1 2 3 4 5 6 7 8 9 10 11 12 13 14 15 16 17 18 19 20 21 22 23 24 25 26 27 28 29 30 31 32 33 34 35 36 37 38 39 40 41 42 43 44 45 46 47 48


ᠡᠽᠧᠺᠢᠶᠧᠯ ᠳᠥᠴᠢᠨ ᠨᠠᠢ᠌ᠮᠠ
 ᠭᠠᠵᠠᠷ ᠬᠤᠪᠢᠶᠠᠯᠲᠠ

1 ᠣᠪᠣᠭ ᠤᠳ ᠤᠨ ᠨᠡᠷᠡᠰ ᠦᠨ ᠳᠠᠭᠠᠤ ᠡᠢᠮᠦ ᠪᠠᠢᠨ᠎ᠠ᠄ ᠳ᠋ᠠᠨ ᠨᠢᠭᠡ ᠬᠤᠪᠢ ᠲᠠᠢ ᠪᠥᠭᠡᠳ ᠬᠣᠢᠲᠤ ᠬᠢᠵᠠᠭᠠᠷ ᠲᠤ ᠪᠠᠢᠬᠤ ᠪᠣᠯᠣᠨ᠎ᠠ᠃ ᠬᠢᠯᠢ ᠨᠢ ᠾᠧᠲ᠋ᠯᠣᠨ ᠤ ᠵᠠᠮ ᠢᠶᠠᠷ ᠯᠧᠪᠣᠬᠠᠮᠠᠲ ᠲᠤ ᠬᠦᠷᠦᠨ᠎ᠡ᠂ ᠬᠠᠽᠠᠷ ᠧᠨᠠᠨ ᠬᠢᠭᠡᠳ ᠬᠠᠮᠠᠲ ᠤᠨ ᠬᠠᠵᠠᠭᠤ ᠳᠠᠬᠢ ᠳ᠋ᠠᠮᠠᠰᠺᠦ᠋ᠰ ᠤᠨ ᠤᠮᠠᠷᠠᠲᠤ ᠬᠢᠯᠢ ᠨᠢ ᠵᠡᠭᠦᠨ ᠡᠴᠡ ᠪᠠᠷᠠᠭᠤᠨᠰᠢ ᠦᠷᠭᠦᠯᠵᠢᠯᠡᠬᠦ ᠳ᠋ᠠᠨ ᠤ ᠨᠤᠲᠤᠭ ᠳᠡᠪᠢᠰᠬᠡᠷ ᠪᠣᠯᠣᠨ᠎ᠠ᠃ 2 ᠠᠱᠧᠷ ᠨᠢ ᠨᠢᠭᠡ ᠬᠤᠪᠢ ᠲᠠᠢ ᠪᠥᠭᠡᠳ ᠲᠡᠷᠡ ᠨᠢ ᠳ᠋ᠠᠨ ᠤ ᠬᠠᠵᠠᠭᠤ ᠪᠠᠷ ᠵᠡᠭᠦᠨ ᠡᠴᠡ ᠪᠠᠷᠠᠭᠤᠨᠰᠢ ᠦᠷᠭᠦᠯᠵᠢᠯᠡᠨ᠎ᠡ᠃ 3 ᠨᠠᠹᠲ᠋ᠠᠯᠢ ᠨᠢ ᠨᠢᠭᠡ ᠬᠤᠪᠢ ᠲᠠᠢ ᠪᠥᠭᠡᠳ ᠲᠡᠷᠡ ᠨᠢ ᠠᠱᠧᠷ ᠤᠨ ᠬᠠᠵᠠᠭᠤ ᠪᠠᠷ ᠵᠡᠭᠦᠨ ᠡᠴᠡ ᠪᠠᠷᠠᠭᠤᠨᠰᠢ ᠦᠷᠭᠦᠯᠵᠢᠯᠡᠨ᠎ᠡ᠃ 4 ᠮᠠᠨᠠᠰᠧ ᠨᠢ ᠨᠢᠭᠡ ᠬᠤᠪᠢ ᠲᠠᠢ ᠪᠥᠭᠡᠳ ᠲᠡᠷᠡ ᠨᠢ ᠨᠠᠹᠲ᠋ᠠᠯᠢ ᠶᠢᠨ ᠬᠠᠵᠠᠭᠤ ᠪᠠᠷ ᠵᠡᠭᠦᠨ ᠡᠴᠡ ᠪᠠᠷᠠᠭᠤᠨᠰᠢ ᠦᠷᠭᠦᠯᠵᠢᠯᠡᠨ᠎ᠡ᠃ 5 ᠡᠹᠷᠠᠢᠮ ᠨᠢ ᠨᠢᠭᠡ ᠬᠤᠪᠢ ᠲᠠᠢ ᠪᠥᠭᠡᠳ ᠲᠡᠷᠡ ᠨᠢ ᠮᠠᠨᠠᠰᠧ ᠶᠢᠨ ᠬᠠᠵᠠᠭᠤ ᠪᠠᠷ ᠵᠡᠭᠦᠨ ᠡᠴᠡ ᠪᠠᠷᠠᠭᠤᠨᠰᠢ ᠦᠷᠭᠦᠯᠵᠢᠯᠡᠨ᠎ᠡ᠃ 6 ᠷᠧᠣᠪᠧᠨ ᠨᠢ ᠨᠢᠭᠡ ᠬᠤᠪᠢ ᠲᠠᠢ ᠪᠥᠭᠡᠳ ᠲᠡᠷᠡ ᠨᠢ ᠡᠹᠷᠠᠢᠮ ᠤᠨ ᠬᠠᠵᠠᠭᠤ ᠪᠠᠷ ᠵᠡᠭᠦᠨ ᠡᠴᠡ ᠪᠠᠷᠠᠭᠤᠨᠰᠢ ᠦᠷᠭᠦᠯᠵᠢᠯᠡᠨ᠎ᠡ᠃ 7 ᠶᠦᠳᠠ ᠨᠢ ᠨᠢᠭᠡ ᠬᠤᠪᠢ ᠲᠠᠢ ᠪᠥᠭᠡᠳ ᠲᠡᠷᠡ ᠨᠢ ᠷᠧᠣᠪᠧᠨ ᠤ ᠬᠠᠵᠠᠭᠤ ᠪᠠᠷ ᠵᠡᠭᠦᠨ ᠡᠴᠡ ᠪᠠᠷᠠᠭᠤᠨᠰᠢ ᠦᠷᠭᠦᠯᠵᠢᠯᠡᠨ᠎ᠡ᠃

8 ᠶᠦᠳᠠ ᠶᠢᠨ ᠬᠢᠯᠢ ᠶᠢᠨ ᠬᠠᠵᠠᠭᠤ ᠳᠠᠬᠢ ᠵᠡᠭᠦᠨ ᠡᠴᠡ ᠪᠠᠷᠠᠭᠤᠨᠰᠢ ᠦᠷᠭᠦᠯᠵᠢᠯᠡᠬᠦ ᠭᠠᠵᠠᠷ ᠨᠢ ᠲᠠ ᠨᠠᠷ ᠤᠨ ᠡᠷᠭᠦᠬᠦ ᠬᠠᠨᠳᠢᠪ ᠪᠣᠯᠣᠨ᠎ᠠ᠂ ᠬᠣᠶᠠᠷ ᠲᠦᠮᠡ ᠲᠠᠪᠤᠨ ᠮᠢᠩ᠋ᠭᠠᠨ ᠲᠣᠬᠣᠢ ᠥᠷᠭᠡᠨ᠂ ᠵᠡᠭᠦᠨ ᠲᠠᠯ᠎ᠠ ᠠᠴᠠ ᠪᠠᠷᠠᠭᠤᠨ ᠲᠠᠯ᠎ᠠ ᠬᠦᠷᠲᠡᠯᠡᠬᠢ ᠤᠷᠲᠤ ᠨᠢ ᠪᠤᠰᠤᠳ ᠣᠪᠣᠭ ᠤᠨ ᠬᠤᠪᠢ ᠲᠠᠢ ᠠᠳᠠᠯᠢ᠃ ᠠᠷᠢᠭᠤᠨ ᠭᠠᠵᠠᠷ ᠲᠡᠭᠦᠨ ᠦ ᠲᠥᠪ ᠲᠤ ᠪᠠᠢᠬᠤ ᠶᠣᠰᠣᠲᠠᠢ᠃ 9 ᠶᠣᠬᠣᠸᠠ ᠳᠤ ᠡᠷᠭᠦᠬᠦ ᠬᠠᠨᠳᠢᠪ ᠪᠣᠯᠬᠤ ᠭᠠᠵᠠᠷ ᠨᠢ ᠬᠣᠶᠠᠷ ᠲᠦᠮᠡ ᠲᠠᠪᠤᠨ ᠮᠢᠩ᠋ᠭᠠᠨ ᠲᠣᠬᠣᠢ ᠤᠷᠲᠤ᠂ ᠲᠦᠮᠡᠨ ᠲᠣᠬᠣᠢ ᠥᠷᠭᠡᠨ ᠪᠠᠢᠬᠤ ᠶᠣᠰᠣᠲᠠᠢ᠃ 10 ᠡᠳᠡᠭᠡᠷ ᠠᠷᠢᠭᠤᠨ ᠬᠠᠨᠳᠢᠪ ᠲᠠᠬᠢᠯᠴᠢᠳ ᠤᠨ ᠬᠢ ᠪᠣᠯᠣᠨ᠎ᠠ᠃ ᠬᠣᠢᠲᠤ ᠲᠠᠯ᠎ᠠ ᠨᠢ ᠬᠣᠶᠠᠷ ᠲᠦᠮᠡ ᠲᠠᠪᠤᠨ ᠮᠢᠩ᠋ᠭᠠᠨ ᠲᠣᠬᠣᠢ ᠤᠷᠲᠤ᠂ ᠪᠠᠷᠠᠭᠤᠨ ᠲᠠᠯ᠎ᠠ ᠨᠢ ᠲᠦᠮᠡᠨ ᠲᠣᠬᠣᠢ ᠥᠷᠭᠡᠨ᠂ ᠵᠡᠭᠦᠨ ᠲᠠᠯ᠎ᠠ ᠨᠢ ᠲᠦᠮᠡᠨ ᠲᠣᠬᠣᠢ ᠥᠷᠭᠡᠨ᠂ ᠡᠮᠦᠨ᠎ᠡ ᠲᠠᠯ᠎ᠠ ᠨᠢ ᠬᠣᠶᠠᠷ ᠲᠦᠮᠡ ᠲᠠᠪᠤᠨ ᠮᠢᠩ᠋ᠭᠠᠨ ᠲᠣᠬᠣᠢ ᠤᠷᠲᠤ ᠪᠢᠯᠡ᠃ ᠶᠣᠬᠣᠸᠠ ᠶᠢᠨ ᠠᠷᠢᠭᠤᠨ ᠭᠠᠵᠠᠷ ᠲᠡᠭᠦᠨ ᠦ ᠲᠥᠪ ᠲᠤ ᠪᠤᠢ᠃ 11 ᠲᠡᠷᠡ ᠭᠠᠵᠠᠷ ᠨᠢ ᠽᠠᠳᠣᠺ ᠤᠨ ᠦᠷ᠎ᠡ ᠤᠳᠤᠮ᠂ ᠲᠤᠰᠠᠭᠠᠷᠯᠠᠭᠳᠠᠭᠰᠠᠨ ᠲᠠᠬᠢᠯᠴᠢᠳ ᠤᠨ ᠬᠢ᠃ ᠲᠡᠳᠡ ᠮᠢᠨᠦ ᠰᠠᠬᠢᠭᠤᠯᠤᠭᠰᠠᠨ ᠢ ᠰᠠᠬᠢᠭᠰᠠᠨ ᠪᠥᠭᠡᠳ ᠢᠰᠷᠧᠯᠴᠦᠳ ᠲᠥᠭᠡᠷᠢᠬᠦ ᠦᠶ᠎ᠡ ᠳᠦ᠂ ᠪᠤᠰᠤᠳ ᠯᠧᠸᠢᠴᠦᠳ ᠲᠡᠢ ᠠᠳᠠᠯᠢ ᠲᠥᠭᠡᠷᠢᠭᠰᠡᠨ ᠪᠢᠰᠢ ᠶᠤᠮ᠃ 12 ᠲᠡᠢᠮᠦ ᠡᠴᠡ ᠭᠠᠵᠠᠷ ᠤᠨ ᠬᠠᠨᠳᠢᠪ ᠤᠳ ᠤᠨ ᠣᠬᠢ᠂ ᠠᠷᠢᠭᠤᠨ ᠠᠴᠠ ᠠᠷᠢᠭᠤᠨ ᠬᠤᠪᠢ᠂ ᠯᠧᠸᠢᠴᠦᠳ ᠦᠨ ᠭᠠᠵᠠᠷ ᠲᠠᠢ ᠬᠢᠯᠢᠯᠡᠬᠦ ᠭᠠᠵᠠᠷ ᠨᠢ ᠲᠡᠳᠡᠨ ᠦ ᠬᠢ ᠪᠠᠢᠬᠤ ᠶᠣᠰᠣᠲᠠᠢ᠃ 13 ᠯᠧᠸᠢᠴᠦᠳ ᠨᠢ ᠲᠠᠬᠢᠯᠴᠢᠳ ᠤᠨ ᠭᠠᠵᠠᠷ ᠤᠨ ᠬᠠᠵᠠᠭᠤ ᠳᠤ ᠬᠣᠶᠠᠷ ᠲᠦᠮᠡ ᠲᠠᠪᠤᠨ ᠮᠢᠩ᠋ᠭᠠᠨ ᠲᠣᠬᠣᠢ ᠤᠷᠲᠤ᠂ ᠲᠦᠮᠡᠨ ᠲᠣᠬᠣᠢ ᠥᠷᠭᠡᠨ ᠬᠤᠪᠢ ᠲᠠᠢ᠂ ᠨᠡᠢᠲᠡ ᠬᠣᠶᠠᠷ ᠲᠦᠮᠡ ᠲᠠᠪᠤᠨ ᠮᠢᠩ᠋ᠭᠠᠨ ᠲᠣᠬᠣᠢ ᠤᠷᠲᠤ᠂ ᠲᠦᠮᠡᠨ ᠲᠣᠬᠣᠢ ᠥᠷᠭᠡᠨ᠃ 14 ᠲᠡᠳᠡ ᠡᠭᠦᠨ ᠢ ᠪᠠᠨ ᠬᠤᠳᠠᠯᠳᠤᠬᠤ᠂ ᠡᠰᠡᠪᠡᠯ ᠰᠣᠯᠢᠵᠤ ᠪᠣᠯᠬᠤ ᠦᠭᠡᠢ᠃ ᠡᠨᠡ ᠨᠢ ᠭᠠᠵᠠᠷ ᠤᠨ ᠳᠡᠭᠡᠵᠢ᠂ ᠪᠤᠰᠤᠳ ᠲᠤ ᠰᠢᠯᠵᠢᠭᠦᠯᠵᠦ ᠪᠣᠯᠬᠤ ᠦᠭᠡᠢ᠃ ᠶᠣᠬᠣᠸᠠ ᠲᠡᠭᠦᠨ ᠢ ᠠᠷᠢᠭᠤᠨ ᠬᠡᠮᠡᠨ ᠲᠤᠰᠠᠭᠠᠷᠯᠠᠭᠰᠠᠨ ᠶᠤᠮ᠃

15 ᠦᠯᠡᠳᠡᠭᠰᠡᠨ ᠲᠠᠪᠤᠨ ᠮᠢᠩ᠋ᠭᠠᠨ ᠲᠣᠬᠣᠢ ᠥᠷᠭᠡᠨ᠂ ᠬᠣᠶᠠᠷ ᠲᠦᠮᠡ ᠲᠠᠪᠤᠨ ᠮᠢᠩ᠋ᠭᠠᠨ ᠲᠣᠬᠣᠢ ᠤᠷᠲᠤ ᠡᠩ ᠦᠨ ᠭᠠᠵᠠᠷ ᠨᠢ ᠬᠣᠲᠠ ᠶᠢᠨ ᠬᠢ᠂ ᠣᠷᠣᠨ ᠰᠠᠭᠤᠴᠠ ᠪᠣᠯᠣᠨ ᠪᠡᠯᠴᠢᠭᠡᠷ ᠦᠨ ᠭᠠᠵᠠᠷ ᠪᠣᠯᠣᠨ᠎ᠠ᠃ ᠬᠣᠲᠠ ᠨᠢ ᠲᠡᠭᠦᠨ ᠦ ᠲᠥᠪ ᠲᠤ ᠪᠠᠢᠬᠤ ᠪᠣᠯᠣᠨ᠎ᠠ᠃ 16 ᠲᠡᠭᠦᠨ ᠦ ᠬᠡᠮᠵᠢᠶ᠎ᠡ ᠭᠡᠪᠡᠯ᠂ ᠬᠣᠢᠲᠤ ᠲᠠᠯ᠎ᠠ ᠨᠢ ᠳᠥᠷᠪᠡᠨ ᠮᠢᠩ᠋ᠭ᠎ᠠ ᠲᠠᠪᠤᠨ ᠵᠠᠭᠤᠨ ᠲᠣᠬᠣᠢ᠂ ᠡᠮᠦᠨᠡᠲᠦ ᠲᠠᠯ᠎ᠠ ᠨᠢ ᠳᠥᠷᠪᠡᠨ ᠮᠢᠩ᠋ᠭ᠎ᠠ ᠲᠠᠪᠤᠨ ᠵᠠᠭᠤᠨ ᠲᠣᠬᠣᠢ᠂ ᠵᠡᠭᠦᠨ ᠲᠠᠯ᠎ᠠ ᠨᠢ ᠳᠥᠷᠪᠡᠨ ᠮᠢᠩ᠋ᠭ᠎ᠠ ᠲᠠᠪᠤᠨ ᠵᠠᠭᠤᠨ ᠲᠣᠬᠣᠢ᠂ ᠪᠠᠷᠠᠭᠤᠨ ᠲᠠᠯ᠎ᠠ ᠨᠢ ᠳᠥᠷᠪᠡᠨ ᠮᠢᠩ᠋ᠭ᠎ᠠ ᠲᠠᠪᠤᠨ ᠵᠠᠭᠤᠨ ᠲᠣᠬᠣᠢ ᠪᠠᠢᠨ᠎ᠠ᠃ 17 ᠲᠡᠷᠡ ᠬᠣᠲᠠ ᠶᠢᠨ ᠪᠡᠯᠴᠢᠭᠡᠷ ᠦᠨ ᠬᠡᠮᠵᠢᠶ᠎ᠡ ᠭᠡᠪᠡᠯ᠂ ᠬᠣᠢᠲᠤ ᠲᠠᠯ᠎ᠠ ᠨᠢ ᠬᠣᠶᠠᠷ ᠵᠠᠭᠤ ᠲᠠᠪᠢᠨ ᠲᠣᠬᠣᠢ᠂ ᠡᠮᠦᠨ᠎ᠡ ᠲᠠᠯ᠎ᠠ ᠨᠢ ᠬᠣᠶᠠᠷ ᠵᠠᠭᠤ ᠲᠠᠪᠢᠨ ᠲᠣᠬᠣᠢ᠂ ᠵᠡᠭᠦᠨ ᠲᠠᠯ᠎ᠠ ᠨᠢ ᠬᠣᠶᠠᠷ ᠵᠠᠭᠤ ᠲᠠᠪᠢᠨ ᠲᠣᠬᠣᠢ᠂ ᠪᠠᠷᠠᠭᠤᠨ ᠲᠠᠯ᠎ᠠ ᠨᠢ ᠬᠣᠶᠠᠷ ᠵᠠᠭᠤ ᠲᠠᠪᠢᠨ ᠲᠣᠬᠣᠢ ᠪᠠᠢᠨ᠎ᠠ᠃ 18 ᠠᠷᠢᠭᠤᠨ ᠬᠠᠨᠳᠢᠪ ᠪᠣᠯᠣᠭᠰᠠᠨ ᠭᠠᠵᠠᠷ ᠲᠠᠢ ᠵᠠᠯᠭᠠᠳᠠᠭ ᠦᠯᠡᠳᠡᠭᠰᠡᠨ ᠭᠠᠵᠠᠷ ᠨᠢ ᠵᠡᠭᠦᠨᠰᠢ ᠲᠦᠮᠡᠨ ᠲᠣᠬᠣᠢ᠂ ᠪᠠᠷᠠᠭᠤᠨᠰᠢ ᠲᠦᠮᠡᠨ ᠲᠣᠬᠣᠢ ᠪᠠᠢᠨ᠎ᠠ᠃ ᠤᠷᠭᠤᠴᠠ ᠨᠢ ᠬᠣᠲᠠ ᠶᠢᠨ ᠬᠥᠳᠡᠯᠮᠦᠷᠢᠴᠢᠳ ᠤᠨ ᠬᠦᠨᠡᠰᠦ ᠪᠣᠯᠣᠨ᠎ᠠ᠃ 19 ᠬᠠᠷᠢᠨ ᠲᠡᠷᠡ ᠭᠠᠵᠠᠷ ᠢ ᠬᠠᠭᠠᠯᠬᠤ ᠬᠥᠮᠦᠰ ᠨᠢ ᠢᠰᠷᠧᠯ ᠤᠨ ᠪᠦᠬᠦ ᠣᠪᠣᠭ ᠠᠴᠠ ᠢᠷᠡᠭᠰᠡᠨ ᠬᠣᠲᠠ ᠶᠢᠨ ᠬᠥᠳᠡᠯᠮᠦᠷᠢᠴᠢᠳ ᠪᠠᠢᠬᠤ ᠬᠡᠷᠡᠭᠲᠡᠢ᠃ 20 ᠠᠷᠢᠭᠤᠨ ᠬᠠᠨᠳᠢᠪ ᠨᠢ ᠨᠡᠢᠲᠡ ᠬᠣᠶᠠᠷ ᠲᠦᠮᠡ ᠲᠠᠪᠤᠨ ᠮᠢᠩ᠋ᠭᠠᠨ ᠲᠣᠬᠣᠢ ᠤᠷᠲᠤ᠂ ᠬᠣᠶᠠᠷ ᠲᠦᠮᠡ ᠲᠠᠪᠤᠨ ᠮᠢᠩ᠋ᠭᠠᠨ ᠲᠣᠬᠣᠢ ᠥᠷᠭᠡᠨ᠃ ᠲᠠ ᠨᠠᠷ ᠠᠷᠢᠭᠤᠨ ᠬᠠᠨᠳᠢᠪ ᠪᠣᠯᠬᠤ ᠲᠡᠭᠰᠢ ᠳᠥᠷᠪᠡᠯᠵᠢᠨ ᠲᠠᠯᠠᠪᠠᠢ ᠶᠢ ᠬᠣᠲᠠ ᠶᠢᠨ ᠡᠵᠡᠮᠰᠢᠯ ᠲᠠᠢ ᠬᠠᠮᠲᠤ ᠲᠤᠰᠠᠭᠠᠷᠯᠠ᠃

21 ᠠᠷᠢᠭᠤᠨ ᠬᠠᠨᠳᠢᠪ ᠪᠣᠯᠣᠨ ᠬᠣᠲᠠ ᠶᠢᠨ ᠡᠵᠡᠮᠰᠢᠯ ᠤᠨ ᠬᠣᠶᠠᠷ ᠲᠠᠯ᠎ᠠ ᠳᠤ ᠦᠯᠡᠳᠡᠬᠦ ᠭᠠᠵᠠᠷ ᠨᠢ ᠬᠠᠭᠠᠨ ᠤ ᠬᠢ᠂ ᠲᠤᠬᠠᠢᠯᠠᠪᠠᠯ ᠬᠣᠶᠠᠷ ᠲᠦᠮᠡ ᠲᠠᠪᠤᠨ ᠮᠢᠩ᠋ᠭᠠᠨ ᠲᠣᠬᠣᠢ ᠤᠷᠲᠤ ᠬᠠᠨᠳᠢᠪ ᠤᠨ ᠨᠢᠭᠡ ᠦᠵᠦᠭᠦᠷ ᠡᠴᠡ ᠵᠡᠭᠦᠨ ᠬᠢᠯᠢ ᠬᠦᠷᠲᠡᠯ᠎ᠡ᠂ ᠨᠥᠭᠥᠭᠡ ᠦᠵᠦᠭᠦᠷ ᠡᠴᠡ ᠪᠠᠷᠠᠭᠤᠨ ᠬᠢᠯᠢ ᠬᠦᠷᠲᠡᠯᠡᠬᠢ ᠣᠪᠣᠭ ᠤᠨ ᠬᠤᠪᠢ ᠨᠤᠭᠤᠳ ᠲᠠᠢ ᠵᠡᠷᠭᠡᠴᠡᠬᠦ ᠭᠠᠵᠠᠷ ᠨᠢ ᠲᠡᠭᠦᠨ ᠦ ᠬᠢ ᠪᠣᠯᠣᠨ᠎ᠠ᠃ ᠠᠷᠢᠭᠤᠨ ᠬᠠᠨᠳᠢᠪ ᠪᠠ ᠥᠷᠭᠥᠭᠡᠨ ᠦ ᠠᠷᠢᠭᠤᠨ ᠭᠠᠵᠠᠷ ᠨᠢ ᠲᠡᠭᠦᠨ ᠦ ᠭᠣᠣᠯ ᠳᠤ ᠪᠠᠢᠬᠤ ᠶᠣᠰᠣᠲᠠᠢ᠃ 22 ᠲᠡᠢᠮᠦ ᠡᠴᠡ ᠬᠠᠭᠠᠨ ᠳᠤ ᠬᠠᠷᠢᠶᠠᠯᠠᠭᠳᠠᠬᠤ ᠭᠠᠵᠠᠷ ᠨᠢ ᠯᠧᠸᠢᠴᠦᠳ ᠦᠨ ᠡᠵᠡᠮᠰᠢᠯ ᠪᠣᠯᠣᠨ ᠬᠣᠲᠠ ᠶᠢᠨ ᠡᠵᠡᠮᠰᠢᠯ ᠤᠨ ᠵᠠᠪᠰᠠᠷ ᠲᠤ᠂ ᠶᠦᠳᠠ ᠶᠢᠨ ᠬᠢᠯᠢ ᠪᠠ ᠪᠢᠨᠶᠠᠮᠢᠨ ᠤ ᠬᠢᠯᠢ ᠶᠢᠨ ᠬᠣᠭᠣᠷᠣᠨᠳᠣ ᠪᠠᠢᠬᠤ ᠪᠣᠯᠣᠨ᠎ᠠ᠃

23 ᠦᠯᠡᠳᠡᠭᠰᠡᠨ ᠣᠪᠣᠭ ᠤᠳ ᠤᠨ ᠬᠤᠪᠢ ᠳᠤ ᠭᠡᠪᠡᠯ᠂ ᠪᠢᠨᠶᠠᠮᠢᠨ ᠨᠢᠭᠡ ᠬᠤᠪᠢ ᠲᠠᠢ ᠪᠥᠭᠡᠳ ᠲᠡᠷᠡ ᠨᠢ ᠵᠡᠭᠦᠨ ᠡᠴᠡ ᠪᠠᠷᠠᠭᠤᠨᠰᠢ ᠦᠷᠭᠦᠯᠵᠢᠯᠡᠨ᠎ᠡ᠃ 24 ᠰᠢᠮᠧᠶᠣᠨ ᠨᠢᠭᠡ ᠬᠤᠪᠢ ᠲᠠᠢ ᠪᠥᠭᠡᠳ ᠲᠡᠷᠡ ᠨᠢ ᠪᠢᠨᠶᠠᠮᠢᠨ ᠤ ᠬᠠᠵᠠᠭᠤ ᠪᠠᠷ ᠵᠡᠭᠦᠨ ᠡᠴᠡ ᠪᠠᠷᠠᠭᠤᠨᠰᠢ ᠦᠷᠭᠦᠯᠵᠢᠯᠡᠨ᠎ᠡ᠃ 25 ᠢᠰᠠᠺᠠᠷ ᠨᠢᠭᠡ ᠬᠤᠪᠢ ᠲᠠᠢ ᠪᠥᠭᠡᠳ ᠲᠡᠷᠡ ᠨᠢ ᠰᠢᠮᠧᠶᠣᠨ ᠤ ᠬᠠᠵᠠᠭᠤ ᠪᠠᠷ ᠵᠡᠭᠦᠨ ᠡᠴᠡ ᠪᠠᠷᠠᠭᠤᠨᠰᠢ ᠦᠷᠭᠦᠯᠵᠢᠯᠡᠨ᠎ᠡ᠃ 26 ᠽᠧᠪᠦ᠋ᠯᠣᠨ ᠨᠢᠭᠡ ᠬᠤᠪᠢ ᠲᠠᠢ ᠪᠥᠭᠡᠳ ᠲᠡᠷᠡ ᠨᠢ ᠢᠰᠠᠺᠠᠷ ᠤᠨ ᠬᠠᠵᠠᠭᠤ ᠪᠠᠷ ᠵᠡᠭᠦᠨ ᠡᠴᠡ ᠪᠠᠷᠠᠭᠤᠨᠰᠢ ᠦᠷᠭᠦᠯᠵᠢᠯᠡᠨ᠎ᠡ᠃ 27 ᠭᠠᠳ᠋ ᠨᠢᠭᠡ ᠬᠤᠪᠢ ᠲᠠᠢ ᠪᠥᠭᠡᠳ ᠲᠡᠷᠡ ᠨᠢ ᠽᠧᠪᠦ᠋ᠯᠣᠨ ᠤ ᠬᠠᠵᠠᠭᠤ ᠪᠠᠷ ᠵᠡᠭᠦᠨ ᠡᠴᠡ ᠪᠠᠷᠠᠭᠤᠨᠰᠢ ᠦᠷᠭᠦᠯᠵᠢᠯᠡᠨ᠎ᠡ᠃ 28 ᠭᠠᠳ᠋ ᠤᠨ ᠡᠮᠦᠨ᠎ᠡ ᠬᠢᠵᠠᠭᠠᠷ ᠨᠢ ᠲᠠᠮᠠᠷ ᠠᠴᠠ ᠮᠧᠷᠢᠪ ᠺᠠᠳᠧᠱ ᠤᠨ ᠪᠤᠯᠠᠭ ᠬᠦᠷᠴᠦ᠂ ᠲᠡᠨᠳᠡ ᠡᠴᠡ ᠶᠧᠵᠢᠫᠲ ᠤᠨ ᠭᠣᠷᠣᠬ᠎ᠠ ᠪᠠᠷ ᠳᠠᠮᠵᠢᠨ ᠶᠡᠬᠡ ᠲᠠᠩᠭᠢᠰ ᠲᠤ ᠬᠦᠷᠦᠨ᠎ᠡ᠃ 29 ᠢᠰᠷᠧᠯ ᠤᠨ ᠣᠪᠣᠭ ᠤᠳ ᠲᠤ ᠥᠪ ᠪᠣᠯᠭᠠᠨ ᠲᠠ ᠨᠠᠷ ᠤᠨ ᠰᠢᠪᠠᠭ᠎ᠠ ᠬᠠᠶᠠᠵᠤ ᠬᠤᠪᠢᠶᠠᠬᠤ ᠭᠠᠵᠠᠷ ᠨᠢ ᠡᠨᠡ ᠶᠤᠮ᠃ ᠡᠳᠡᠭᠡᠷ ᠨᠢ ᠲᠡᠳᠡᠨ ᠦ ᠬᠤᠪᠢ ᠶᠤᠮ᠃》 ᠡᠵᠡᠨ ᠶᠣᠬᠣᠸᠠ ᠠᠢᠯᠠᠳᠴᠤ ᠪᠠᠢᠨ᠎ᠠ᠃
 ᠬᠣᠲᠠ ᠶᠢᠨ ᠬᠠᠭᠠᠯᠭ᠎ᠠ ᠨᠤᠭᠤᠳ

30 ᠬᠣᠲᠠ ᠶᠢᠨ ᠭᠠᠷᠬᠤ ᠬᠠᠭᠠᠯᠭ᠎ᠠ ᠨᠤᠭᠤᠳ ᠨᠢ ᠡᠳᠡᠭᠡᠷ ᠶᠤᠮ᠃ ᠳᠥᠷᠪᠡᠨ ᠮᠢᠩ᠋ᠭ᠎ᠠ ᠲᠠᠪᠤᠨ ᠵᠠᠭᠤᠨ ᠲᠣᠬᠣᠢ ᠬᠡᠮᠵᠢᠶ᠎ᠡ ᠲᠠᠢ ᠬᠣᠢᠲᠤ ᠲᠠᠯ᠎ᠠ ᠠᠴᠠ ᠡᠬᠢᠯᠡᠨ 31 ᠬᠣᠲᠠ ᠶᠢᠨ ᠬᠠᠭᠠᠯᠭ᠎ᠠ ᠨᠤᠭᠤᠳ ᠨᠢ ᠢᠰᠷᠧᠯ ᠤᠨ ᠣᠪᠣᠭ ᠤᠳ ᠢᠶᠠᠷ ᠨᠡᠷᠡᠯᠡᠭᠳᠡᠵᠡᠢ᠃ ᠬᠣᠢᠲᠤ ᠲᠠᠯ᠎ᠠ ᠶᠢᠨ ᠭᠤᠷᠪᠠᠨ ᠬᠠᠭᠠᠯᠭ᠎ᠠ ᠨᠢ᠄ ᠷᠧᠣᠪᠧᠨ ᠤ ᠬᠠᠭᠠᠯᠭ᠎ᠠ᠂ ᠶᠦᠳᠠ ᠶᠢᠨ ᠬᠠᠭᠠᠯᠭ᠎ᠠ᠂ ᠯᠧᠸᠢ ᠶᠢᠨ ᠬᠠᠭᠠᠯᠭ᠎ᠠ᠃ 32 ᠵᠡᠭᠦᠨ ᠲᠠᠯ᠎ᠠ ᠨᠢ ᠳᠥᠷᠪᠡᠨ ᠮᠢᠩ᠋ᠭ᠎ᠠ ᠲᠠᠪᠤᠨ ᠵᠠᠭᠤᠨ ᠲᠣᠬᠣᠢ ᠪᠥᠭᠡᠳ ᠭᠤᠷᠪᠠᠨ ᠬᠠᠭᠠᠯᠭ᠎ᠠ ᠨᠢ᠄ ᠶᠣᠰᠧᠹ ᠤᠨ ᠬᠠᠭᠠᠯᠭ᠎ᠠ᠂ ᠪᠢᠨᠶᠠᠮᠢᠨ ᠤ ᠬᠠᠭᠠᠯᠭ᠎ᠠ᠂ ᠳ᠋ᠠᠨ ᠤ ᠬᠠᠭᠠᠯᠭ᠎ᠠ᠃ 33 ᠡᠮᠦᠨ᠎ᠡ ᠲᠠᠯ᠎ᠠ ᠨᠢ ᠳᠥᠷᠪᠡᠨ ᠮᠢᠩ᠋ᠭ᠎ᠠ ᠲᠠᠪᠤᠨ ᠵᠠᠭᠤᠨ ᠲᠣᠬᠣᠢ ᠬᠡᠮᠵᠢᠶ᠎ᠡ ᠲᠠᠢ ᠪᠥᠭᠡᠳ ᠭᠤᠷᠪᠠᠨ ᠬᠠᠭᠠᠯᠭ᠎ᠠ ᠨᠢ᠄ ᠰᠢᠮᠧᠶᠣᠨ ᠤ ᠬᠠᠭᠠᠯᠭ᠎ᠠ᠂ ᠢᠰᠠᠺᠠᠷ ᠤᠨ ᠬᠠᠭᠠᠯᠭ᠎ᠠ᠂ ᠽᠧᠪᠦ᠋ᠯᠣᠨ ᠤ ᠬᠠᠭᠠᠯᠭ᠎ᠠ᠃ 34 ᠪᠠᠷᠠᠭᠤᠨ ᠲᠠᠯ᠎ᠠ ᠨᠢ ᠳᠥᠷᠪᠡᠨ ᠮᠢᠩ᠋ᠭ᠎ᠠ ᠲᠠᠪᠤᠨ ᠵᠠᠭᠤᠨ ᠲᠣᠬᠣᠢ ᠪᠥᠭᠡᠳ ᠭᠤᠷᠪᠠᠨ ᠬᠠᠭᠠᠯᠭ᠎ᠠ ᠨᠢ᠄ ᠭᠠᠳ᠋ ᠤᠨ ᠬᠠᠭᠠᠯᠭ᠎ᠠ᠂ ᠠᠱᠧᠷ ᠤᠨ ᠬᠠᠭᠠᠯᠭ᠎ᠠ᠂ ᠨᠠᠹᠲ᠋ᠠᠯᠢ ᠶᠢᠨ ᠬᠠᠭᠠᠯᠭ᠎ᠠ᠃ 35 ᠬᠣᠲᠠ ᠶᠢᠨ ᠬᠦᠷᠢᠶ᠎ᠡ ᠨᠢ ᠲᠦᠮᠡ ᠨᠠᠢ᠌ᠮᠠᠨ ᠮᠢᠩ᠋ᠭᠠᠨ ᠲᠣᠬᠣᠢ ᠪᠠᠢᠬᠤ ᠶᠣᠰᠣᠲᠠᠢ᠃ ᠲᠡᠷᠡ ᠡᠳᠦᠷ ᠡᠴᠡ ᠬᠣᠢᠰᠢ ᠲᠡᠷᠡ ᠬᠣᠲᠠ 《ᠶᠣᠬᠣᠸᠠ ᠲᠡᠨᠳᠡ》 ᠭᠡᠵᠦ ᠨᠡᠷᠡᠯᠡᠭᠳᠡᠨ᠎ᠡ᠃