ᠡᠽᠧᠺᠢᠶᠧᠯ ᠬᠣᠷᠢ
ᠲᠡᠷᠰᠯᠡᠭᠦᠦ ᠢᠰᠷᠧᠯ
1 ᠳᠣᠯᠣᠳᠤᠭᠠᠷ ᠣᠨ ᠤ ᠲᠠᠪᠤᠳᠤᠭᠠᠷ ᠰᠠᠷ᠎ᠠ ᠶᠢᠨ ᠠᠷᠪᠠᠨ ᠳᠤ᠂ ᠢᠰᠷᠧᠯ ᠤᠨ ᠬᠡᠰᠡᠭ ᠠᠬᠠᠮᠠᠳ ᠶᠣᠬᠣᠸᠠ ᠠᠴᠠ ᠠᠰᠠᠭᠤᠬᠤ ᠪᠠᠷ ᠢᠷᠡᠭᠡᠳ᠂ ᠮᠢᠨᠦ ᠡᠮᠦᠨ᠎ᠡ ᠰᠠᠭᠤᠪᠠ᠃ 2 ᠶᠣᠬᠣᠸᠠ ᠶᠢᠨ ᠦᠭᠡ ᠨᠠᠳᠠ ᠳᠤ ᠢᠷᠡᠵᠦ᠄ 3 《ᠬᠥᠮᠦᠨ ᠦ ᠬᠦᠦ ᠡ᠂ ᠢᠰᠷᠧᠯ ᠤᠨ ᠠᠬᠠᠮᠠᠳ ᠤᠳ ᠲᠠᠢ ᠶᠠᠷᠢᠯᠴᠠᠨ ᠲᠡᠳᠡᠨ ᠳᠦ ᠢᠩᠭᠢᠵᠦ ᠬᠡᠯᠡ᠄ 〈ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ ᠲᠠ ᠨᠠᠷ ᠨᠠᠳᠠ ᠠᠴᠠ ᠠᠰᠠᠭᠤᠬᠤ ᠪᠠᠷ ᠢᠷᠡᠭᠰᠡᠨ ᠤᠤ︖ ᠮᠢᠨᠦ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ ᠨᠠᠳᠠ ᠠᠴᠠ ᠠᠰᠠᠭᠤᠬᠤ ᠶᠢ ᠴᠢᠨᠢ ᠪᠢ ᠵᠥᠪᠰᠢᠶᠡᠷᠡᠬᠦ ᠦᠭᠡᠢ᠃〉 ᠡᠵᠡᠨ ᠶᠣᠬᠣᠸᠠ ᠠᠢᠯᠠᠳᠴᠤ ᠪᠠᠢᠨ᠎ᠠ᠃ 4 ᠴᠢ ᠲᠡᠳᠡᠨ ᠢ ᠰᠢᠭᠦᠬᠦ ᠦᠭᠡᠢ ᠤᠤ︖ ᠬᠥᠮᠦᠨ ᠦ ᠬᠦᠦ ᠴᠢ ᠲᠡᠳᠡᠨ ᠢ ᠰᠢᠭᠦᠬᠦ ᠦᠭᠡᠢ ᠤᠤ︖ ᠲᠡᠳᠡᠨ ᠳᠦ ᠡᠴᠢᠭᠡ ᠡᠪᠦᠭᠡᠳ ᠦᠨ ᠬᠢᠨᠢ ᠵᠢᠭᠰᠢᠭᠦᠷᠢᠲᠦ ᠶᠠᠪᠤᠳᠠᠯ ᠤᠳ ᠢ ᠮᠡᠳᠡᠭᠦᠯᠵᠦ᠂ 5 ᠲᠡᠳᠡᠨ ᠳᠦ᠄ 〈ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ ᠪᠢ ᠢᠰᠷᠧᠯ ᠢ ᠰᠣᠩ᠋ᠭᠣᠨ᠂ ᠶᠠᠺᠣᠪ ᠤᠨ ᠭᠡᠷ ᠦᠨ ᠦᠷ᠎ᠡ ᠤᠳᠤᠮ ᠳᠤ ᠭᠠᠷ ᠢᠶᠠᠨ ᠡᠷᠭᠦᠵᠦ ᠲᠠᠩ᠋ᠭᠠᠷᠢᠭᠯᠠᠨ᠂ ᠶᠧᠵᠢᠫᠲ ᠲᠤ ᠥᠪᠡᠷ ᠢ ᠪᠠᠨ ᠲᠡᠳᠡᠨ ᠳᠦ ᠮᠡᠳᠡᠭᠦᠯᠦᠭᠰᠡᠨ᠂ ᠲᠡᠷᠡ ᠡᠳᠦᠷ ᠭᠠᠷ ᠢᠶᠠᠨ ᠡᠷᠭᠦᠨ ᠲᠡᠳᠡᠨ ᠳᠦ ᠪᠢ ᠪᠣᠯ ᠲᠠ ᠨᠠᠷ ᠤᠨ ᠪᠤᠷᠬᠠᠨ ᠶᠣᠬᠣᠸᠠ ᠭᠡᠵᠦ ᠶᠠᠷᠢᠭᠰᠠᠨ᠃〉 6 ᠲᠡᠷᠡ ᠡᠳᠦᠷ ᠪᠢ ᠲᠡᠳᠡᠨ ᠢ ᠶᠧᠵᠢᠫᠲ ᠡᠴᠡ ᠭᠠᠷᠭᠠᠨ᠂ ᠲᠡᠳᠡᠨ ᠦ ᠲᠥᠯᠥᠭᠡ ᠮᠢᠨᠦ ᠰᠣᠩ᠋ᠭᠣᠭᠰᠠᠨ ᠨᠤᠲᠤᠭ᠂ ᠰᠦ᠋᠂ ᠪᠠᠯ ᠤᠷᠤᠰᠳᠠᠭ ᠪᠦᠬᠦ ᠳᠡᠯᠡᠬᠡᠢ ᠶᠢᠨ ᠢᠷᠠᠭᠤ ᠠᠯᠳᠠᠷ ᠪᠣᠯᠬᠤ ᠨᠤᠲᠤᠭ ᠤᠷᠤᠭᠤ ᠠᠪᠠᠴᠢᠬᠤ ᠪᠠᠷ ᠲᠠᠩ᠋ᠭᠠᠷᠢᠭᠯᠠᠵᠤ᠂ 7 ᠲᠡᠳᠡᠨ ᠳᠦ᠄ 〈ᠲᠠ ᠨᠠᠷ ᠤᠨ ᠬᠥᠮᠦᠨ ᠪᠦᠷᠢ ᠨᠢᠳᠦ ᠶᠢ ᠴᠢᠨᠢ ᠪᠤᠯᠢᠶᠠᠳᠠᠭ ᠵᠢᠭᠰᠢᠭᠦᠷᠢᠲᠦ ᠵᠦᠢᠯ ᠢᠶᠠᠨ ᠬᠠᠶᠠᠵᠤ᠂ ᠶᠧᠵᠢᠫᠲ ᠤᠨ ᠰᠢᠲᠦᠭᠡᠨ ᠨᠦᠭᠦᠳ ᠢᠶᠡᠷ ᠥᠪᠡᠷᠰᠡᠳ ᠢ ᠪᠠᠨ ᠪᠦᠦ ᠪᠤᠵᠠᠷᠯᠠ᠃ ᠲᠠ ᠨᠠᠷ ᠤᠨ ᠪᠤᠷᠬᠠᠨ ᠪᠣᠯ ᠶᠣᠬᠣᠸᠠ ᠪᠢ〉 ᠭᠡᠵᠦ ᠬᠡᠯᠡᠭᠰᠡᠨ᠃ 8 ᠭᠡᠪᠡᠴᠦ ᠲᠡᠳᠡ ᠨᠠᠳᠠ ᠠᠴᠠ ᠲᠡᠷᠰᠯᠡᠵᠦ᠂ ᠮᠢᠨᠦᠬᠢ ᠶᠢ ᠰᠣᠨᠣᠰᠬᠤ ᠦᠭᠡᠢ ᠪᠠᠢᠯ᠎ᠠ᠃
9 ᠬᠠᠷᠢᠨ ᠲᠡᠳᠡᠨ ᠦ ᠰᠠᠭᠤᠵᠤ ᠪᠠᠢᠭᠰᠠᠨ ᠭᠠᠵᠠᠷ ᠤᠨ ᠦᠨᠳᠦᠰᠦᠲᠡᠨ ᠨᠦᠭᠦᠳ ᠦᠨ ᠨᠢᠳᠦᠨ ᠦ ᠡᠮᠦᠨ᠎ᠡ ᠨᠡᠷ᠎ᠡ ᠪᠡᠨ ᠳᠣᠷᠣᠮᠵᠢᠯᠠᠭᠤᠯᠬᠤ ᠦᠭᠡᠢ ᠶᠢᠨ ᠲᠤᠯᠠᠳᠠ ᠪᠢ ᠥᠪᠡᠷ ᠦᠨ ᠢᠶᠠᠨ ᠨᠡᠷ᠎ᠡ ᠶᠢᠨ ᠲᠥᠯᠥᠭᠡ ᠦᠢᠯᠡᠳᠦᠨ᠂ ᠲᠡᠳᠡᠨ ᠦ ᠨᠢᠳᠦᠨ ᠦ ᠡᠮᠦᠨ᠎ᠡ ᠢᠰᠷᠧᠯᠴᠦᠳ ᠢ ᠶᠧᠵᠢᠫᠲ ᠡᠴᠡ ᠭᠠᠷᠭᠠᠭᠰᠠᠨ ᠢᠶᠠᠷ ᠢᠶᠠᠨ ᠲᠡᠳᠡᠨ ᠳᠦ ᠥᠪᠡᠷ ᠢ ᠪᠠᠨ ᠮᠡᠳᠡᠭᠦᠯᠦᠭᠰᠡᠨ᠃ 10 ᠡᠢᠨ ᠬᠦ ᠪᠢ ᠲᠡᠳᠡᠨ ᠢ ᠶᠧᠵᠢᠫᠲ ᠡᠴᠡ ᠭᠠᠷᠭᠠᠨ᠂ ᠴᠥᠯ ᠳᠤ ᠠᠪᠠᠴᠢᠭᠰᠠᠨ᠃ 11 ᠪᠢ ᠲᠡᠳᠡᠨ ᠳᠦ ᠲᠣᠭᠲᠠᠭᠠᠯ ᠤᠳ ᠢᠶᠠᠨ ᠥᠭᠴᠦ᠂ ᠪᠡᠶᠡᠯᠡᠭᠦᠯᠪᠡᠯ ᠠᠮᠢᠳᠤᠷᠠᠬᠤ ᠲᠤᠰᠢᠶᠠᠯ ᠤᠳ ᠢᠶᠠᠨ ᠲᠡᠳᠡᠨ ᠳᠦ ᠮᠡᠳᠡᠭᠦᠯᠦᠭᠰᠡᠨ᠃ 12 ᠪᠠᠰᠠ ᠲᠡᠳᠡᠨ ᠢ ᠠᠷᠢᠭᠤᠰᠬᠠᠭᠴᠢ ᠨᠢ ᠶᠣᠬᠣᠸᠠ ᠪᠢ ᠭᠡᠳᠡᠭ ᠢᠶᠡᠨ ᠮᠡᠳᠡᠭᠦᠯᠬᠦ ᠪᠡᠷ ᠪᠢ ᠪᠣᠯᠣᠨ ᠲᠡᠳᠡᠨ ᠦ ᠬᠣᠭᠣᠷᠣᠨᠳᠣᠬᠢ ᠲᠡᠮᠳᠡᠭ ᠪᠣᠯᠭᠠᠵᠤ᠂ ᠠᠮᠠᠷᠠᠯ ᠤᠨ ᠡᠳᠦᠷ ᠢᠶᠡᠨ ᠲᠡᠳᠡᠨ ᠳᠦ ᠥᠭᠭᠥᠭᠰᠡᠨ᠃
13 ᠭᠡᠪᠡᠴᠦ ᠢᠰᠷᠧᠯ ᠤᠨ ᠭᠡᠷ ᠴᠥᠯ ᠳᠤ ᠨᠠᠳᠠ ᠠᠴᠠ ᠲᠡᠷᠰᠯᠡᠪᠡ᠃ ᠲᠡᠳᠡ ᠲᠣᠭᠲᠠᠭᠠᠯ ᠤᠳ ᠢ ᠮᠢᠨᠢ ᠮᠥᠷᠳᠡᠭᠰᠡᠨ ᠦᠭᠡᠢ᠂ ᠪᠡᠶᠡᠯᠡᠭᠦᠯᠪᠡᠯ ᠠᠮᠢᠳᠤᠷᠠᠬᠤ ᠲᠤᠰᠢᠶᠠᠯ ᠤᠳ ᠢ ᠮᠢᠨᠢ ᠣᠭᠣᠷᠴᠤ᠂ ᠠᠮᠠᠷᠠᠯ ᠤᠨ ᠡᠳᠦᠷ ᠢ ᠮᠢᠨᠢ ᠶᠡᠬᠡᠳᠡ ᠪᠤᠵᠠᠷᠯᠠᠪᠠ᠃ ᠡᠢᠮᠦ ᠡᠴᠡ ᠪᠢ ᠲᠡᠳᠡᠨ ᠢ ᠴᠥᠯ ᠳᠤ ᠡᠴᠦᠰᠯᠡᠭᠦᠯᠬᠦ ᠪᠡᠷ ᠥᠪᠡᠷ ᠦᠨ ᠢᠶᠠᠨ ᠬᠢᠯᠢᠩ ᠢ ᠲᠡᠳᠡᠨ ᠦ ᠳᠡᠭᠡᠷ᠎ᠡ ᠠᠰᠬᠠᠬᠤ ᠭᠡᠰᠡᠨ ᠶᠤᠮ᠃ 14 ᠬᠠᠷᠢᠨ ᠲᠡᠳᠡᠨ ᠢ ᠳᠠᠭᠠᠭᠤᠯᠤᠨ ᠭᠠᠷᠭᠠᠬᠤ ᠶᠢ ᠮᠢᠨᠢ ᠬᠠᠷᠠᠵᠤ ᠪᠠᠢᠭᠰᠠᠨ ᠦᠨᠳᠦᠰᠦᠲᠡᠨ ᠨᠦᠭᠦᠳ ᠦᠨ ᠨᠢᠳᠦᠨ ᠦ ᠡᠮᠦᠨ᠎ᠡ ᠨᠡᠷ᠎ᠡ ᠪᠡᠨ ᠳᠣᠷᠣᠮᠵᠢᠯᠠᠭᠤᠯᠬᠤ ᠦᠭᠡᠢ ᠶᠢᠨ ᠲᠤᠯᠠᠳᠠ ᠪᠢ ᠥᠪᠡᠷ ᠦᠨ ᠢᠶᠠᠨ ᠨᠡᠷ᠎ᠡ ᠶᠢᠨ ᠲᠥᠯᠥᠭᠡ ᠦᠢᠯᠡᠳᠪᠡ᠃ 15 ᠪᠢ ᠪᠠᠰᠠ ᠲᠡᠳᠡᠨ ᠳᠦ ᠥᠭᠬᠦ ᠭᠡᠰᠡᠨ ᠰᠦ᠋᠂ ᠪᠠᠯ ᠤᠷᠤᠰᠳᠠᠭ᠂ ᠪᠦᠬᠦ ᠳᠡᠯᠡᠬᠡᠢ ᠶᠢᠨ ᠢᠷᠠᠭᠤ ᠠᠯᠳᠠᠷ ᠪᠣᠯᠬᠤ ᠲᠡᠷᠡ ᠬᠦ ᠨᠤᠲᠤᠭ ᠲᠤ ᠲᠡᠳᠡᠨ ᠢ ᠣᠷᠣᠭᠤᠯᠬᠤ ᠦᠭᠡᠢ ᠭᠡᠵᠦ ᠴᠥᠯ ᠳᠤ ᠲᠠᠩ᠋ᠭᠠᠷᠢᠭᠯᠠᠭᠰᠠᠨ ᠪᠢᠯᠡ᠃ 16 ᠤᠴᠢᠷ ᠨᠢ ᠲᠡᠳᠡ ᠲᠤᠰᠢᠶᠠᠯ ᠤᠳ ᠢ ᠮᠢᠨᠢ ᠣᠭᠣᠷᠴᠤ᠂ ᠲᠣᠭᠲᠠᠭᠠᠯ ᠤᠳ ᠢ ᠮᠢᠨᠢ ᠡᠰᠡ ᠮᠥᠷᠳᠡᠨ᠂ ᠠᠮᠠᠷᠠᠯ ᠤᠨ ᠡᠳᠦᠷ ᠢ ᠮᠢᠨᠢ ᠪᠤᠵᠠᠷᠯᠠᠭᠰᠠᠨ᠃ ᠲᠡᠳᠡᠨ ᠦ ᠵᠢᠷᠦᠬᠡ ᠰᠢᠲᠦᠭᠡᠨ ᠨᠦᠭᠦᠳ ᠦᠨ ᠢᠶᠠᠨ ᠠᠷᠤ ᠠᠴᠠ ᠶᠠᠪᠤᠭᠰᠠᠨ ᠪᠠᠢᠯ᠎ᠠ᠃ 17 ᠭᠡᠪᠡᠴᠦ ᠪᠢ ᠲᠡᠳᠡᠨ ᠢ ᠥᠷᠥ ᠡᠪᠡᠳᠦᠨ ᠬᠠᠷᠠᠵᠤ᠂ ᠴᠥᠯ ᠳᠤ ᠲᠡᠳᠡᠨ ᠢ ᠤᠰᠠᠳᠬᠠᠭᠰᠠᠨ ᠦᠭᠡᠢ᠂ ᠡᠴᠦᠰᠯᠡᠭᠦᠯᠦᠭᠰᠡᠨ ᠦᠭᠡᠢ᠃
18 ᠪᠢ ᠴᠥᠯ ᠳᠤ ᠲᠡᠳᠡᠨ ᠦ ᠦᠷ᠎ᠡ ᠬᠡᠦᠬᠡᠳ ᠲᠦ᠄ 〈ᠲᠠ ᠨᠠᠷ ᠡᠴᠢᠭᠡ ᠡᠪᠦᠭᠡᠳ ᠦᠨ ᠢᠶᠠᠨ ᠲᠣᠭᠲᠠᠭᠠᠯ ᠤᠳ ᠢ ᠪᠦᠦ ᠮᠥᠷᠳᠡ᠂ ᠵᠢᠷᠤᠮ ᠤᠳ ᠢ ᠨᠢ ᠪᠦᠦ ᠰᠠᠬᠢ᠂ ᠰᠢᠲᠦᠭᠡᠨ ᠨᠦᠭᠦᠳ ᠢᠶᠡᠷ ᠨᠢ ᠥᠪᠡᠷᠰᠡᠳ ᠢ ᠪᠠᠨ ᠪᠦᠦ ᠪᠤᠵᠠᠷᠯᠠ᠃ 19 ᠲᠠ ᠨᠠᠷ ᠤᠨ ᠪᠤᠷᠬᠠᠨ ᠪᠣᠯ ᠶᠣᠬᠣᠸᠠ ᠪᠢ᠃ ᠲᠠ ᠨᠠᠷ ᠮᠢᠨᠦ ᠲᠣᠭᠲᠠᠭᠠᠯ ᠤᠳ ᠢ ᠮᠥᠷᠳᠡᠨ᠂ ᠮᠢᠨᠦ ᠵᠢᠷᠤᠮ ᠤᠳ ᠢ ᠰᠠᠬᠢᠵᠤ᠂ ᠲᠡᠳᠡᠭᠡᠷ ᠢ ᠪᠡᠶᠡᠯᠡᠭᠦᠯ᠂ 20 ᠠᠮᠠᠷᠠᠯ ᠤᠨ ᠡᠳᠦᠷ ᠢ ᠮᠢᠨᠢ ᠠᠷᠢᠭᠤᠨ ᠢᠶᠠᠷ ᠰᠠᠬᠢ᠂ ᠲᠡᠷᠡ ᠨᠢ ᠲᠠ ᠨᠠᠷ ᠪᠣᠯᠣᠨ ᠮᠢᠨᠦ ᠬᠣᠭᠣᠷᠣᠨᠳᠣᠬᠢ ᠲᠡᠮᠳᠡᠭ ᠪᠣᠯᠣᠨ᠎ᠠ᠃ ᠲᠡᠢᠨ ᠬᠦ ᠲᠠ ᠨᠠᠷ ᠥᠪᠡᠷᠰᠡᠳ ᠦᠨ ᠴᠢᠨᠢ ᠪᠤᠷᠬᠠᠨ ᠪᠣᠯ ᠶᠣᠬᠣᠸᠠ ᠪᠢ ᠭᠡᠳᠡᠭ ᠢ ᠮᠡᠳᠡᠬᠦ ᠪᠣᠯᠣᠨ᠎ᠠ〉 ᠭᠡᠪᠡ᠃ 21 ᠭᠡᠲᠡᠯ᠎ᠡ ᠦᠷ᠎ᠡ ᠬᠡᠦᠬᠡᠳ ᠨᠢ ᠴᠤ ᠨᠠᠳᠠ ᠠᠴᠠ ᠲᠡᠷᠰᠯᠡᠭᠰᠡᠨ᠃ ᠲᠡᠳᠡ ᠲᠣᠭᠲᠠᠭᠠᠯ ᠤᠳ ᠢ ᠮᠢᠨᠢ ᠮᠥᠷᠳᠡᠭᠰᠡᠨ ᠦᠭᠡᠢ᠂ ᠪᠡᠶᠡᠯᠡᠭᠦᠯᠪᠡᠯ ᠠᠮᠢᠳᠤᠷᠠᠬᠤ ᠵᠢᠷᠤᠮ ᠤᠳ ᠢ ᠮᠢᠨᠢ ᠰᠠᠬᠢᠨ ᠪᠡᠶᠡᠯᠡᠭᠦᠯᠦᠭᠰᠡᠨ ᠦᠭᠡᠢ᠃ ᠲᠡᠳᠡ ᠠᠮᠠᠷᠠᠯ ᠤᠨ ᠡᠳᠦᠷ ᠢ ᠮᠢᠨᠢ ᠪᠤᠵᠠᠷᠯᠠᠪᠠ᠃
22 ᠬᠠᠷᠢᠨ ᠲᠡᠳᠡᠨ ᠢ ᠳᠠᠭᠠᠭᠤᠯᠤᠨ ᠭᠠᠷᠭᠠᠬᠤ ᠶᠢ ᠮᠢᠨᠢ ᠬᠠᠷᠠᠵᠤ ᠪᠠᠢᠭᠰᠠᠨ ᠦᠨᠳᠦᠰᠦᠲᠡᠨ ᠨᠦᠭᠦᠳ ᠦᠨ ᠨᠢᠳᠦᠨ ᠦ ᠡᠮᠦᠨ᠎ᠡ ᠨᠡᠷ᠎ᠡ ᠪᠡᠨ ᠳᠣᠷᠣᠮᠵᠢᠯᠠᠭᠤᠯᠬᠤ ᠦᠭᠡᠢ ᠶᠢᠨ ᠲᠤᠯᠠᠳᠠ ᠪᠢ ᠭᠠᠷ ᠢᠶᠠᠨ ᠲᠠᠲᠠᠵᠤ᠂ ᠥᠪᠡᠷ ᠦᠨ ᠢᠶᠠᠨ ᠨᠡᠷ᠎ᠡ ᠶᠢᠨ ᠲᠥᠯᠥᠭᠡ ᠦᠢᠯᠡᠳᠦᠭᠰᠡᠨ᠃ 23 ᠪᠢ ᠴᠥᠯ ᠳᠤ ᠭᠠᠷ ᠢᠶᠠᠨ ᠡᠷᠭᠦᠵᠦ ᠲᠡᠳᠡᠨ ᠳᠦ ᠲᠠᠩ᠋ᠭᠠᠷᠢᠭᠯᠠᠨ᠂ ᠲᠡᠳᠡᠨ ᠢ ᠦᠨᠳᠦᠰᠦᠲᠡᠨ ᠨᠦᠭᠦᠳ ᠦᠨ ᠳᠤᠮᠳᠠ ᠪᠤᠲᠠᠷᠠᠭᠠᠵᠤ᠂ ᠭᠦᠷᠦᠨ ᠨᠦᠭᠦᠳ ᠢᠶᠡᠷ ᠲᠠᠷᠬᠠᠭᠠᠨ᠎ᠠ ᠭᠡᠵᠦ ᠬᠡᠯᠡᠭᠰᠡᠨ᠃ 24 ᠤᠴᠢᠷ ᠨᠢ ᠲᠡᠳᠡ ᠵᠢᠷᠤᠮ ᠤᠳ ᠢ ᠮᠢᠨᠢ ᠡᠰᠡ ᠪᠡᠶᠡᠯᠡᠭᠦᠯᠦᠨ᠂ ᠲᠣᠭᠲᠠᠭᠠᠯ ᠤᠳ ᠢ ᠮᠢᠨᠢ ᠣᠭᠣᠷᠴᠤ᠂ ᠠᠮᠠᠷᠠᠯ ᠤᠨ ᠡᠳᠦᠷ ᠤᠳ ᠢ ᠮᠢᠨᠢ ᠪᠤᠵᠠᠷᠯᠠᠨ᠂ ᠬᠠᠷᠠᠭ᠎ᠠ ᠪᠠᠨ ᠡᠴᠢᠭᠡ ᠡᠪᠦᠭᠡᠳ ᠦᠨ ᠢᠶᠠᠨ ᠰᠢᠲᠦᠭᠡᠨ ᠳᠡᠭᠡᠷ᠎ᠡ ᠲᠣᠭᠲᠠᠭᠠᠭᠰᠠᠨ᠃ 25 ᠡᠢᠮᠦ ᠡᠴᠡ ᠪᠢ ᠲᠡᠳᠡᠨ ᠢ ᠰᠠᠢᠨ ᠪᠤᠰᠤ ᠲᠣᠭᠲᠠᠭᠠᠯ ᠤᠳ᠂ ᠠᠮᠢᠳᠤᠷᠠᠭᠤᠯᠵᠤ ᠦᠯᠦ ᠴᠢᠳᠠᠬᠤ ᠶᠣᠰᠣ ᠵᠢᠷᠤᠮ ᠤᠳ ᠲᠤ ᠲᠤᠰᠢᠶᠠᠪᠠ᠃ 26 ᠲᠡᠳᠡ ᠪᠦᠬᠦ ᠤᠤᠭᠠᠨ ᠦᠷ᠎ᠡ ᠪᠡᠨ ᠭᠠᠯ ᠳᠤᠮᠳᠠᠭᠤᠷ ᠥᠩᠭᠡᠷᠡᠭᠦᠯᠳᠡᠭ ᠤᠴᠢᠷ ᠪᠢ ᠡᠷᠭᠦᠯ ᠦᠨ ᠬᠢᠨᠢ ᠤᠯᠠᠮ ᠢᠶᠠᠷ ᠲᠡᠳᠡᠨ ᠢ ᠪᠤᠵᠠᠷ ᠭᠡᠵᠦ ᠲᠤᠩ᠋ᠬᠠᠭᠯᠠᠭᠰᠠᠨ ᠶᠤᠮ᠃ ᠲᠡᠢᠨ ᠬᠦ ᠪᠢ ᠲᠡᠳᠡᠨ ᠢ ᠰᠦᠢᠷᠡᠭᠦᠯᠦᠨ᠂ ᠥᠪᠡᠷ ᠢ ᠪᠠᠨ ᠶᠣᠬᠣᠸᠠ ᠭᠡᠳᠡᠭ ᠢ ᠮᠡᠳᠡᠭᠦᠯᠬᠦ ᠭᠡᠰᠡᠨ ᠶᠤᠮ᠃》
27 ᠲᠡᠢᠮᠦ ᠡᠴᠡ ᠬᠥᠮᠦᠨ ᠦ ᠬᠦᠦ ᠡ᠂ ᠢᠰᠷᠧᠯ ᠤᠨ ᠭᠡᠷ ᠦᠨ ᠬᠢᠨ ᠲᠠᠢ ᠶᠠᠷᠢᠯᠴᠠᠨ᠂ ᠲᠡᠳᠡᠨ ᠳᠦ ᠬᠡᠯᠡ᠄ 《ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ ᠲᠠ ᠨᠠᠷ ᠤᠨ ᠡᠴᠢᠭᠡ ᠡᠪᠦᠭᠡᠳ ᠨᠠᠳᠠ ᠠᠴᠠ ᠤᠷᠪᠠᠵᠤ᠂ ᠨᠠᠮᠠᠶᠢ ᠭᠤᠲᠤᠭᠠᠨ᠂ 28 ᠲᠡᠳᠡᠨ ᠳᠦ ᠥᠭᠬᠦ ᠪᠡᠷ ᠲᠠᠩ᠋ᠭᠠᠷᠢᠭᠯᠠᠭᠰᠠᠨ ᠭᠠᠵᠠᠷ ᠲᠠᠭᠠᠨ ᠲᠡᠳᠡᠨ ᠢ ᠣᠷᠣᠭᠤᠯᠬᠤ ᠳᠤ᠂ ᠲᠡᠳᠡ ᠥᠨᠳᠥᠷ ᠲᠣᠯᠣᠭᠠᠳ᠂ ᠰᠠᠭᠯᠠᠭᠠᠷ ᠮᠣᠳᠣ ᠪᠣᠯᠭᠠᠨ ᠢ ᠬᠠᠷᠠᠪᠠᠯ ᠲᠠᠬᠢᠯ ᠡᠷᠭᠦᠨ᠂ ᠡᠷᠭᠦᠯ ᠢᠶᠡᠷ ᠢᠶᠠᠨ ᠨᠠᠮᠠᠶᠢ ᠬᠢᠯᠢᠩᠨᠡᠭᠦᠯᠵᠦ᠂ ᠪᠠᠰᠠ ᠤᠲᠤᠯᠭ᠎ᠠ ᠤᠭᠤᠭᠢᠭᠤᠯᠵᠤ᠂ ᠤᠮᠳᠠᠭᠠᠨ ᠡᠷᠭᠦᠯ ᠢᠶᠡᠨ ᠠᠰᠬᠠᠳᠠᠭ ᠪᠠᠢᠪᠠ᠃ 29 ᠪᠢ ᠲᠡᠳᠡᠨ ᠡᠴᠡ᠄ 〈ᠲᠠ ᠨᠠᠷ ᠤᠨ ᠣᠴᠢᠳᠠᠭ ᠮᠥᠷᠭᠥᠯ ᠦᠨ ᠮᠠᠨᠳᠠᠯ ᠭᠡᠵᠦ ᠶᠠᠭᠤ ᠪᠤᠢ︖〉 ᠭᠡᠪᠡ᠃ ᠬᠠᠷᠢᠨ ᠥᠨᠥᠳᠥᠷ ᠬᠦᠷᠲᠡᠯ᠎ᠡ ᠲᠡᠷᠡ ᠭᠠᠵᠠᠷ ᠢ 〈ᠮᠥᠷᠭᠥᠯ ᠦᠨ ᠮᠠᠨᠳᠠᠯ〉 ᠭᠡᠳᠡᠭ︕
ᠰᠢᠳᠬᠡᠯ ᠪᠠ ᠰᠡᠷᠭᠦᠯᠲᠡ
30 ᠲᠡᠢᠮᠦ ᠡᠴᠡ ᠢᠰᠷᠧᠯ ᠤᠨ ᠭᠡᠷ ᠲᠦ ᠶᠠᠷᠢ᠂ ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 〈ᠲᠠ ᠨᠠᠷ ᠡᠴᠢᠭᠡ ᠨᠦᠭᠦᠳ ᠦᠨ ᠢᠶᠠᠨ ᠵᠠᠮ ᠢ ᠳᠠᠭᠠᠨ ᠥᠪᠡᠷᠰᠡᠳ ᠢ ᠪᠠᠨ ᠪᠤᠵᠠᠷᠯᠠᠵᠤ᠂ ᠵᠢᠭᠰᠢᠭᠦᠷᠢᠲᠦ ᠶᠠᠪᠤᠳᠠᠯ ᠢ ᠨᠢ ᠳᠠᠭᠤᠷᠢᠶᠠᠨ ᠵᠠᠪᠬᠠᠢᠷᠠᠬᠤ ᠨᠢ ᠤᠤ︖ 31 ᠲᠠ ᠨᠠᠷ ᠥᠨᠥᠳᠥᠷ ᠬᠦᠷᠲᠡᠯ᠎ᠡ ᠡᠷᠭᠦᠯ ᠤᠳ ᠢᠶᠠᠨ ᠰᠢᠲᠦᠭᠡᠨ ᠨᠦᠭᠦᠳ ᠲᠦ ᠡᠷᠭᠦᠨ᠂ ᠬᠡᠦᠬᠡᠳ ᠢᠶᠡᠨ ᠭᠠᠯ ᠳᠤᠮᠳᠠᠭᠤᠷ ᠥᠩᠭᠡᠷᠡᠭᠦᠯᠦᠭᠰᠡᠭᠡᠷ ᠬᠠᠮᠤᠭ ᠰᠢᠲᠦᠭᠡᠨ ᠢᠶᠡᠷ ᠢᠶᠠᠨ ᠥᠪᠡᠷᠰᠡᠳ ᠢ ᠪᠠᠨ ᠪᠤᠵᠠᠷᠯᠠᠵᠤ ᠪᠠᠢᠨ᠎ᠠ᠃ ᠡᠢᠮᠦ ᠠᠲᠠᠯ᠎ᠠ ᠢᠰᠷᠧᠯ ᠤᠨ ᠭᠡᠷ ᠡ᠂ ᠨᠠᠳᠠ ᠠᠴᠠ ᠠᠰᠠᠭᠤᠬᠤ ᠶᠢ ᠴᠢᠨᠢ ᠪᠢ ᠵᠥᠪᠰᠢᠶᠡᠷᠡᠬᠦ ᠶᠣᠰᠣᠲᠠᠢ ᠤᠤ︖ ᠮᠢᠨᠦ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ ᠪᠢ ᠠᠰᠠᠭᠤᠬᠤ ᠶᠢ ᠴᠢᠨᠢ ᠵᠥᠪᠰᠢᠶᠡᠷᠡᠬᠦ ᠦᠭᠡᠢ᠃〉》 ᠡᠵᠡᠨ ᠶᠣᠬᠣᠸᠠ ᠠᠢᠯᠠᠳᠴᠤ ᠪᠠᠢᠨ᠎ᠠ᠃
32 《ᠲᠠ ᠨᠠᠷ᠄ 〈ᠪᠢᠳᠡ ᠬᠠᠷᠢᠴᠤᠳ ᠲᠠᠢ ᠠᠳᠠᠯᠢ᠂ ᠮᠣᠳᠣ᠂ ᠴᠢᠯᠠᠭᠤᠨ ᠳᠤ ᠮᠥᠷᠭᠥᠳᠡᠭ ᠳᠡᠯᠡᠬᠡᠢ ᠶᠢᠨ ᠦᠨᠳᠦᠰᠦᠲᠡᠨ ᠨᠦᠭᠦᠳ ᠲᠡᠢ ᠠᠳᠠᠯᠢ ᠪᠣᠯᠣᠮᠠᠷ ᠪᠠᠢᠨ᠎ᠠ〉 ᠭᠡᠯᠴᠡᠳᠡᠭ ᠪᠣᠯᠪᠠᠴᠤ ᠰᠠᠨᠠᠭᠠᠨ ᠳᠤ ᠴᠢᠨᠢ ᠣᠷᠣᠳᠠᠭ ᠵᠦᠢᠯ ᠪᠡᠶᠡᠯᠡᠬᠦ ᠦᠭᠡᠢ᠃
33 ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠂ ᠮᠢᠨᠦ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ ᠪᠢ ᠬᠦᠴᠦᠲᠦ ᠨᠢᠳᠤᠷᠭ᠎ᠠ ᠢᠶᠠᠷ ᠢᠶᠠᠨ᠂ ᠰᠤᠩ᠋ᠭᠠᠭᠰᠠᠨ ᠭᠠᠷ ᠢᠶᠠᠷ ᠢᠶᠠᠨ᠂ ᠴᠢᠳᠬᠤᠭᠰᠠᠨ ᠬᠢᠯᠢᠩ ᠢᠶᠠᠷ ᠢᠶᠠᠨ ᠲᠠ ᠨᠠᠷ ᠢ ᠬᠠᠭᠠᠨᠴᠢᠯᠠᠨ᠎ᠠ᠃》 34 《ᠪᠢ ᠬᠦᠴᠦᠲᠦ ᠨᠢᠳᠤᠷᠭ᠎ᠠ᠂ ᠰᠤᠩ᠋ᠭᠠᠭᠰᠠᠨ ᠭᠠᠷ ᠢᠶᠠᠷ ᠢᠶᠠᠨ᠂ ᠴᠢᠳᠬᠤᠭᠰᠠᠨ ᠬᠢᠯᠢᠩ ᠢᠶᠠᠷ ᠢᠶᠠᠨ ᠲᠠ ᠨᠠᠷ ᠢ ᠦᠨᠳᠦᠰᠦᠲᠡᠨ ᠨᠦᠭᠦᠳ ᠦᠨ ᠳᠤᠮᠳᠠ ᠠᠴᠠ ᠭᠠᠷᠭᠠᠵᠤ᠂ ᠲᠠᠷᠬᠠᠨ ᠣᠴᠢᠭᠰᠠᠨ ᠭᠦᠷᠦᠨ ᠨᠦᠭᠦᠳ ᠡᠴᠡ ᠴᠢᠨᠢ ᠴᠤᠭᠯᠠᠭᠤᠯᠤᠨ᠎ᠠ᠃ 35 ᠪᠢ ᠲᠠ ᠨᠠᠷ ᠢ ᠬᠠᠷᠢᠴᠤᠳ ᠤᠨ ᠴᠥᠯ ᠳᠤ ᠠᠪᠴᠢᠷᠠᠵᠤ᠂ ᠲᠡᠨᠳᠡ ᠲᠠ ᠨᠠᠷ ᠲᠠᠢ ᠨᠢᠭᠤᠷ ᠨᠢᠭᠤᠷ ᠢᠶᠠᠷ ᠢᠶᠠᠨ ᠠᠭᠤᠯᠵᠠᠵᠤ᠂ ᠲᠠ ᠨᠠᠷ ᠢ ᠰᠢᠭᠦᠨ᠎ᠡ᠃ 36 ᠪᠢ ᠡᠴᠢᠭᠡ ᠡᠪᠦᠭᠡᠳ ᠢ ᠴᠢᠨᠢ ᠶᠧᠵᠢᠫᠲ ᠨᠤᠲᠤᠭ ᠤᠨ ᠴᠥᠯ ᠳᠤ ᠰᠢᠭᠦᠭᠰᠡᠨ ᠲᠡᠢ ᠪᠡᠨ ᠠᠳᠠᠯᠢ ᠲᠠ ᠨᠠᠷ ᠢ ᠰᠢᠭᠦᠨ᠎ᠡ᠂ ᠡᠵᠡᠨ ᠶᠣᠬᠣᠸᠠ ᠠᠢᠯᠠᠳᠴᠤ ᠪᠠᠢᠨ᠎ᠠ᠃ 37 ᠪᠢ ᠲᠠ ᠨᠠᠷ ᠢ ᠬᠣᠨᠢᠴᠢᠨ ᠤ ᠰᠢᠯᠪᠢᠭᠦᠷ ᠳᠣᠣᠭᠤᠷ ᠥᠩᠭᠡᠷᠡᠭᠦᠯᠵᠦ᠂ ᠲᠠ ᠨᠠᠷ ᠢ ᠭᠡᠷ᠎ᠡ ᠶᠢᠨ ᠬᠦᠯᠢᠶᠡᠰᠦᠨ ᠳᠦ ᠣᠷᠣᠭᠤᠯᠤᠨ᠎ᠠ᠃ 38 ᠨᠠᠳᠠ ᠠᠴᠠ ᠲᠡᠷᠰᠯᠡᠭᠴᠢ᠂ ᠤᠷᠪᠠᠭᠴᠢ ᠶᠢ ᠪᠢ ᠲᠠ ᠨᠠᠷ ᠤᠨ ᠳᠣᠲᠣᠷ᠎ᠠ ᠠᠴᠠ ᠴᠡᠪᠡᠷᠯᠡᠨ᠎ᠡ᠂ ᠪᠢ ᠲᠡᠳᠡᠨ ᠢ ᠰᠠᠭᠤᠳᠠᠭ ᠭᠠᠵᠠᠷ ᠠᠴᠠ ᠨᠢ ᠭᠠᠷᠭᠠᠨ᠎ᠠ᠂ ᠬᠠᠷᠢᠨ ᠲᠡᠳᠡ ᠢᠰᠷᠧᠯ ᠤᠨ ᠨᠤᠲᠤᠭ ᠲᠤ ᠣᠷᠣᠬᠤ ᠦᠭᠡᠢ᠃ ᠲᠡᠢᠨ ᠬᠦ ᠲᠠ ᠨᠠᠷ ᠨᠠᠮᠠᠶᠢ ᠶᠣᠬᠣᠸᠠ ᠭᠡᠳᠡᠭ ᠢ ᠮᠡᠳᠡᠬᠦ ᠪᠣᠯᠣᠨ᠎ᠠ᠃
39 ᠢᠰᠷᠧᠯ ᠤᠨ ᠭᠡᠷ ᠦᠨ ᠬᠢᠨ ᠲᠠ ᠨᠠᠷ ᠲᠤ ᠡᠵᠡᠨ ᠶᠣᠬᠣᠸᠠ ᠠᠢᠯᠠᠳᠴᠤ ᠪᠠᠢᠨ᠎ᠠ᠂ ᠬᠥᠮᠦᠨ ᠪᠦᠷᠢ ᠶᠠᠪᠤᠵᠤ ᠥᠪᠡᠷ ᠦᠨ ᠢᠶᠠᠨ ᠰᠢᠲᠦᠭᠡᠨ ᠨᠦᠭᠦᠳ ᠲᠦ ᠦᠢᠯᠡᠴᠢᠯᠡᠵᠦ ᠦᠵᠡ᠃ ᠬᠠᠷᠢᠨ ᠬᠣᠵᠢᠮ ᠲᠠ ᠨᠠᠷ ᠦᠨᠡᠬᠡᠷ ᠮᠢᠨᠦᠬᠢ ᠶᠢ ᠰᠣᠨᠣᠰᠴᠤ᠂ ᠡᠷᠭᠦᠯ ᠪᠣᠯᠣᠨ ᠰᠢᠲᠦᠭᠡᠨ ᠨᠦᠭᠦᠳ ᠢᠶᠡᠷ ᠢᠶᠠᠨ ᠠᠷᠢᠭᠤᠨ ᠨᠡᠷ᠎ᠡ ᠶᠢ ᠮᠢᠨᠢ ᠭᠤᠲᠤᠭᠠᠬᠤ ᠪᠠᠨ ᠪᠣᠯᠢᠨ᠎ᠠ᠃》
40 ᠡᠵᠡᠨ ᠶᠣᠬᠣᠸᠠ ᠠᠢᠯᠠᠳᠴᠤ ᠪᠠᠢᠨ᠎ᠠ᠄ 《ᠮᠢᠨᠦ ᠠᠷᠢᠭᠤᠨ ᠠᠭᠤᠯᠠ᠂ ᠢᠰᠷᠧᠯ ᠤᠨ ᠥᠨᠳᠥᠷ ᠠᠭᠤᠯᠠᠨ ᠳᠡᠭᠡᠷ᠎ᠡ ᠢᠰᠷᠧᠯ ᠤᠨ ᠬᠠᠮᠤᠭ ᠭᠡᠷ ᠪᠦᠭᠦᠳᠡᠭᠡᠷ ᠨᠤᠲᠤᠭ ᠲᠠᠭᠠᠨ ᠨᠠᠳᠠ ᠳᠤ ᠦᠢᠯᠡᠴᠢᠯᠡᠵᠦ᠂ ᠲᠡᠨᠳᠡ ᠪᠢ ᠲᠡᠳᠡᠨ ᠢ ᠬᠦᠯᠢᠶᠡᠨ ᠠᠪᠤᠨ᠎ᠠ᠂ ᠲᠡᠨᠳᠡ ᠪᠢ ᠲᠠ ᠨᠠᠷ ᠠᠴᠠ ᠬᠠᠨᠳᠢᠪ᠂ ᠳᠡᠭᠡᠵᠢ ᠡᠷᠭᠦᠯ ᠤᠳ ᠢ ᠠᠷᠢᠭᠤᠨ ᠲᠠᠬᠢᠯ ᠤᠳ ᠲᠠᠢ ᠬᠠᠮᠲᠤ ᠬᠦᠰᠡᠬᠦ ᠪᠣᠯᠣᠨ᠎ᠠ᠃ 41 ᠪᠢ ᠲᠠ ᠨᠠᠷ ᠢ ᠦᠨᠳᠦᠰᠦᠲᠡᠨ ᠨᠦᠭᠦᠳ ᠦᠨ ᠳᠤᠮᠳᠠ ᠠᠴᠠ ᠭᠠᠷᠭᠠᠵᠤ᠂ ᠲᠠᠷᠬᠠᠨ ᠣᠴᠢᠭᠰᠠᠨ ᠭᠦᠷᠦᠨ ᠨᠦᠭᠦᠳ ᠡᠴᠡ ᠴᠢᠨᠢ ᠴᠤᠭᠯᠠᠭᠤᠯᠬᠤ ᠴᠠᠭ ᠲᠠᠭᠠᠨ ᠲᠠ ᠨᠠᠷ ᠢ ᠲᠠᠭᠠᠯᠠᠮᠵᠢᠲᠤ ᠦᠨᠦᠷ ᠮᠡᠲᠦ ᠬᠦᠯᠢᠶᠡᠵᠦ ᠠᠪᠤᠨ᠎ᠠ᠂ ᠪᠢ ᠦᠨᠳᠦᠰᠦᠲᠡᠨ ᠨᠦᠭᠦᠳ ᠦᠨ ᠨᠢᠳᠦᠨ ᠳᠡᠭᠡᠷ᠎ᠡ ᠲᠠ ᠨᠠᠷ ᠤᠨ ᠳᠤᠮᠳᠠ ᠥᠪᠡᠷ ᠢ ᠪᠠᠨ ᠠᠷᠢᠭᠤᠨ ᠭᠡᠳᠡᠭ ᠢᠶᠡᠨ ᠬᠠᠷᠠᠭᠤᠯᠤᠨ᠎ᠠ᠃ 42 ᠪᠢ ᠲᠠ ᠨᠠᠷ ᠢ ᠡᠴᠢᠭᠡ ᠨᠦᠭᠦᠳ ᠲᠦ ᠴᠢᠨᠢ ᠥᠭᠬᠦ ᠪᠡᠷ ᠲᠠᠩ᠋ᠭᠠᠷᠢᠭᠯᠠᠭᠰᠠᠨ ᠭᠠᠵᠠᠷ᠂ ᠢᠰᠷᠧᠯ ᠤᠨ ᠨᠤᠲᠤᠭ ᠲᠠᠭᠠᠨ ᠣᠷᠣᠭᠤᠯᠬᠤ ᠳᠤ ᠲᠠ ᠨᠠᠷ ᠨᠠᠮᠠᠶᠢ ᠶᠣᠬᠣᠸᠠ ᠭᠡᠳᠡᠭ ᠢ ᠮᠡᠳᠡᠬᠦ ᠪᠥᠭᠡᠳ 43 ᠥᠪᠡᠷᠰᠡᠳ ᠦᠨ ᠢᠶᠠᠨ ᠵᠠᠮ᠂ ᠥᠪᠡᠷᠰᠡᠳ ᠢ ᠪᠠᠨ ᠪᠤᠵᠠᠷᠯᠠᠭᠰᠠᠨ ᠦᠢᠯᠡᠰ ᠢᠶᠡᠨ ᠲᠡᠨᠳᠡ ᠰᠠᠨᠠᠵᠤ᠂ ᠦᠢᠯᠡᠳᠦᠭᠰᠡᠨ ᠬᠠᠮᠤᠭ ᠬᠣᠷᠣᠨ ᠮᠠᠭᠤ ᠶᠠᠪᠤᠳᠠᠯ ᠤᠨ ᠢᠶᠠᠨ ᠤᠯᠠᠮ ᠢᠶᠠᠷ ᠥᠪᠡᠷᠰᠡᠳ ᠢ ᠪᠠᠨ ᠵᠢᠭᠰᠢᠬᠦ ᠪᠣᠯᠣᠨ᠎ᠠ᠃ 44 ᠢᠰᠷᠧᠯ ᠤᠨ ᠭᠡᠷ ᠡ᠂ ᠪᠢ ᠬᠣᠷᠣᠨ ᠮᠠᠭᠤ ᠶᠠᠪᠤᠳᠠᠯ ᠪᠤᠶᠤ ᠭᠠᠵᠢ ᠦᠢᠯᠡᠰ ᠦᠨ ᠴᠢᠨᠢ ᠳᠠᠭᠠᠤ ᠪᠤᠰᠤ᠂ ᠬᠠᠷᠢᠨ ᠥᠪᠡᠷ ᠦᠨ ᠢᠶᠠᠨ ᠨᠡᠷ᠎ᠡ ᠶᠢᠨ ᠲᠥᠯᠥᠭᠡ ᠲᠠ ᠨᠠᠷ ᠲᠤ ᠦᠢᠯᠡᠳᠦᠨ᠎ᠡ᠂ ᠲᠡᠭᠡᠬᠦ ᠳᠦ ᠲᠠ ᠨᠠᠷ ᠨᠠᠮᠠᠶᠢ ᠶᠣᠬᠣᠸᠠ ᠭᠡᠳᠡᠭ ᠢ ᠮᠡᠳᠡᠬᠦ ᠪᠣᠯᠣᠨ᠎ᠠ᠃》 ᠡᠵᠡᠨ ᠶᠣᠬᠣᠸᠠ ᠠᠢᠯᠠᠳᠴᠤ ᠪᠠᠢᠨ᠎ᠠ᠃
ᠶᠦᠳᠠ ᠳᠤ ᠢᠷᠡᠬᠦ ᠰᠢᠳᠬᠡᠯ ᠦᠨ ᠲᠤᠬᠠᠢ
45 ᠶᠣᠬᠣᠸᠠ ᠶᠢᠨ ᠦᠭᠡ ᠨᠠᠳᠠ ᠳᠤ ᠢᠷᠡᠵᠦ᠄ 46 《ᠬᠥᠮᠦᠨ ᠦ ᠬᠦᠦ ᠡ᠂ ᠨᠢᠭᠤᠷ ᠢᠶᠠᠨ ᠡᠮᠦᠨᠡᠰᠢ ᠪᠠᠨ ᠬᠠᠨᠳᠤᠭᠤᠯᠵᠤ᠂ ᠡᠮᠦᠨᠡᠲᠦ ᠶᠢᠨ ᠡᠰᠡᠷᠭᠦ ᠲᠤᠩ᠋ᠬᠠᠭᠯᠠ᠂ ᠡᠮᠦᠨ᠎ᠡ ᠪᠦᠰᠡ ᠶᠢᠨ ᠣᠢ ᠮᠣᠳᠣ ᠲᠠᠢ ᠭᠠᠵᠠᠷ ᠤᠨ ᠡᠰᠡᠷᠭᠦ ᠡᠰᠢ ᠦᠵᠡᠭᠦᠯ᠃ 47 ᠡᠮᠦᠨ᠎ᠡ ᠪᠦᠰᠡ ᠶᠢᠨ ᠣᠢ ᠳᠤ᠄ 〈ᠶᠣᠬᠣᠸᠠ ᠶᠢᠨ ᠦᠭᠡ ᠶᠢ ᠰᠣᠨᠣᠰ᠂ ᠡᠵᠡᠨ ᠶᠣᠬᠣᠸᠠ ᠠᠢᠯᠠᠳᠴᠤ ᠪᠠᠢᠨ᠎ᠠ᠂ ᠬᠠᠷ᠎ᠠ᠂ ᠪᠢ ᠴᠢᠨᠦ ᠳᠣᠲᠣᠷ᠎ᠠ ᠭᠠᠯ ᠲᠠᠯᠪᠢᠬᠤ ᠭᠡᠵᠦ ᠪᠠᠢᠨ᠎ᠠ᠃ ᠲᠡᠷᠡ ᠭᠠᠯ ᠴᠢᠨᠦ ᠳᠣᠲᠣᠷᠠᠬᠢ ᠬᠠᠮᠤᠭ ᠨᠣᠭᠣᠭᠠᠨ ᠮᠣᠳᠣ ᠪᠣᠯᠣᠨ ᠬᠠᠲᠠᠭᠰᠠᠨ ᠮᠣᠳᠣ ᠶᠢ ᠰᠢᠲᠠᠭᠠᠨ᠎ᠠ᠃ ᠳᠦᠷᠡᠯᠵᠡᠭᠰᠡᠨ ᠳᠥᠯᠥ ᠨᠢ ᠤᠨᠲᠠᠷᠠᠬᠤ ᠦᠭᠡᠢ᠂ ᠡᠮᠦᠨᠡᠲᠦ ᠡᠴᠡ ᠤᠮᠠᠷᠠᠲᠤ ᠬᠦᠷᠲᠡᠯᠡᠬᠢ ᠪᠦᠬᠦ ᠭᠠᠳᠠᠷᠭᠤ ᠶᠢ ᠲᠦᠯᠡᠨ᠎ᠡ᠃ 48 ᠲᠡᠭᠦᠨ ᠢ ᠰᠢᠲᠠᠭᠠᠭᠴᠢ ᠨᠢ ᠶᠣᠬᠣᠸᠠ ᠪᠢ ᠭᠡᠳᠡᠭ ᠢ ᠮᠢᠬᠠᠨ ᠪᠡᠶᠡᠲᠦ ᠪᠦᠬᠦᠨ ᠬᠠᠷᠠᠬᠤ ᠪᠣᠯᠣᠨ᠎ᠠ᠃ ᠲᠡᠷᠡ ᠭᠠᠯ ᠤᠨᠲᠠᠷᠠᠬᠤ ᠦᠭᠡᠢ〉 ᠭᠡᠵᠦ ᠬᠡᠯᠡ》 ᠭᠡᠪᠡ᠃ 49 ᠲᠡᠭᠡᠬᠦ ᠳᠦ ᠪᠢ᠄ 《ᠥ ᠡᠵᠡᠨ ᠶᠣᠬᠣᠸᠠ᠂ ᠲᠡᠳᠡ ᠮᠢᠨᠦ ᠲᠤᠬᠠᠢ᠄ 〈ᠲᠡᠷᠡ ᠴᠢᠨᠢ ᠶᠣᠭᠲᠠ ᠦᠯᠢᠭᠡᠷ ᠵᠣᠬᠢᠶᠠᠭᠴᠢ ᠪᠢᠰᠢ ᠤᠤ︖〉 ᠭᠡᠯᠴᠡᠵᠦ ᠪᠠᠢᠨ᠎ᠠ》 ᠭᠡᠯᠡ᠃