1 2 3 4 5 6 7 8 9 10 11 12 13 14 15 16 17 18 19 20 21 22 23 24 25 26 27 28 29 30 31 32 33 34 35 36 37 38 39 40 41 42 43 44 45 46 47 48


ᠡᠽᠧᠺᠢᠶᠧᠯ ᠨᠠᠢ᠌ᠮᠠ
 ᠥᠷᠭᠥᠭᠡᠨ ᠳᠠᠬᠢ ᠰᠢᠲᠦᠭᠡᠨ ᠰᠢᠲᠦᠭᠴᠢᠳ

1 ᠵᠢᠷᠭᠤᠳᠠᠬᠢ ᠣᠨ ᠤ ᠵᠢᠷᠭᠤᠳᠤᠭᠠᠷ ᠰᠠᠷ᠎ᠠ ᠶᠢᠨ ᠲᠠᠪᠤᠨ ᠤ ᠡᠳᠦᠷ ᠪᠢ ᠭᠡᠷ ᠲᠡᠭᠡᠨ ᠰᠠᠭᠤᠵᠤ᠂ ᠶᠦᠳᠠ ᠶᠢᠨ ᠠᠬᠠᠮᠠᠳ ᠤᠳ ᠮᠢᠨᠦ ᠡᠮᠦᠨ᠎ᠡ ᠰᠠᠭᠤᠵᠤ ᠪᠠᠢᠯ᠎ᠠ᠃ ᠲᠡᠨᠳᠡ ᠡᠵᠡᠨ ᠶᠣᠬᠣᠸᠠ ᠶᠢᠨ ᠮᠤᠲᠤᠷ ᠨᠠᠳᠠ ᠳᠤ ᠬᠦᠷᠪᠡ᠃ 2 ᠲᠡᠭᠡᠬᠦ ᠳᠦ ᠪᠢ ᠬᠥᠮᠦᠨ 4 ᠰᠢᠭ ᠳᠦᠷᠰᠦ ᠶᠢ ᠬᠠᠷᠠᠯ᠎ᠠ︕ ᠲᠡᠭᠦᠨ ᠦ ᠪᠡᠯᠬᠡᠭᠦᠰᠦᠨ ᠡᠴᠡ ᠳᠣᠭᠣᠭᠰᠢᠬᠢ ᠨᠢ ᠭᠠᠯ ᠮᠡᠲᠦ᠂ ᠪᠡᠯᠬᠡᠭᠦᠰᠦᠨ ᠡᠴᠡ ᠳᠡᠭᠡᠭᠰᠢᠬᠢ ᠨᠢ ᠤᠯᠠᠢᠰᠤᠭᠰᠠᠨ ᠲᠡᠮᠦᠷ ᠮᠡᠲᠦ ᠭᠡᠷᠡᠯᠲᠦᠵᠦ ᠬᠠᠷᠠᠭᠳᠠᠪᠠ᠃ 3 ᠲᠡᠷᠡ ᠪᠡᠷ ᠭᠠᠷ ᠮᠡᠲᠦ ᠶᠠᠭᠤᠮ᠎ᠠ ᠶᠢ ᠰᠤᠩ᠋ᠭᠠᠨ᠂ ᠮᠢᠨᠦ ᠲᠣᠯᠣᠭᠠᠢ ᠶᠢᠨ ᠦᠰᠦᠨ ᠡᠴᠡ ᠪᠠᠷᠢᠪᠠ᠃ ᠲᠡᠭᠡᠬᠦ ᠳᠦ ᠪᠤᠷᠬᠠᠨ ᠤ ᠦᠵᠡᠭᠳᠡᠯ ᠳᠣᠲᠣᠷ᠎ᠠ ᠰᠦᠨᠡᠰᠦ ᠨᠠᠮᠠᠶᠢ ᠲᠩᠷᠢ ᠭᠠᠵᠠᠷ ᠤᠨ ᠬᠣᠭᠣᠷᠣᠨᠳᠣ ᠡᠷᠭᠦᠨ᠂ ᠶᠧᠷᠦ᠋ᠰᠠᠯᠧᠮ ᠤᠷᠤᠭᠤ ᠠᠪᠠᠴᠢᠵᠤ᠂ ᠳᠣᠲᠣᠭᠣᠳᠤ ᠬᠦᠷᠢᠶᠡᠨ ᠦ ᠬᠣᠢᠲᠤ ᠬᠠᠭᠠᠯᠭᠠᠨ ᠳᠤ ᠬᠦᠷᠭᠡᠪᠡ᠃ ᠬᠠᠷᠠᠳᠠᠯᠲᠠ ᠶᠢ ᠬᠥᠳᠡᠯᠭᠡᠭᠴᠢ ᠠᠲᠠᠭᠠᠷᠬᠠᠯ ᠤᠨ ᠰᠢᠲᠦᠭᠡᠨ ᠲᠡᠨᠳᠡ ᠪᠠᠢᠷᠢᠯᠠᠵᠤ ᠪᠠᠢᠯ᠎ᠠ᠃ 4 ᠲᠡᠭᠡᠲᠡᠯ᠎ᠡ ᠢᠰᠷᠧᠯ ᠤᠨ ᠪᠤᠷᠬᠠᠨ ᠤ ᠴᠣᠭ ᠵᠢᠪᠬᠤᠯᠠᠩ ᠲᠡᠨᠳᠡ ᠦᠵᠡᠭᠳᠡᠪᠡ᠃ ᠲᠡᠷᠡ ᠨᠢ ᠮᠢᠨᠦ ᠲᠠᠯ᠎ᠠ ᠳᠡᠭᠡᠷ᠎ᠡ ᠦᠵᠡᠭᠰᠡᠨ ᠦᠵᠡᠭᠳᠡᠯ ᠦᠨ ᠬᠢ ᠲᠠᠢ ᠠᠳᠠᠯᠢ ᠪᠠᠢᠪᠠ᠃

5 ᠶᠣᠬᠣᠸᠠ ᠨᠠᠳᠠ ᠳᠤ᠄ 《ᠬᠥᠮᠦᠨ ᠦ ᠬᠦᠦ ᠡ᠂ ᠬᠠᠷᠠᠭ᠎ᠠ ᠪᠠᠨ ᠬᠣᠢᠰᠢ ᠴᠢᠭᠯᠡᠭᠦᠯ》 ᠭᠡᠰᠡᠨ ᠳᠦ᠂ ᠪᠢ ᠬᠠᠷᠠᠭ᠎ᠠ ᠪᠠᠨ ᠬᠣᠢᠰᠢ ᠴᠢᠭᠯᠡᠭᠦᠯᠬᠦ ᠳᠦ᠂ ᠲᠠᠬᠢᠯ ᠤᠨ ᠰᠢᠷᠡᠭᠡᠲᠦ ᠬᠠᠭᠠᠯᠭᠠᠨ ᠤ ᠬᠣᠢᠲᠤ ᠲᠠᠯ᠎ᠠ ᠳᠤ ᠨᠥᠭᠥᠭᠡ ᠠᠲᠠᠭᠠᠷᠬᠠᠯ ᠤᠨ ᠰᠢᠲᠦᠭᠡᠨ ᠪᠠᠢᠪᠠ᠃ 6 ᠲᠡᠷᠡ ᠨᠠᠳᠠ ᠳᠤ᠄ 《ᠬᠥᠮᠦᠨ ᠦ ᠬᠦᠦ ᠡ᠂ ᠢᠰᠷᠧᠯ ᠤᠨ ᠭᠡᠷ ᠦᠨ ᠡ᠊ᠨᠳᠡ ᠶᠠᠭᠤ ᠦᠢᠯᠡᠳᠴᠦ ᠪᠠᠢᠭ᠎ᠠ ᠶᠢ ᠬᠠᠷᠠᠵᠤ ᠪᠠᠢᠨ᠎ᠠ ᠤᠤ︖ ᠲᠡᠳᠡ ᠮᠠᠰᠢ ᠶᠡᠬᠡ ᠵᠢᠭᠰᠢᠭᠦᠷᠢᠲᠦ ᠵᠦᠢᠯᠡᠰ ᠢ ᠦᠢᠯᠡᠳᠴᠦ᠂ ᠨᠠᠮᠠᠶᠢ ᠠᠷᠢᠭᠤᠨ ᠭᠠᠵᠠᠷ ᠠᠴᠠ ᠮᠢᠨᠢ ᠬᠣᠯᠠᠳᠠᠭᠤᠯᠬᠤ ᠭᠡᠵᠦ ᠪᠠᠢᠨ᠎ᠠ᠃ ᠬᠠᠷᠢᠨ ᠴᠢ ᠡᠭᠦᠨ ᠡᠴᠡ ᠢᠯᠡᠭᠦᠦ ᠵᠢᠭᠰᠢᠭᠦᠷᠢᠲᠦ ᠵᠦᠢᠯᠡᠰ ᠢ ᠬᠠᠷᠠᠬᠤ ᠪᠣᠯᠣᠨ᠎ᠠ》 ᠭᠡᠪᠡ᠃

7 ᠳᠠᠷᠠᠭ᠎ᠠ ᠨᠢ ᠲᠡᠷᠡ ᠨᠠᠮᠠᠶᠢ ᠬᠦᠷᠢᠶᠡᠨ ᠦ ᠡᠭᠦᠳᠡᠨ ᠳᠦ ᠠᠪᠴᠢᠷᠠᠪᠠ᠃ ᠪᠢ ᠬᠠᠷᠠᠬᠤ ᠳᠤ᠂ ᠬᠠᠨᠠᠨ ᠳᠤᠨᠢ ᠨᠢᠭᠡ ᠨᠦᠬᠡ ᠪᠠᠢᠪᠠ᠃ 8 ᠲᠡᠷᠡ᠄ 《ᠬᠥᠮᠦᠨ ᠦ ᠬᠦᠦ ᠡ᠂ ᠬᠠᠨ᠎ᠠ ᠶᠢ ᠨᠦᠬᠡᠯᠡ》 ᠭᠡᠰᠡᠨ ᠳᠦ᠂ ᠪᠢ ᠬᠠᠨ᠎ᠠ ᠶᠢ ᠨᠦᠬᠡᠯᠡᠬᠦ ᠳᠦ᠂ ᠨᠢᠭᠡᠨ ᠡᠭᠦᠳᠡ ᠪᠠᠢᠪᠠ᠃ 9 ᠲᠡᠷᠡ᠄ 《ᠳᠣᠲᠣᠭᠰᠢ ᠣᠷᠣᠵᠤ᠂ ᠲᠡᠳᠡᠨ ᠦ ᠡ᠊ᠨᠳᠡ ᠦᠢᠯᠡᠳᠴᠦ ᠪᠤᠢ ᠪᠤᠵᠠᠷ ᠵᠢᠭᠰᠢᠭᠦᠷᠢᠲᠦ ᠵᠦᠢᠯᠡᠰ ᠢ ᠬᠠᠷᠠ》 ᠭᠡᠪᠡ᠃ 10 ᠪᠢ ᠣᠷᠣᠵᠤ ᠬᠠᠷᠠᠬᠤ ᠳᠤ᠂ ᠡᠷᠭᠢᠨ ᠲᠣᠭᠣᠷᠢᠨ ᠤ ᠬᠢᠨᠢ ᠬᠠᠨ᠎ᠠ ᠳᠡᠭᠡᠷ᠎ᠡ ᠶᠠᠩᠵᠤ ᠪᠦᠷᠢ ᠶᠢᠨ ᠮᠥᠯᠬᠥᠭᠴᠢᠳ᠂ ᠵᠢᠭᠰᠢᠭᠦᠷᠢᠲᠦ ᠠᠮᠢᠲᠠᠳ ᠪᠣᠯᠣᠨ ᠢᠰᠷᠧᠯ ᠤᠨ ᠭᠡᠷ ᠦᠨ ᠬᠠᠮᠤᠭ ᠰᠢᠲᠦᠭᠡᠨ ᠰᠡᠢᠯᠦᠭᠳᠡᠭᠰᠡᠨ ᠪᠠᠢᠪᠠ᠃ 11 ᠲᠡᠳᠡᠭᠡᠷ ᠦᠨ ᠡᠮᠦᠨ᠎ᠡ ᠢᠰᠷᠧᠯ ᠤᠨ ᠭᠡᠷ ᠦᠨ ᠳᠠᠯᠠᠨ ᠠᠬᠠᠮᠠᠳ ᠵᠣᠭᠰᠣᠵᠤ᠂ ᠱᠠᠹᠠᠨ ᠤ ᠬᠦᠦ ᠶᠠᠽᠠᠨᠢᠶ᠎ᠠ ᠴᠤ ᠲᠡᠳᠡᠨ ᠦ ᠳᠤᠮᠳᠠ ᠵᠣᠭᠰᠣᠵᠤ ᠪᠠᠢᠪᠠ᠃ ᠬᠥᠮᠦᠨ ᠪᠦᠷᠢ ᠭᠠᠷ ᠲᠠᠭᠠᠨ ᠪᠣᠢᠫᠣᠷ ᠪᠠᠷᠢᠵᠤ᠂ ᠠᠩᠬᠢᠯᠤᠭᠤᠨ ᠦᠨᠦᠷᠲᠦ ᠤᠲᠤᠯᠭ᠎ᠠ ᠶᠢᠨ ᠤᠲᠤᠭᠠᠨ ᠡᠭᠦᠯᠡ ᠬᠥᠭᠡᠷᠴᠦ ᠪᠠᠢᠪᠠ᠃ 12 ᠲᠡᠷᠡ ᠨᠠᠳᠠ ᠳᠤ᠄ 《ᠬᠥᠮᠦᠨ ᠦ ᠬᠦᠦ ᠡ᠂ ᠢᠰᠷᠧᠯ ᠤᠨ ᠭᠡᠷ ᠦᠨ ᠠᠬᠠᠮᠠᠳ ᠤᠳ ᠬᠠᠷᠠᠩ᠋ᠭᠤᠢ ᠳᠤ᠂ ᠬᠥᠮᠦᠨ ᠪᠦᠷᠢ ᠰᠢᠲᠦᠭᠡᠨ ᠦ ᠪᠠᠨ ᠥᠷᠥᠭᠡᠨ ᠳᠦ ᠶᠠᠭᠤ ᠦᠢᠯᠡᠳᠴᠦ ᠪᠠᠢᠭ᠎ᠠ ᠶᠢ ᠬᠠᠷᠠᠪᠠ ᠤᠤ︖ ᠲᠡᠳᠡ᠄ 〈ᠶᠣᠬᠣᠸᠠ ᠪᠢᠳᠡᠨ ᠢ ᠬᠠᠷᠠᠳᠠᠭ ᠦᠭᠡᠢ᠃ ᠶᠣᠬᠣᠸᠠ ᠡᠨᠡ ᠨᠤᠲᠤᠭ ᠢ ᠬᠠᠶᠠᠪᠠ〉 ᠭᠡᠯᠴᠡᠵᠦ ᠪᠠᠢᠨ᠎ᠠ》 ᠭᠡᠪᠡ᠃ 13 ᠲᠡᠷᠡ ᠨᠠᠳᠠ ᠳᠤ᠄ 《ᠬᠠᠷᠢᠨ ᠴᠢ ᠲᠡᠳᠡᠨ ᠦ ᠡᠭᠦᠨ ᠡᠴᠡ ᠢᠯᠡᠭᠦᠦ ᠵᠢᠭᠰᠢᠭᠦᠷᠢᠲᠦ ᠵᠦᠢᠯᠡᠰ ᠢ ᠦᠢᠯᠡᠳᠴᠦ ᠪᠠᠢᠭ᠎ᠠ ᠶᠢ ᠬᠠᠷᠠᠬᠤ ᠪᠣᠯᠣᠨ᠎ᠠ》 ᠭᠡᠪᠡ᠃ 14 ᠳᠠᠷᠠᠭ᠎ᠠ ᠨᠢ ᠲᠡᠷᠡ ᠨᠠᠮᠠᠶᠢ ᠶᠣᠬᠣᠸᠠ ᠶᠢᠨ ᠥᠷᠭᠥᠭᠡᠨ ᠦ ᠬᠣᠢᠰᠢ ᠪᠠᠨ ᠬᠠᠷᠠᠭᠰᠠᠨ ᠬᠠᠭᠠᠯᠭᠠᠨ ᠳᠡᠭᠡᠷ᠎ᠡ ᠠᠪᠴᠢᠷᠠᠯ᠎ᠠ᠃ ᠪᠢ ᠦᠵᠡᠬᠦ ᠳᠦ᠂ ᠡᠮᠡᠭᠲᠡᠢᠴᠦᠳ ᠲᠠᠮᠣᠽ 5  ᠤᠨ ᠲᠥᠯᠥᠭᠡ ᠭᠠᠰᠢᠭᠤᠳᠠᠨ ᠲᠡᠨᠳᠡ ᠰᠠᠭᠤᠵᠠᠭᠠᠵᠤ ᠪᠠᠢᠪᠠ︕ 15 ᠲᠡᠷᠡ ᠨᠠᠳᠠ ᠳᠤ᠄ 《ᠬᠥᠮᠦᠨ ᠦ ᠬᠦᠦ ᠡ᠂ ᠬᠠᠷᠠᠪᠠ ᠤᠤ︖ ᠬᠠᠷᠢᠨ ᠴᠢ ᠡᠳᠡᠭᠡᠷ ᠡᠴᠡ ᠴᠤ ᠢᠯᠡᠭᠦᠦ ᠵᠢᠭᠰᠢᠭᠦᠷᠢᠲᠦ ᠵᠦᠢᠯᠡᠰ ᠢ ᠬᠠᠷᠠᠬᠤ ᠪᠣᠯᠣᠨ᠎ᠠ》 ᠭᠡᠪᠡ᠃

16 ᠢᠩᠭᠢᠭᠡᠳ ᠲᠡᠷᠡ ᠨᠠᠮᠠᠶᠢ ᠶᠣᠬᠣᠸᠠ ᠶᠢᠨ ᠥᠷᠭᠥᠭᠡᠨ ᠦ ᠳᠣᠲᠣᠭᠠᠳᠤ ᠬᠦᠷᠢᠶᠡᠨ ᠳᠦ ᠠᠪᠴᠢᠷᠠᠪᠠ᠃ ᠪᠢ ᠬᠠᠷᠠᠬᠤ ᠳᠤ᠂ ᠡᠭᠦᠳᠡᠨ ᠦ ᠲᠠᠩᠬᠢᠮ ᠪᠣᠯᠣᠨ ᠲᠠᠬᠢᠯ ᠤᠨ ᠰᠢᠷᠡᠭᠡᠨ ᠦ ᠬᠣᠭᠣᠷᠣᠨᠳᠣᠬᠢ ᠶᠣᠬᠣᠸᠠ ᠶᠢᠨ ᠣᠷᠳᠣᠨ ᠤ ᠡᠭᠦᠳᠡᠨ ᠳᠦ ᠬᠣᠷᠢᠨ ᠲᠠᠪᠤ ᠣᠷᠴᠢᠮ ᠡᠷ᠎ᠡ ᠨᠢᠷᠤᠭᠤ ᠪᠠᠨ ᠣᠷᠳᠣᠨ ᠤᠷᠤᠭᠤ᠂ ᠨᠢᠭᠤᠷ ᠢᠶᠠᠨ ᠵᠡᠭᠦᠨᠰᠢ ᠬᠠᠷᠠᠭᠤᠯᠤᠨ ᠵᠡᠭᠦᠨ ᠲᠡᠰᠢ ᠬᠠᠨᠳᠤᠨ ᠨᠠᠷᠠᠨ ᠳᠤ ᠮᠥᠷᠭᠥᠵᠦ ᠪᠠᠢᠪᠠ᠃ 17 ᠲᠡᠷᠡ ᠨᠠᠳᠠ ᠳᠤ᠄ 《ᠬᠥᠮᠦᠨ ᠦ ᠬᠦᠦ ᠡ᠂ ᠡᠭᠦᠨ ᠢ ᠬᠠᠷᠠᠪᠠ ᠤᠤ︖ ᠶᠦᠳᠠ ᠶᠢᠨ ᠭᠡᠷ ᠦᠨ ᠬᠢᠨ ᠤ ᠦᠢᠯᠡᠳᠴᠦ ᠪᠠᠢᠭ᠎ᠠ ᠡᠳᠡᠭᠡᠷ ᠵᠢᠭᠰᠢᠭᠦᠷᠢᠲᠦ ᠵᠦᠢᠯ ᠨᠢ ᠪᠠᠭ᠎ᠠ ᠭᠡᠵᠢ ᠤᠤ︖ ᠲᠡᠳᠡ ᠡᠨᠡ ᠭᠠᠵᠠᠷ ᠢ ᠬᠦᠴᠦᠷᠬᠡᠭᠯᠡᠯ ᠢᠶᠡᠷ ᠳᠦᠭᠦᠷᠭᠡᠵᠦ᠂ ᠮᠢᠨᠦ ᠠᠭᠤᠷ ᠢ ᠬᠥᠳᠡᠯᠭᠡᠬᠦ ᠪᠡᠷ ᠦᠯᠦ ᠪᠠᠷᠠᠮ ᠬᠠᠮᠠᠷ ᠳᠡᠭᠡᠷ᠎ᠡ ᠪᠡᠨ ᠮᠥᠴᠢᠷ ᠬᠦᠷᠭᠡᠵᠦ 6 ᠪᠠᠢᠨ᠎ᠠ︕ 18 ᠲᠡᠢᠮᠦ ᠡᠴᠡ ᠪᠢ ᠴᠤ ᠠᠭᠤᠷ ᠲᠠᠢ ᠪᠠᠷ ᠦᠢᠯᠡᠳᠦᠨ᠎ᠡ᠃ ᠪᠢ ᠲᠡᠳᠡᠨ ᠢ ᠥᠷᠥ ᠡᠪᠡᠳᠦᠨ ᠬᠠᠷᠠᠬᠤ ᠦᠭᠡᠢ᠂ ᠥᠷᠥᠰᠢᠶᠡᠬᠦ ᠦᠭᠡᠢ᠃ ᠲᠡᠳᠡ ᠴᠢᠬᠢᠨ ᠳᠤ ᠮᠢᠨᠢ ᠴᠢᠩᠭ᠍᠎ᠠ ᠳᠠᠭᠤ ᠪᠠᠷ ᠬᠠᠰᠬᠢᠷᠤᠭᠰᠠᠨ ᠴᠤ ᠪᠢ ᠲᠡᠳᠡᠨ ᠦ ᠬᠢ ᠶᠢ ᠰᠣᠨᠣᠰᠬᠤ ᠦᠭᠡᠢ》 ᠭᠡᠪᠡ᠃