᠢ᠂ ᠲᠡᠳᠡ ᠰᠣᠨᠣᠰᠣᠭᠰᠠᠨ ᠴᠤ᠂ ᠡᠰᠡ ᠰᠣᠨᠣᠰᠣᠭᠰᠠᠨ ᠴᠤ᠄ 〈ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ〉 ᠭᠡᠵᠦ ᠬᠡᠯᠡ》 ᠭᠡᠪᠡ᠃
12 ᠰᠦᠨᠡᠰᠦ ᠨᠠᠮᠠᠶᠢ ᠡᠷᠭᠦᠬᠦ ᠳᠦ᠂ ᠮᠢᠨᠦ ᠠᠷᠤ ᠳᠤ 《ᠶᠣᠬᠣᠸᠠ ᠶᠢᠨ ᠴᠣᠭ ᠵᠢᠪᠬᠤᠯᠠᠩ ᠥᠪᠡᠷ ᠦᠨ ᠢᠶᠠᠨ ᠭᠠᠵᠠᠷ ᠲᠤ ᠮᠠᠭᠲᠠᠭᠳᠠᠬᠤ ᠪᠣᠯᠲᠤᠭᠠᠢ》 ᠭᠡᠬᠦ ᠨᠢᠵᠢᠭᠢᠨᠡᠭᠰᠡᠨ ᠶᠡᠬᠡ ᠳᠠᠭᠤ ᠭᠠᠷᠬᠤ ᠶᠢ ᠪᠢ ᠰᠣᠨᠣᠰᠪᠠ᠃ 13 ᠲᠡᠷᠡ ᠨᠢ ᠨᠥᠭᠥᠭᠡ ᠠᠮᠢᠳᠤ ᠪᠡᠶᠡᠲᠡᠳ ᠦᠨ ᠳᠠᠯᠠᠪᠴᠢᠨ ᠤ ᠬᠣᠭᠣᠷᠣᠨᠳᠣ ᠪᠠᠨ ᠱᠦᠷᠭᠦᠯᠴᠡᠭᠰᠡᠨ ᠪᠠ ᠲᠡᠳᠡᠨ ᠦ ᠳᠡᠷᠭᠡᠳᠡᠬᠢ ᠬᠦᠷᠳᠦ ᠨᠦᠭᠦᠳ ᠦᠨ ᠨᠢᠵᠢᠭᠢᠨᠡᠭᠰᠡᠨ ᠶᠡᠬᠡ ᠳᠠᠭᠤ ᠪᠠᠢᠯ᠎ᠠ᠃ 14 ᠰᠦᠨᠡᠰᠦ ᠨᠠᠮᠠᠶᠢ ᠲᠡᠢᠨ ᠬᠦ ᠡᠷᠭᠦᠵᠦ᠂ ᠲᠡᠨᠳᠡ ᠡᠴᠡ ᠠᠪᠠᠴᠢᠪᠠ᠃ ᠪᠢ ᠰᠦᠨᠡᠰᠦᠨ ᠦ ᠰᠢᠨᠠᠯᠤᠯ ᠲᠠᠢ ᠭᠠᠰᠠᠯᠤᠨ ᠶᠠᠪᠤᠯ᠎ᠠ᠂ ᠬᠠᠷᠢᠨ ᠶᠣᠬᠣᠸᠠ ᠶᠢᠨ ᠬᠦᠴᠦᠲᠦ ᠮᠤᠲᠤᠷ ᠮᠢᠨᠦ ᠳᠡᠭᠡᠷ᠎ᠡ ᠪᠠᠢᠪᠠ᠃ 15 ᠢᠩᠭᠢᠵᠦ ᠪᠢ ᠲᠧᠯ ᠠᠪᠢᠪ ᠳᠠᠬᠢ ᠺᠧᠪᠠᠷ ᠭᠣᠣᠯ ᠤᠨ ᠳᠡᠷᠭᠡᠳᠡ ᠰᠠᠭᠤᠵᠤ ᠪᠠᠢᠭ᠎ᠠ ᠴᠥᠯᠡᠭᠳᠡᠭᠰᠡᠳ ᠤᠷᠤᠭᠤ ᠣᠴᠢᠪᠠ᠃ ᠪᠢ ᠲᠡᠳᠡᠨ ᠦ ᠰᠠᠭᠤᠵᠤ ᠪᠠᠢᠭ᠎ᠠ ᠭᠠᠵᠠᠷ ᠲᠤ ᠳᠣᠯᠣᠭᠠᠨ ᠬᠣᠨᠣᠭ ᠪᠡᠭᠲᠡᠷᠡᠨ ᠰᠠᠭᠤᠪᠠ᠃
ᠬᠠᠷᠠᠭᠤᠯ ᠢᠶᠠᠷ ᠲᠣᠮᠢᠯᠠᠭᠳᠠᠪᠠ
16 ᠳᠣᠯᠣᠭᠠᠨ ᠬᠣᠨᠣᠭ ᠤᠨ ᠡᠴᠦᠰ ᠲᠦ ᠶᠣᠬᠣᠸᠠ ᠶᠢᠨ ᠦᠭᠡ ᠨᠠᠳᠠ ᠳᠤ ᠢᠷᠡᠵᠦ ᠠᠢᠯᠠᠳᠤᠨ᠄ 17 《ᠬᠥᠮᠦᠨ ᠦ ᠬᠦᠦ ᠡ᠂ ᠪᠢ ᠴᠢᠮᠠᠶᠢ ᠢᠰᠷᠧᠯ ᠤᠨ ᠭᠡᠷ ᠦᠨ ᠬᠠᠷᠠᠭᠤᠯ ᠢᠶᠠᠷ ᠲᠣᠮᠢᠯᠠᠯ᠎ᠠ᠃ ᠴᠢ ᠠᠮᠠᠨ ᠠᠴᠠ ᠮᠢᠨᠢ ᠭᠠᠷᠬᠤ ᠦᠭᠡ ᠶᠢ ᠰᠣᠨᠣᠰᠣᠭᠠᠳ ᠮᠢᠨᠦ ᠡᠮᠦᠨ᠎ᠡ ᠡᠴᠡ ᠲᠡᠳᠡᠨ ᠳᠦ ᠰᠡᠷᠡᠮᠵᠢᠯᠡᠭᠦᠯ᠃ 18 ᠪᠢ ᠪᠤᠷᠤᠭᠤᠲᠠᠨ ᠳᠤ᠄ 〈ᠴᠢ ᠵᠠᠪᠠᠯ ᠦᠬᠦᠨ᠎ᠡ〉 ᠭᠡᠵᠦ ᠶᠠᠷᠢᠭᠰᠠᠨ ᠠᠲᠠᠯ᠎ᠠ ᠴᠢ ᠲᠡᠭᠦᠨ ᠳᠦ ᠰᠡᠷᠡᠮᠵᠢᠯᠡᠭᠦᠯᠦᠭᠡ ᠦᠭᠡᠢ᠂ ᠡᠰᠡᠪᠡᠯ 〈ᠪᠤᠷᠤᠭᠤ ᠵᠠᠮ ᠠᠴᠠ ᠪᠠᠨ ᠡᠷᠭᠢᠵᠦ᠂ ᠠᠮᠢ ᠪᠠᠨ ᠠᠪᠤᠷᠠ〉 ᠭᠡᠵᠦ ᠰᠡᠷᠡᠮᠵᠢᠯᠡᠭᠦᠯᠦᠨ ᠶᠠᠷᠢᠭ᠎ᠠ ᠦᠭᠡᠢ ᠪᠣᠯ᠂ ᠲᠡᠷᠡ ᠪᠤᠷᠤᠭᠤᠲᠠᠨ ᠭᠡᠮ ᠳᠣᠲᠣᠷ᠎ᠠ ᠪᠠᠨ ᠦᠬᠦᠵᠦ᠂ ᠪᠢ ᠲᠡᠭᠦᠨ ᠦ ᠴᠢᠰᠤ ᠶᠢ ᠴᠢᠨᠦ ᠭᠠᠷ ᠠᠴᠠ ᠨᠡᠬᠡᠨ᠎ᠡ᠂ 19 ᠬᠡᠷᠪᠡ ᠴᠢ ᠪᠤᠷᠤᠭᠤᠲᠠᠨ ᠳᠤ ᠰᠡᠷᠡᠮᠵᠢᠯᠡᠭᠦᠯᠦᠭᠰᠡᠨ ᠠᠲᠠᠯ᠎ᠠ ᠲᠡᠷᠡ ᠪᠡᠷ ᠪᠤᠷᠤᠭᠤ ᠶᠠᠪᠤᠳᠠᠯ ᠠᠴᠠ ᠪᠠᠨ᠂ ᠪᠤᠷᠤᠭᠤ ᠵᠠᠮ ᠠᠴᠠ ᠪᠠᠨ ᠡᠷᠭᠢᠬᠦ ᠦᠭᠡᠢ ᠪᠣᠯ᠂ ᠲᠡᠷᠡ ᠭᠡᠮ ᠳᠣᠲᠣᠷ᠎ᠠ ᠪᠠᠨ ᠦᠬᠦᠨ᠎ᠡ᠂ ᠬᠠᠷᠢᠨ ᠴᠢ ᠠᠮᠢ ᠪᠠᠨ ᠠᠪᠤᠷᠠᠬᠤ ᠪᠣᠯᠣᠨ᠎ᠠ᠃ 20 ᠬᠡᠷᠪᠡ ᠵᠥᠪᠲᠦ ᠬᠥᠮᠦᠨ ᠵᠥᠪᠲᠦ ᠪᠠᠢᠳᠠᠯ ᠠᠴᠠ ᠪᠠᠨ ᠡᠷᠭᠢᠵᠦ ᠪᠤᠷᠤᠭᠤ ᠶᠢ ᠦᠢᠯᠡᠳᠬᠦ ᠳᠦ᠂ ᠪᠢ ᠲᠡᠭᠦᠨ ᠦ ᠡᠮᠦᠨ᠎ᠡ ᠰᠠᠭᠠᠳ ᠬᠢᠵᠦ᠂ ᠲᠡᠷᠡ ᠦᠬᠦᠬᠦ ᠲᠣᠬᠢᠶᠠᠯᠳᠤᠯ ᠳᠤ᠂ ᠴᠢ ᠲᠡᠭᠦᠨ ᠳᠦ ᠰᠡᠷᠡᠮᠵᠢᠯᠡᠭᠦᠯᠦᠭᠡ ᠦᠭᠡᠢ ᠪᠠᠢᠭᠰᠠᠨ ᠪᠣᠯ᠂ ᠲᠡᠷᠡ ᠨᠢᠭᠦᠯ ᠦᠨ ᠢᠶᠠᠨ ᠳᠣᠲᠣᠷ᠎ᠠ ᠦᠬᠦᠵᠦ᠂ ᠦᠢᠯᠡᠳᠦᠭᠰᠡᠨ ᠵᠥᠪ ᠦᠢᠯᠡᠰ ᠨᠢ ᠴᠤ ᠳᠤᠷᠠᠰᠤᠭᠳᠠᠬᠤ ᠦᠭᠡᠢ ᠪᠥᠭᠡᠳ ᠲᠡᠭᠦᠨ ᠦ ᠴᠢᠰᠤ ᠶᠢ ᠪᠢ ᠴᠢᠨᠦ ᠭᠠᠷ ᠠᠴᠠ ᠨᠡᠬᠡᠨ᠎ᠡ᠂ 21 ᠬᠡᠷᠪᠡ ᠴᠢ ᠲᠡᠷᠡ ᠵᠥᠪᠲᠦ ᠬᠥᠮᠦᠨ ᠳᠦ ᠨᠢᠭᠦᠯ ᠦᠢᠯᠡᠳᠴᠦ ᠪᠣᠯᠬᠤ ᠦᠭᠡᠢ ᠶᠢ ᠰᠡᠷᠡᠮᠵᠢᠯᠡᠭᠦᠯᠦᠭᠡᠳ᠂ ᠲᠡᠷᠡ ᠨᠢᠭᠦᠯ ᠦᠢᠯᠡᠳᠬᠦ ᠦᠭᠡᠢ ᠲᠣᠬᠢᠶᠠᠯᠳᠤᠯ ᠳᠤ᠂ ᠲᠡᠷᠡ ᠬᠥᠮᠦᠨ ᠰᠡᠷᠡᠮᠵᠢᠯᠡᠭᠦᠯᠦᠭᠡ ᠶᠢ ᠠᠪᠤᠭᠰᠠᠨ ᠤᠴᠢᠷ ᠠᠴᠠ ᠯᠠᠪᠲᠠᠢ ᠠᠮᠢᠳᠤ ᠦᠯᠡᠳᠡᠬᠦ ᠪᠥᠭᠡᠳ ᠴᠢ ᠴᠤ ᠠᠮᠢ ᠪᠠᠨ ᠠᠪᠤᠷᠠᠬᠤ ᠪᠣᠯᠣᠨ᠎ᠠ》 ᠭᠡᠪᠡ᠃
ᠡᠽᠧᠺᠢᠶᠧᠯ ᠳᠠᠭᠤ ᠦᠭᠡᠢ ᠪᠣᠯᠪᠠ
22 ᠲᠡᠨᠳᠡ ᠶᠣᠬᠣᠸᠠ ᠶᠢᠨ ᠮᠤᠲᠤᠷ ᠨᠠᠳᠠ ᠳᠤ ᠬᠦᠷᠴᠦ᠂ ᠲᠡᠷᠡ᠄ 《ᠪᠣᠰ᠂ ᠲᠠᠯ᠎ᠠ ᠤᠷᠤᠭᠤ ᠭᠠᠷᠴᠤ ᠶᠠᠪᠤ᠃ ᠲᠡᠨᠳᠡ ᠪᠢ ᠴᠢᠮ᠎ᠠ ᠳᠤ ᠶᠠᠷᠢᠨ᠎ᠠ》 ᠭᠡᠪᠡ᠃ 23 ᠪᠢ ᠪᠣᠰᠣᠨ ᠲᠠᠯ᠎ᠠ ᠤᠷᠤᠭᠤ ᠭᠠᠷᠪᠠ᠂ ᠬᠠᠷ᠎ᠠ᠂ ᠶᠣᠬᠣᠸᠠ ᠶᠢᠨ ᠴᠣᠭ ᠵᠢᠪᠬᠤᠯᠠᠩ᠂ ᠺᠧᠪᠠᠷ ᠭᠣᠣᠯ ᠤᠨ ᠳᠡᠷᠭᠡᠳᠡ ᠮᠢᠨᠦ ᠦᠵᠡᠭᠰᠡᠨ ᠲᠡᠢ ᠠᠳᠠᠯᠢᠬᠠᠨ ᠴᠣᠭ ᠵᠢᠪᠬᠤᠯᠠᠩ ᠲᠡᠨᠳᠡ ᠲᠣᠭᠲᠠᠵᠤ ᠪᠠᠢᠪᠠ᠃ ᠪᠢ ᠨᠢᠭᠤᠷ ᠢᠶᠠᠨ ᠭᠠᠵᠠᠷ ᠲᠤ ᠬᠦᠷᠭᠡᠪᠡ᠃ 24 ᠲᠡᠭᠡᠬᠦ ᠳᠦ ᠰᠦᠨᠡᠰᠦ ᠮᠢᠨᠦ ᠳᠣᠲᠣᠷ᠎ᠠ ᠣᠷᠣᠨ᠂ ᠨᠠᠮᠠᠶᠢ ᠬᠥᠯ ᠳᠡᠭᠡᠷ᠎ᠡ ᠮᠢᠨᠢ ᠪᠣᠰᠬᠠᠵᠤ᠂ ᠨᠠᠳᠠ ᠳᠤ᠄ 《ᠴᠢ ᠭᠡᠷ ᠲᠡᠭᠡᠨ ᠣᠷᠣᠭᠠᠳ ᠡᠭᠦᠳᠡ ᠪᠡᠨ ᠲᠦᠭᠵᠢ᠃ 25 ᠬᠥᠮᠦᠨ ᠦ ᠬᠦᠦ᠂ ᠠᠩ᠋ᠬᠠᠷᠤᠭᠲᠤᠨ᠂ ᠬᠥᠮᠦᠰ ᠴᠢᠮᠠᠶᠢ ᠣᠯᠣᠰᠣ ᠪᠠᠷ ᠤᠶᠠᠨ᠎ᠠ᠂ ᠴᠢ ᠬᠦᠯᠢᠭᠳᠡᠬᠦ ᠤᠴᠢᠷ ᠭᠠᠷᠴᠤ ᠴᠢᠳᠠᠬᠤ ᠦᠭᠡᠢ ᠪᠣᠯᠣᠨ᠎ᠠ᠃ 26 ᠪᠢ ᠪᠠᠰᠠ ᠴᠢᠨᠦ ᠬᠡᠯᠡ ᠶᠢ ᠲᠠᠩᠨᠠᠢ ᠳᠤ ᠴᠢᠨᠢ ᠨᠠᠭᠠᠯᠳᠤᠭᠤᠯᠬᠤ ᠲᠤᠯᠠ ᠴᠢ ᠬᠡᠯᠡ ᠦᠭᠡᠢ ᠪᠣᠯᠵᠤ᠂ ᠲᠡᠳᠡᠨ ᠢ ᠵᠢᠮᠡᠯᠡᠵᠦ ᠴᠢᠳᠠᠬᠤ ᠦᠭᠡᠢ ᠪᠣᠯᠣᠨ᠎ᠠ᠃ ᠤᠴᠢᠷ ᠨᠢ ᠲᠡᠳᠡ ᠪᠣᠯ ᠲᠡᠷᠰᠯᠡᠭᠦᠦ ᠭᠡᠷ ᠦᠨ ᠬᠢᠨ ᠶᠤᠮ᠃ 27 ᠬᠠᠷᠢᠨ ᠪᠢ ᠴᠢᠮ᠎ᠠ ᠲᠠᠢ ᠶᠠᠷᠢᠬᠤ ᠳᠠᠭᠠᠨ ᠠᠮᠠ ᠶᠢ ᠴᠢᠨᠢ ᠨᠡᠭᠡᠭᠡᠵᠦ᠂ ᠴᠢ ᠲᠡᠳᠡᠨ ᠳᠦ᠄ 〈ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ〉 ᠭᠡᠵᠦ ᠬᠡᠯᠡᠬᠦ ᠪᠣᠯᠣᠨ᠎ᠠ᠃ ᠰᠣᠨᠣᠰᠣᠭᠴᠢ ᠨᠢ ᠰᠣᠨᠣᠰᠣᠭ᠂ ᠦᠯᠦ ᠰᠣᠨᠣᠰᠣᠭᠴᠢ ᠨᠢ ᠦᠯᠦ ᠰᠣᠨᠣᠰᠣᠭ᠃ ᠤᠴᠢᠷ ᠨᠢ᠂ ᠲᠡᠳᠡ ᠲᠡᠷᠰᠯᠡᠭᠦᠦ ᠭᠡᠷ ᠦᠨ ᠬᠢᠨ ᠪᠢᠯᠡ᠃