1 2 3 4 5 6 7 8 9 10 11 12 13 14 15 16 17 18 19 20 21 22 23 24 25 26 27 28 29 30 31 32 33 34 35 36 37 38 39 40 41 42 43 44 45 46 47 48


ᠡᠽᠧᠺᠢᠶᠧᠯ ᠬᠣᠷᠢᠨ ᠵᠢᠷᠭᠤᠭ᠎ᠠ
 ᠲᠢᠷ ᠤᠨ ᠲᠤᠬᠠᠢ ᠡᠰᠢ ᠦᠵᠡᠭᠦᠯᠦᠯᠭᠡ

1 ᠠᠷᠪᠠᠨ ᠨᠢᠭᠡᠳᠦᠭᠡᠷ ᠣᠨ ᠤ ᠲᠡᠷᠡ ᠰᠠᠷ᠎ᠠ ᠶᠢᠨ ᠨᠢᠭᠡᠨ ᠳᠦ᠂ ᠶᠣᠬᠣᠸᠠ ᠶᠢᠨ ᠦᠭᠡ ᠨᠠᠳᠠ ᠳᠤ ᠢᠷᠡᠪᠡ᠄ 2 《ᠬᠥᠮᠦᠨ ᠦ ᠬᠦᠦ ᠡ᠂ ᠲᠢᠷ ᠨᠢ ᠶᠧᠷᠦ᠋ᠰᠠᠯᠧᠮ ᠤᠨ ᠲᠤᠬᠠᠢ᠄ 〈ᠬᠠ ᠬᠠ᠂ ᠦᠨᠳᠦᠰᠦᠲᠡᠨ ᠨᠦᠭᠦᠳ ᠦᠨ ᠬᠠᠭᠠᠯᠭ᠎ᠠ ᠡᠪᠳᠡᠷᠡᠵᠡᠢ᠃ ᠲᠡᠷᠡ ᠨᠠᠳᠠ ᠳᠤ ᠨᠡᠭᠡᠭᠡᠭᠳᠡᠭᠰᠡᠨ᠃ ᠲᠡᠷᠡ ᠬᠣᠭᠣᠰᠣᠷᠠᠭᠰᠠᠨ ᠲᠤᠯᠠ ᠪᠢ ᠳᠦᠭᠦᠷᠡᠩ ᠪᠣᠯᠣᠨ᠎ᠠ〉 ᠭᠡᠵᠡᠢ᠃ 3 ᠲᠡᠢᠮᠦ ᠡᠴᠡ ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 〈ᠬᠠᠷᠠ᠂ ᠲᠢᠷ ᠡ᠂ ᠪᠢ ᠴᠢᠨᠦ ᠡᠰᠡᠷᠭᠦ ᠪᠠᠢᠨ᠎ᠠ᠃ ᠳᠠᠯᠠᠢ ᠨᠢ ᠳᠠᠪᠠᠯᠭᠠᠨ ᠢ ᠪᠣᠰᠬᠠᠳᠠᠭ ᠰᠢᠭ᠋ ᠪᠢ ᠣᠯᠠᠨ ᠦᠨᠳᠦᠰᠦᠲᠡᠨ ᠢ ᠴᠢᠨᠦ ᠡᠰᠡᠷᠭᠦ ᠠᠪᠴᠢᠷᠠᠨ᠎ᠠ᠃ 4 ᠲᠡᠳᠡ ᠲᠢᠷ ᠤᠨ ᠬᠡᠷᠡᠮ ᠢ ᠨᠤᠷᠠᠭᠠᠨ᠂ ᠴᠠᠮᠬᠠᠭ ᠤᠳ ᠢ ᠨᠢ ᠤᠨᠠᠭᠠᠨ᠎ᠠ᠃ ᠪᠢ ᠨᠤᠷᠠᠩ᠋ᠭᠢ ᠶᠢ ᠨᠢ ᠬᠤᠰᠤᠵᠤ᠂ ᠲᠡᠭᠦᠨ ᠢ ᠨᠢᠴᠦᠭᠦᠨ ᠬᠠᠳᠠ ᠪᠣᠯᠭᠠᠨ᠎ᠠ᠃ 5 ᠲᠡᠢᠨ ᠬᠦ ᠲᠢᠷ ᠳᠠᠯᠠᠢ ᠶᠢᠨ ᠳᠤᠮᠳᠠ ᠲᠣᠣᠷ ᠲᠠᠯᠪᠢᠬᠤ ᠭᠠᠵᠠᠷ ᠪᠣᠯᠣᠨ᠎ᠠ᠃ ᠪᠢ ᠡᠢᠨ ᠬᠦ ᠶᠠᠷᠢᠯ᠎ᠠ᠃〉 ᠡᠵᠡᠨ ᠶᠣᠬᠣᠸᠠ ᠠᠢᠯᠠᠳᠴᠤ ᠪᠠᠢᠨ᠎ᠠ᠄ 〈ᠲᠡᠷᠡ ᠪᠡᠷ ᠦᠨᠳᠦᠰᠦᠲᠡᠨ ᠨᠦᠭᠦᠳ ᠲᠦ ᠣᠯᠵᠠᠯᠠᠭᠤᠯᠵᠤ᠂ 6 ᠮᠥᠨ ᠬᠡᠭᠡᠷ᠎ᠡ ᠲᠠᠯ᠎ᠠ ᠳᠤ ᠪᠤᠢ ᠲᠣᠰᠬᠣᠳ ᠨᠢ ᠢᠯᠳᠦᠨ ᠳᠦ ᠰᠦᠢᠷᠡᠨ᠎ᠡ᠂ ᠡᠢᠨ ᠬᠦ ᠲᠡᠳᠡ ᠨᠠᠮᠠᠶᠢ ᠶᠣᠬᠣᠸᠠ ᠭᠡᠳᠡᠭ ᠢ ᠮᠡᠳᠡᠬᠦ ᠪᠣᠯᠣᠨ᠎ᠠ᠃〉》 7 ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 《ᠬᠠᠷᠠ᠂ ᠪᠢ ᠬᠠᠭᠠᠳ ᠤᠨ ᠬᠠᠭᠠᠨ ᠪᠣᠯᠬᠤ ᠪᠠᠪᠢᠯᠣᠨ ᠤ ᠬᠠᠭᠠᠨ ᠨᠧᠪᠦ᠋ᠺᠠᠨᠧᠽᠠᠷ ᠢ ᠮᠣᠷᠢᠳ ᠪᠣᠯᠣᠨ ᠲᠡᠷᠭᠡ ᠨᠦᠭᠦᠳ᠂ ᠮᠣᠷᠢᠲᠤ ᠴᠡᠷᠢᠭ ᠪᠣᠯᠣᠨ ᠶᠡᠬᠡ ᠴᠡᠷᠢᠭ ᠲᠠᠢ ᠨᠢ ᠬᠠᠮᠲᠤ ᠤᠮᠠᠷᠠᠲᠤ ᠠᠴᠠ ᠲᠢᠷ ᠤᠷᠤᠭᠤ ᠠᠪᠴᠢᠷᠠᠨ᠎ᠠ᠃ 8 ᠲᠡᠷᠡ ᠨᠢ ᠬᠡᠭᠡᠷ᠎ᠡ ᠲᠠᠯ᠎ᠠ ᠳᠤ ᠪᠤᠢ ᠲᠣᠰᠬᠣᠳ ᠢ ᠴᠢᠨᠢ ᠢᠯᠳᠦ ᠪᠡᠷ ᠰᠦᠢᠷᠡᠭᠦᠯᠵᠦ᠂ ᠴᠢᠮᠠᠶᠢ ᠪᠦᠰᠡᠯᠡᠬᠦ ᠬᠡᠷᠡᠮ ᠪᠠᠷᠢᠵᠤ᠂ ᠪᠡᠬᠢᠯᠡᠯᠲᠡ ᠪᠠᠢᠭᠤᠯᠤᠨ᠂ ᠴᠢᠨᠦ ᠡᠮᠦᠨ᠎ᠡ ᠬᠠᠯᠬᠠᠪᠴᠢ ᠪᠣᠰᠬᠠᠨ᠎ᠠ᠃ 9 ᠲᠡᠷᠡ ᠪᠡᠷ ᠬᠡᠷᠡᠮ ᠢ ᠴᠢᠨᠢ ᠨᠤᠷᠠᠭᠠᠭᠤᠷ ᠢᠶᠠᠷ ᠴᠣᠬᠢᠵᠤ᠂ ᠴᠠᠮᠬᠠᠭ ᠤᠳ ᠢ ᠴᠢᠨᠢ ᠰᠦᠬᠡ ᠪᠡᠷ ᠨᠤᠷᠠᠭᠠᠨ᠎ᠠ᠃ 10 ᠦᠢ ᠣᠯᠠᠨ ᠮᠣᠷᠢᠳ ᠤᠨ ᠬᠢᠨᠢ ᠲᠣᠭᠣᠰᠣ ᠴᠢᠮᠠᠶᠢ ᠳᠠᠷᠤᠬᠤ ᠪᠥᠭᠡᠳ ᠲᠡᠷᠡ ᠪᠡᠷ ᠨᠤᠷᠠᠭᠰᠠᠨ ᠬᠣᠲᠠ ᠳᠤ ᠣᠷᠣᠬᠤ ᠰᠢᠭ᠋ ᠴᠢᠨᠦ ᠬᠣᠲᠠ ᠶᠢᠨ ᠬᠠᠭᠠᠯᠭ᠎ᠠ ᠪᠠᠷ ᠣᠷᠣᠬᠤ ᠳᠤ ᠮᠣᠷᠢᠲᠤ ᠴᠡᠷᠢᠭ᠂ ᠮᠤᠬᠤᠯᠠᠭ ᠲᠡᠷᠭᠡ᠂ ᠮᠣᠷᠢᠨ ᠲᠡᠷᠭᠡᠨ ᠦ ᠴᠢᠮᠡᠭᠡᠨ ᠳᠦ ᠬᠡᠷᠡᠮ ᠴᠢᠨᠢ ᠳᠣᠷᠭᠢᠬᠤ ᠪᠣᠯᠣᠨ᠎ᠠ᠃ 11 ᠲᠡᠷᠡ ᠪᠡᠷ ᠮᠣᠷᠢᠳ ᠤᠨ ᠢᠶᠠᠨ ᠲᠤᠭᠤᠷᠠᠢ ᠪᠠᠷ ᠬᠠᠮᠤᠭ ᠭᠤᠳᠤᠮᠵᠢ ᠶᠢ ᠴᠢᠨᠢ ᠲᠠᠯᠬᠢᠯᠠᠵᠤ᠂ ᠠᠷᠠᠳ ᠲᠦᠮᠡᠨ ᠢ ᠴᠢᠨᠢ ᠢᠯᠳᠦ ᠪᠡᠷ ᠠᠯᠠᠬᠤ ᠳᠤ᠂ ᠪᠠᠲᠤ ᠪᠠᠭᠠᠨ᠎ᠠ ᠨᠤᠭᠤᠳ ᠴᠢᠨᠢ ᠭᠠᠵᠠᠷ ᠲᠤ ᠤᠨᠠᠨ᠎ᠠ᠃ 12 ᠲᠡᠳᠡ ᠪᠠᠶᠠᠯᠢᠭ ᠢ ᠴᠢᠨᠢ ᠪᠤᠯᠢᠶᠠᠵᠤ᠂ ᠡᠳ᠋ ᠪᠠᠷᠠᠭ᠎ᠠ ᠶᠢ ᠴᠢᠨᠢ ᠣᠯᠵᠠᠯᠠᠨ᠎ᠠ᠂ ᠲᠡᠳᠡ ᠬᠡᠷᠡᠮ ᠢ ᠴᠢᠨᠢ ᠨᠤᠷᠠᠭᠠᠨ᠂ ᠲᠣᠬᠢᠯᠢᠭ᠋ ᠪᠠᠢᠰᠢᠩ ᠤᠳ ᠢ ᠴᠢᠨᠢ ᠪᠠᠭᠤᠯᠭᠠᠵᠤ᠂ ᠴᠢᠯᠠᠭᠤ᠂ ᠳ᠋ᠦᠨᠵᠡ ᠪᠣᠯᠣᠨ ᠰᠢᠷᠣᠢ ᠶᠢ ᠴᠢᠨᠢ ᠳᠠᠯᠠᠢ ᠳᠤ ᠬᠠᠶᠠᠬᠤ ᠪᠣᠯᠣᠨ᠎ᠠ᠃ 13 ᠲᠡᠢᠨ ᠬᠦ ᠪᠢ ᠴᠢᠨᠦ ᠠᠶ᠎ᠠ ᠳᠠᠭᠤᠤ ᠶᠢ ᠵᠣᠭᠰᠣᠭᠠᠵᠤ᠂ ᠶᠠᠲᠤᠭ᠎ᠠ ᠶᠢᠨ ᠴᠢᠨᠢ ᠠᠶᠠᠯᠭᠤ ᠳᠠᠬᠢᠨ ᠰᠣᠨᠣᠰᠳᠠᠬᠤ ᠦᠭᠡᠢ ᠪᠣᠯᠣᠨ᠎ᠠ᠃ 14 ᠪᠢ ᠴᠢᠮᠠᠶᠢ ᠨᠢᠴᠦᠭᠦᠨ ᠬᠠᠳᠠ ᠪᠣᠯᠭᠠᠨ᠎ᠠ᠂ ᠴᠢ ᠲᠣᠣᠷ ᠲᠠᠯᠪᠢᠬᠤ ᠭᠠᠵᠠᠷ ᠪᠣᠯᠵᠤ᠂ ᠳᠠᠬᠢᠨ ᠪᠣᠰᠬᠤ ᠦᠭᠡᠢ᠃ ᠶᠣᠬᠣᠸᠠ ᠪᠢ ᠡᠢᠨ ᠬᠦ ᠶᠠᠷᠢᠯ᠎ᠠ᠃》 ᠡᠵᠡᠨ ᠶᠣᠬᠣᠸᠠ ᠠᠢᠯᠠᠳᠴᠤ ᠪᠠᠢᠨ᠎ᠠ᠃

15 ᠡᠵᠡᠨ ᠶᠣᠬᠣᠸᠠ ᠲᠢᠷ ᠲᠤ ᠡᠢᠨ ᠬᠦ ᠠᠢᠯᠠᠳᠴᠤ ᠪᠠᠢᠨ᠎ᠠ᠄ 《ᠰᠢᠷᠬᠠᠲᠤᠭᠰᠠᠳ ᠶᠣᠣᠯᠠᠵᠤ᠂ ᠲᠠ ᠨᠠᠷ ᠤᠨ ᠳᠤᠮᠳᠠ ᠬᠢᠳᠤᠯᠭ᠎ᠠ ᠪᠣᠯᠣᠨ᠎ᠠ᠂ ᠲᠡᠭᠡᠬᠦ ᠳᠦ ᠳᠠᠯᠠᠢ ᠶᠢᠨ ᠡᠷᠭᠢ ᠶᠢᠨ ᠬᠢᠨ ᠴᠢᠨᠦ ᠨᠤᠷᠠᠵᠤ ᠤᠨᠠᠬᠤ ᠴᠢᠮᠡᠭᠡᠨ ᠳᠦ ᠴᠡᠴᠡᠷᠡᠬᠦ ᠦᠭᠡᠢ ᠭᠡᠵᠢ ᠤᠤ︖ 16 ᠳᠠᠯᠠᠢ ᠶᠢᠨ ᠡᠷᠭᠢ ᠶᠢᠨ ᠪᠦᠬᠦ ᠨᠣᠶᠠᠨ ᠰᠠᠭᠤᠳᠠᠯ ᠠᠴᠠ ᠪᠠᠨ ᠪᠠᠭᠤᠨ᠂ ᠨᠥᠮᠥᠷᠭᠡ ᠪᠡᠨ ᠠᠪᠴᠤ᠂ ᠬᠠᠳᠬᠤᠮᠠᠯᠲᠤ ᠬᠤᠪᠴᠠᠰᠤ ᠪᠠᠨ ᠲᠠᠢᠯᠵᠤ᠂ ᠠᠢᠳᠠᠰ ᠢᠶᠠᠷ ᠬᠤᠪᠴᠠᠰᠤᠯᠠᠨ ᠭᠠᠵᠠᠷ ᠳᠡᠭᠡᠷ᠎ᠡ ᠰᠠᠭᠤᠨ᠎ᠠ᠃ ᠲᠡᠳᠡ ᠴᠢᠮᠠᠶᠢ ᠬᠠᠷᠠᠭᠠᠳ ᠰᠣᠴᠢᠵᠤ᠂ ᠮᠥᠴᠡ ᠪᠣᠯᠭᠠᠨ ᠳᠤ ᠴᠡᠴᠡᠷᠡᠨ᠎ᠡ᠃ 17 ᠲᠡᠳᠡ ᠴᠢᠨᠦ ᠲᠤᠬᠠᠢ ᠭᠠᠰᠢᠭᠤᠳᠠᠯ ᠤᠨ ᠳᠠᠭᠤᠤ ᠵᠣᠬᠢᠶᠠᠵᠤ᠂ ᠴᠢᠮ᠎ᠠ ᠳᠤ᠄ 〈ᠳᠠᠯᠠᠢᠴᠢᠳ ᠤᠨ ᠰᠠᠭᠤᠴᠠ᠂ ᠨᠡᠷ᠎ᠡ ᠴᠤᠤᠲᠠᠢ ᠬᠣᠲᠠ ᠡ︕ ᠴᠢ ᠪᠣᠯᠣᠨ ᠴᠢᠨᠦ ᠰᠠᠭᠤᠭᠠᠯᠢᠴᠢᠳ ᠳᠠᠯᠠᠢ ᠳᠡᠭᠡᠷ᠎ᠡ ᠠᠢᠳᠠᠰ ᠲᠥᠷᠥᠭᠦᠯᠦᠮ᠎ᠡ ᠠᠤᠭ᠎ᠠ ᠬᠦᠴᠦᠲᠡᠢ ᠪᠠᠢᠭᠰᠠᠨ ᠢᠶᠠᠨ ᠶᠠᠭᠠᠬᠢᠨ ᠡᠢᠨ ᠬᠦ ᠰᠦᠢᠷᠡᠪᠡ︕
18 ᠨᠤᠷᠠᠬᠤ ᠡᠳᠦᠷ ᠲᠦ ᠴᠢᠨᠢ ᠡᠷᠭᠢ ᠶᠢᠨ ᠬᠢᠨ ᠴᠡᠴᠡᠷᠡᠨ᠎ᠡ ᠲᠡᠭᠦᠰᠬᠡᠯ ᠢ ᠴᠢᠨᠢ ᠬᠠᠷᠠᠭᠠᠳ ᠳᠠᠯᠠᠢ ᠶᠢᠨ ᠠᠷᠠᠯ ᠤᠨ ᠬᠢᠨ ᠰᠣᠴᠢᠨ᠎ᠠ᠃〉》

19 ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 《ᠪᠢ ᠴᠢᠮᠠᠶᠢ ᠰᠠᠭᠤᠭᠠᠯᠢᠴᠢᠳ ᠦᠭᠡᠢ ᠬᠣᠲᠠ ᠮᠡᠲᠦ ᠡᠵᠡᠭᠦᠢᠷᠡᠭᠰᠡᠨ ᠬᠣᠲᠠ ᠪᠣᠯᠭᠠᠨ᠂ ᠭᠦᠨ ᠳᠠᠯᠠᠢ ᠶᠢ ᠳᠡᠭᠡᠷ᠎ᠡ ᠡᠴᠡ ᠴᠢᠨᠢ ᠬᠥᠮᠥᠷᠢᠭᠦᠯᠦᠨ᠎ᠡ᠂ ᠶᠡᠬᠡ ᠤᠰᠤ ᠴᠢᠮᠠᠶᠢ ᠪᠦᠷᠬᠦᠨ᠎ᠡ᠃ 20 ᠲᠡᠭᠡᠬᠦ ᠳᠦ ᠪᠢ ᠴᠢᠮᠠᠶᠢ ᠨᠦᠬᠡᠨ ᠳᠦ ᠤᠨᠠᠬᠤ ᠬᠥᠮᠦᠰ ᠲᠡᠢ ᠬᠠᠮᠲᠤ ᠡᠷᠲᠡᠨ ᠦ ᠬᠥᠮᠦᠰ ᠤᠷᠤᠭᠤ ᠤᠨᠠᠭᠠᠵᠤ᠂ ᠴᠢᠮᠠᠶᠢ ᠨᠦᠬᠡᠨ ᠳᠦ ᠤᠨᠠᠭᠰᠠᠳ ᠲᠠᠢ ᠬᠠᠮᠲᠤ ᠮᠥᠩᠬᠡ ᠶᠢᠨ ᠪᠠᠯᠭᠠᠰᠤ ᠮᠡᠲᠦ ᠲᠡᠷᠡ ᠭᠠᠵᠠᠷ ᠪᠠᠢᠯᠭᠠᠨ᠎ᠠ᠃ ᠴᠢ ᠪᠤᠴᠠᠵᠤ ᠢᠷᠡᠬᠦ ᠦᠭᠡᠢ᠂ ᠠᠮᠢᠳᠤᠷᠠᠭᠰᠠᠳ ᠤᠨ ᠣᠷᠣᠨ ᠳᠤ ᠣᠷᠣᠬᠤ ᠦᠭᠡᠢ 13 21 ᠪᠢ ᠴᠢᠮᠠᠶᠢ ᠠᠶᠤᠮᠰᠢᠭᠲᠠᠢ ᠪᠠᠷ ᠡᠴᠦᠰᠯᠡᠭᠦᠯᠵᠦ᠂ ᠴᠢ ᠪᠠᠢᠬᠤ ᠪᠠᠨ ᠪᠣᠯᠢᠨ᠎ᠠ᠃ ᠬᠥᠮᠦᠨ ᠴᠢᠮᠠᠶᠢ ᠬᠠᠢᠬᠤ ᠪᠣᠯᠪᠠᠴᠤ᠂ ᠴᠢ ᠳᠠᠬᠢᠨ ᠬᠡᠵᠢᠶ᠎ᠡ ᠴᠤ ᠣᠯᠳᠠᠬᠤ ᠦᠭᠡᠢ᠃》 ᠡᠵᠡᠨ ᠶᠣᠬᠣᠸᠠ ᠠᠢᠯᠠᠳᠴᠤ ᠪᠠᠢᠨ᠎ᠠ᠃