1 2 3 4 5 6 7 8 9 10 11 12 13 14 15 16 17 18 19 20 21 22 23 24 25 26 27 28 29 30 31 32 33 34 35 36 37 38 39 40 41 42 43 44 45 46 47 48


ᠡᠽᠧᠺᠢᠶᠧᠯ ᠭᠤᠴᠢᠨ ᠭᠤᠷᠪᠠ
 ᠬᠠᠷᠠᠭᠤᠯ ᠤᠨ ᠡᠭᠦᠷᠭᠡ

1 ᠶᠣᠬᠣᠸᠠ ᠶᠢᠨ ᠦᠭᠡ ᠨᠠᠳᠠ ᠳᠤ ᠢᠷᠡᠪᠡ᠄ 2 《ᠬᠥᠮᠦᠨ ᠦ ᠬᠦᠦ ᠡ᠂ ᠥᠪᠡᠷ ᠦᠨ ᠢᠶᠠᠨ ᠠᠷᠠᠳ ᠲᠦᠮᠡᠨ ᠳᠦ ᠡᠢᠨ ᠬᠦ ᠶᠠᠷᠢ᠄ 〈ᠪᠢ ᠨᠢᠭᠡ ᠨᠤᠲᠤᠭ ᠤᠷᠤᠭᠤ ᠢᠯᠳᠦ ᠶᠠᠪᠤᠭᠤᠯᠪᠠᠯ᠂ ᠲᠡᠷᠡ ᠨᠤᠲᠤᠭ ᠤᠨ ᠠᠷᠠᠳ ᠲᠦᠮᠡᠨ ᠥᠪᠡᠷᠰᠡᠳ ᠦᠨ ᠢᠶᠠᠨ ᠳᠤᠮᠳᠠ ᠠᠴᠠ ᠨᠢᠭᠡ ᠬᠥᠮᠦᠨ ᠢ ᠬᠠᠷᠠᠭᠤᠯ ᠢᠶᠠᠷ ᠲᠣᠮᠢᠯᠠᠬᠤ ᠪᠣᠯᠣᠨ᠎ᠠ᠂ 3 ᠲᠡᠷᠡ ᠬᠥᠮᠦᠨ ᠨᠤᠲᠤᠭ ᠤᠷᠤᠭᠤ ᠨᠢ ᠢᠯᠳᠦ ᠢᠷᠡᠵᠦ ᠪᠠᠢᠬᠤ ᠶᠢ ᠬᠠᠷᠠᠭᠠᠳ ᠪᠦᠷᠢᠶ᠎ᠡ ᠦᠯᠢᠶᠡᠵᠦ᠂ ᠠᠷᠠᠳ ᠲᠦᠮᠡᠨ ᠢᠶᠡᠨ ᠰᠡᠷᠡᠮᠵᠢᠯᠡᠭᠦᠯᠦᠭᠰᠡᠨ ᠲᠣᠬᠢᠶᠠᠯᠳᠤᠯ ᠳᠤ᠂ 4 ᠬᠡᠨ ᠨᠢᠭᠡ ᠨᠢ ᠪᠦᠷᠢᠶᠡᠨ ᠳᠠᠭᠤ ᠶᠢ ᠰᠣᠨᠣᠰᠣᠭᠰᠠᠨ ᠪᠣᠯᠪᠠᠴᠤ ᠰᠡᠷᠡᠮᠵᠢᠯᠡᠭᠦᠯᠭᠡ ᠶᠢ ᠠᠪᠬᠤ ᠦᠭᠡᠢ ᠪᠠᠢᠬᠤ ᠳᠤ᠂ ᠢᠯᠳᠦ ᠢᠷᠡᠵᠦ ᠲᠡᠭᠦᠨ ᠦ ᠠᠮᠢ ᠶᠢ ᠠᠪᠤᠪᠠᠯ᠂ ᠴᠢᠰᠤ ᠨᠢ ᠥᠪᠡᠷ ᠦᠨ ᠬᠢᠨᠢ ᠲᠣᠯᠣᠭᠠᠢ ᠳᠡᠭᠡᠷ᠎ᠡ ᠪᠠᠢᠬᠤ ᠪᠣᠯᠣᠨ᠎ᠠ᠃ 5 ᠲᠡᠷᠡ ᠪᠡᠷ ᠪᠦᠷᠢᠶᠡᠨ ᠳᠠᠭᠤ ᠶᠢ ᠰᠣᠨᠣᠰᠣᠭᠰᠠᠨ ᠪᠣᠯᠪᠠᠴᠤ ᠰᠡᠷᠡᠮᠵᠢᠯᠡᠭᠦᠯᠭᠡ ᠶᠢ ᠡᠰᠡ ᠠᠪᠤᠭᠰᠠᠨ ᠲᠤᠯᠠ ᠲᠡᠭᠦᠨ ᠦ ᠴᠢᠰᠤ ᠥᠪᠡᠷ ᠦᠨ ᠬᠢᠨᠢ ᠳᠡᠭᠡᠷ᠎ᠡ ᠪᠠᠢᠨ᠎ᠠ᠃ ᠬᠡᠷᠪᠡ ᠰᠡᠷᠡᠮᠵᠢᠯᠡᠭᠦᠯᠭᠡ ᠶᠢ ᠠᠪᠤᠭᠰᠠᠨ ᠪᠣᠯ᠂ ᠠᠮᠢ ᠪᠠᠨ ᠠᠪᠤᠷᠠᠬᠤ ᠪᠠᠢᠭᠰᠠᠨ᠃ 6 ᠭᠡᠪᠡᠴᠦ ᠬᠠᠷᠠᠭᠤᠯ ᠢᠯᠳᠦ ᠢᠷᠡᠵᠦ ᠪᠤᠢ ᠶᠢ ᠬᠠᠷᠠᠭᠠᠳ ᠪᠦᠷᠢᠶ᠎ᠡ ᠦᠯᠢᠶᠡᠭᠡ ᠦᠭᠡᠢ᠂ ᠠᠷᠠᠳ ᠲᠦᠮᠡᠨ ᠢᠶᠡᠨ ᠰᠡᠷᠡᠮᠵᠢᠯᠡᠭᠦᠯᠦᠭᠡ ᠦᠭᠡᠢ ᠲᠣᠬᠢᠶᠠᠯᠳᠤᠯ ᠳᠤ᠂ ᠢᠯᠳᠦ ᠢᠷᠡᠵᠦ᠂ ᠲᠡᠳᠡᠨ ᠦ ᠳᠣᠲᠣᠷᠠᠬᠢ ᠬᠡᠨ ᠨᠢᠭᠡᠨ ᠦ ᠠᠮᠢ ᠶᠢ ᠠᠪᠤᠪᠠᠯ᠂ ᠲᠡᠷᠡ ᠬᠥᠮᠦᠨ ᠥᠪᠡᠷ ᠦᠨ ᠢᠶᠠᠨ ᠨᠢᠭᠦᠯ ᠦᠨ ᠤᠯᠠᠮ ᠢᠶᠠᠷ ᠠᠮᠢ ᠪᠠᠨ ᠠᠪᠤᠭᠤᠯᠤᠭᠰᠠᠨ ᠪᠣᠯᠪᠠᠴᠤ ᠲᠡᠭᠦᠨ ᠦ ᠴᠢᠰᠤ ᠶᠢ ᠪᠢ ᠬᠠᠷᠠᠭᠤᠯ ᠤᠨ ᠭᠠᠷ ᠠᠴᠠ ᠨᠡᠬᠡᠬᠦ ᠪᠣᠯᠣᠨ᠎ᠠ᠃〉

7 ᠬᠥᠮᠦᠨ ᠦ ᠬᠦᠦ ᠡ᠂ ᠪᠢ ᠴᠢᠮᠠᠶᠢ ᠢᠰᠷᠧᠯ ᠤᠨ ᠭᠡᠷ ᠦᠨ ᠲᠥᠯᠥᠭᠡ ᠬᠠᠷᠠᠭᠤᠯ ᠢᠶᠠᠷ ᠲᠣᠮᠢᠯᠠᠯ᠎ᠠ᠃ ᠲᠡᠢᠮᠦ ᠡᠴᠡ ᠴᠢ ᠠᠮᠠᠨ ᠠᠴᠠ ᠮᠢᠨᠢ ᠭᠠᠷᠬᠤ ᠦᠭᠡ ᠶᠢ ᠰᠣᠨᠣᠰᠣᠭᠠᠳ᠂ ᠮᠢᠨᠦ ᠡᠮᠦᠨ᠎ᠡ ᠡᠴᠡ ᠲᠡᠳᠡᠨ ᠳᠦ ᠰᠡᠷᠡᠮᠵᠢᠯᠡᠭᠦᠯ᠃ 8 ᠬᠡᠳᠦᠢᠪᠡᠷ ᠪᠢ ᠪᠤᠷᠤᠭᠤᠲᠠᠨ ᠳᠤ᠄ 〈ᠪᠤᠷᠤᠭᠤᠲᠠᠨ ᠴᠢ ᠵᠠᠪᠠᠯ ᠦᠬᠦᠬᠦ ᠪᠣᠯᠣᠨ᠎ᠠ〉 ᠭᠡᠵᠦ ᠬᠡᠯᠡᠭᠰᠡᠨ ᠪᠣᠯᠪᠠᠴᠤ ᠴᠢ ᠲᠡᠭᠦᠨ ᠳᠦ ᠵᠠᠮ ᠠᠴᠠ ᠪᠠᠨ ᠡᠷᠭᠢᠬᠦ ᠶᠢ ᠰᠡᠷᠡᠮᠵᠢᠯᠡᠭᠦᠯᠦᠭᠰᠡᠨ ᠦᠭᠡᠢ ᠪᠣᠯ᠂ ᠲᠡᠷᠡ ᠪᠤᠷᠤᠭᠤᠲᠠᠨ ᠥᠪᠡᠷ ᠦᠨ ᠢᠶᠠᠨ ᠨᠢᠭᠦᠯ ᠦᠨ ᠤᠯᠠᠮ ᠢᠶᠠᠷ ᠦᠬᠦᠨ᠎ᠡ᠂ ᠬᠠᠷᠢᠨ ᠲᠡᠭᠦᠨ ᠦ ᠴᠢᠰᠤ ᠶᠢ ᠪᠢ ᠴᠢᠨᠦ ᠭᠠᠷ ᠠᠴᠠ ᠨᠡᠬᠡᠨ᠎ᠡ᠃ 9 ᠴᠢ ᠪᠤᠷᠤᠭᠤᠲᠠᠨ ᠳᠤ ᠵᠠᠮ ᠠᠴᠠ ᠪᠠᠨ ᠡᠷᠭᠢᠬᠦ ᠶᠢ ᠰᠡᠷᠡᠮᠵᠢᠯᠡᠭᠦᠯᠦᠭᠰᠡᠨ ᠪᠣᠯᠪᠠᠴᠤ ᠲᠡᠷᠡ ᠪᠡᠷ ᠵᠠᠮ ᠠᠴᠠ ᠪᠠᠨ ᠡᠰᠡ ᠡᠷᠭᠢᠪᠡᠯ᠂ ᠲᠡᠷᠡ ᠥᠪᠡᠷ ᠦᠨ ᠢᠶᠠᠨ ᠨᠢᠭᠦᠯ ᠦᠨ ᠤᠯᠠᠮ ᠢᠶᠠᠷ ᠦᠬᠦᠨ᠎ᠡ᠃ ᠬᠠᠷᠢᠨ ᠴᠢ ᠠᠮᠢ ᠪᠠᠨ ᠠᠪᠤᠷᠠᠬᠤ ᠪᠣᠯᠣᠨ᠎ᠠ᠃
 ᠶᠣᠬᠣᠸᠠ ᠭᠣᠣᠯᠴᠢ

10 ᠬᠥᠮᠦᠨ ᠦ ᠬᠦᠦ ᠴᠢ ᠢᠰᠷᠧᠯ ᠤᠨ ᠭᠡᠷ ᠲᠦ ᠶᠠᠷᠢ᠂ ᠲᠠ ᠨᠠᠷ᠄ 〈ᠦᠨᠡᠬᠡᠷ ᠪᠢᠳᠡᠨ ᠦ ᠭᠡᠮ ᠨᠢᠭᠦᠯ ᠪᠢᠳᠡᠨ ᠳᠡᠭᠡᠷ᠎ᠡ ᠪᠠᠢᠵᠤ᠂ ᠡᠭᠦᠨ ᠦ ᠤᠯᠠᠮ ᠢᠶᠠᠷ ᠳᠣᠷᠣᠢᠲᠠᠵᠤ ᠪᠠᠢᠭ᠎ᠠ ᠪᠣᠯ᠂ ᠶᠠᠭᠠᠬᠢᠵᠤ ᠠᠮᠢᠳᠤ ᠪᠠᠢᠬᠤ ᠪᠢᠯᠡ︖〉 ᠭᠡᠯᠴᠡᠳᠡᠭ᠃ 11 ᠲᠡᠳᠡᠨ ᠳᠦ ᠶᠠᠷᠢ᠄ 〈ᠡᠵᠡᠨ ᠶᠣᠬᠣᠸᠠ ᠠᠢᠯᠠᠳᠴᠤ ᠪᠠᠢᠨ᠎ᠠ᠂ ᠮᠢᠨᠦ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ ᠪᠢ ᠪᠤᠷᠤᠭᠤᠲᠠᠨ ᠤ ᠦᠬᠦᠯ ᠳᠦ ᠣᠭᠲᠣᠬᠠᠨ ᠴᠤ ᠪᠠᠶᠠᠷᠯᠠᠬᠤ ᠦᠭᠡᠢ᠂ ᠬᠠᠷᠢᠨ ᠪᠤᠷᠤᠭᠤᠲᠠᠨ ᠵᠠᠮ ᠠᠴᠠ ᠪᠠᠨ ᠡᠷᠭᠢᠵᠦ᠂ ᠠᠮᠢᠳᠤᠷᠠᠬᠤ ᠳᠤ ᠪᠠᠶᠠᠷᠯᠠᠨ᠎ᠠ᠃ ᠲᠠ ᠨᠠᠷ ᠬᠣᠷᠣᠨ ᠮᠠᠭᠤ ᠵᠠᠮ ᠠᠴᠠ ᠪᠠᠨ ᠡᠷᠭᠢ᠂ ᠡᠷᠭᠢᠵᠡᠭᠡ︕ ᠶᠠᠭᠠᠬᠢᠭᠠᠳ ᠲᠠ ᠨᠠᠷ ᠦᠬᠦᠬᠦ ᠶᠣᠰᠣᠲᠠᠢ ᠪᠤᠢ︖ ᠢᠰᠷᠧᠯ ᠤᠨ ᠭᠡᠷ ᠡ᠃〉 12 ᠬᠥᠮᠦᠨ ᠦ ᠬᠦᠦ ᠡ᠂ ᠴᠢ ᠠᠷᠠᠳ ᠲᠦᠮᠡᠨ ᠳᠡᠭᠡᠨ ᠶᠠᠷᠢ᠄ 〈ᠵᠥᠪᠲᠡᠨ ᠭᠡᠮ ᠬᠢᠪᠡᠯ᠂ ᠦᠢᠯᠡᠳᠦᠭᠰᠡᠨ ᠵᠥᠪ ᠨᠢ ᠲᠡᠭᠦᠨ ᠢ ᠠᠪᠤᠷᠠᠬᠤ ᠦᠭᠡᠢ᠃ ᠪᠤᠷᠤᠭᠤᠲᠠᠨ ᠪᠤᠷᠤᠭᠤ ᠠᠴᠠ ᠪᠠᠨ ᠡᠷᠭᠢᠪᠡᠯ᠂ ᠦᠢᠯᠡᠳᠦᠭᠰᠡᠨ ᠪᠤᠷᠤᠭᠤ ᠨᠢ ᠲᠡᠭᠦᠨ ᠢ ᠪᠦᠳᠦᠷᠢᠭᠦᠯᠬᠦ ᠦᠭᠡᠢ᠃ ᠵᠥᠪᠲᠡᠨ ᠨᠢᠭᠦᠯ ᠦᠢᠯᠡᠳᠪᠡᠯ᠂ ᠬᠢᠭᠰᠡᠨ ᠵᠥᠪ ᠢᠶᠡᠷ ᠢᠶᠠᠨ ᠠᠮᠢᠳᠤ ᠪᠠᠢᠵᠤ ᠦᠯᠦ ᠴᠢᠳᠠᠨ᠎ᠠ᠃〉 13 ᠪᠢ ᠵᠥᠪᠲᠡᠨ ᠳᠦ 〈ᠯᠠᠪᠲᠠᠢ ᠠᠮᠢᠳᠤᠷᠠᠨ᠎ᠠ〉 ᠭᠡᠵᠦ ᠬᠡᠯᠡᠭᠰᠡᠨ ᠪᠣᠯᠪᠠᠴᠤ ᠲᠡᠷᠡ ᠪᠡᠷ ᠵᠥᠪᠲᠦ ᠪᠠᠢᠳᠠᠯ ᠳᠠᠭᠠᠨ ᠨᠠᠢᠳᠠᠭᠠᠳ ᠬᠣᠷᠣᠨ ᠮᠠᠭᠤ ᠶᠢ ᠦᠢᠯᠡᠳᠪᠡᠯ ᠬᠠᠮᠤᠭ ᠵᠥᠪ ᠦᠢᠯᠡᠰ ᠨᠢ ᠦᠯᠦ ᠳᠤᠷᠠᠰᠤᠭᠳᠠᠵᠤ᠂ ᠬᠢᠭᠰᠡᠨ ᠭᠡᠮ ᠦᠨ ᠢᠶᠠᠨ ᠤᠯᠠᠮ ᠢᠶᠠᠷ ᠦᠬᠦᠨ᠎ᠡ᠃ 14 ᠭᠡᠪᠡᠴᠦ ᠪᠢ ᠪᠤᠷᠤᠭᠤᠲᠠᠨ ᠳᠤ᠄ 〈ᠴᠢ ᠯᠠᠪᠲᠠᠢ ᠦᠬᠦᠬᠦ ᠪᠣᠯᠣᠨ᠎ᠠ〉 ᠭᠡᠵᠦ ᠬᠡᠯᠡᠭᠰᠡᠨ ᠴᠤ᠂ ᠲᠡᠷᠡ ᠪᠡᠷ ᠨᠢᠭᠦᠯ ᠡᠴᠡ ᠪᠡᠨ ᠡᠷᠭᠢᠵᠦ᠂ ᠰᠢᠳᠤᠷᠭᠤ ᠵᠥᠪ ᠢ ᠦᠢᠯᠡᠳᠦᠨ 15 ᠪᠠᠷᠢᠴᠠᠭᠠᠯᠠᠭᠰᠠᠨ ᠶᠠᠭᠤᠮ᠎ᠠ ᠪᠠᠨ ᠪᠤᠴᠠᠭᠠᠵᠤ᠂ ᠲᠣᠨᠣᠭᠰᠠᠨ ᠶᠠᠭᠤᠮ᠎ᠠ ᠪᠠᠨ ᠡᠭᠡᠭᠦᠯᠵᠦ᠂ ᠬᠣᠷᠣᠨ ᠮᠠᠭᠤ ᠶᠢ ᠦᠢᠯᠡᠳᠦᠯ ᠦᠭᠡᠢ᠂ ᠠᠮᠢ ᠶᠢᠨ ᠲᠣᠭᠲᠠᠭᠠᠯ ᠤᠳ ᠢ ᠮᠥᠷᠳᠡᠪᠡᠯ ᠦᠬᠦᠬᠦ ᠦᠭᠡᠢ᠂ ᠯᠠᠪᠲᠠᠢ ᠠᠮᠢᠳᠤ ᠦᠯᠡᠳᠡᠨ᠎ᠡ᠃ 16 ᠲᠡᠭᠦᠨ ᠦ ᠦᠢᠯᠡᠳᠦᠭᠰᠡᠨ ᠨᠢᠭᠦᠯ ᠦᠨ ᠨᠢᠭᠡ ᠨᠢ ᠴᠤ ᠳᠤᠷᠠᠰᠤᠭᠳᠠᠬᠤ ᠦᠭᠡᠢ᠃ ᠲᠡᠷᠡ ᠪᠡᠷ ᠰᠢᠳᠤᠷᠭᠤ ᠵᠥᠪ ᠢ ᠦᠢᠯᠡᠳᠦᠭᠰᠡᠨ᠂ ᠯᠠᠪᠲᠠᠢ ᠠᠮᠢᠳᠤ ᠦᠯᠡᠳᠡᠨ᠎ᠡ᠃

17 ᠲᠠᠨ ᠤ ᠠᠷᠠᠳ ᠲᠦᠮᠡᠨ᠄ 〈ᠡᠵᠡᠨ ᠦ ᠵᠠᠮ ᠰᠢᠳᠤᠷᠭᠤ ᠪᠤᠰᠤ〉 ᠭᠡᠯᠴᠡᠳᠡᠭ᠂ ᠬᠠᠷᠢᠨ ᠥᠪᠡᠷᠰᠡᠳ ᠦᠨ ᠬᠢᠨᠢ ᠵᠠᠮ ᠰᠢᠳᠤᠷᠭᠤ ᠪᠤᠰᠤ ᠶᠤᠮ᠃ 18 ᠵᠥᠪᠲᠡᠨ ᠵᠥᠪ ᠡᠴᠡ ᠪᠡᠨ ᠡᠷᠭᠢᠵᠦ᠂ ᠬᠣᠷᠣᠨ ᠮᠠᠭᠤ ᠶᠢ ᠦᠢᠯᠡᠳᠪᠡᠯ᠂ ᠡᠭᠦᠨ ᠦ ᠪᠠᠨ ᠤᠯᠠᠮ ᠢᠶᠠᠷ ᠦᠬᠦᠨ᠎ᠡ᠃ 19 ᠪᠤᠷᠤᠭᠤᠲᠠᠨ ᠪᠤᠷᠤᠭᠤ ᠠᠴᠠ ᠪᠠᠨ ᠡᠷᠭᠢᠵᠦ᠂ ᠰᠢᠳᠤᠷᠭᠤ᠂ ᠵᠥᠪ ᠢ ᠦᠢᠯᠡᠳᠪᠡᠯ᠂ ᠡᠭᠦᠨ ᠦ ᠪᠠᠨ ᠤᠯᠠᠮ ᠢᠶᠠᠷ ᠠᠮᠢᠳᠤᠷᠠᠨ᠎ᠠ᠃ 20 ᠭᠡᠪᠡᠴᠦ ᠲᠠ ᠨᠠᠷ᠄ 〈ᠡᠵᠡᠨ ᠦ ᠵᠠᠮ ᠰᠢᠳᠤᠷᠭᠤ ᠪᠤᠰᠤ〉 ᠭᠡᠵᠡᠭᠡᠳᠡᠭ᠃ ᠢᠰᠷᠧᠯ ᠤᠨ ᠭᠡᠷ ᠡ᠂ ᠪᠢ ᠲᠠ ᠨᠠᠷ ᠤᠨ ᠬᠥᠮᠦᠨ ᠪᠦᠷᠢ ᠶᠢ ᠵᠠᠮ ᠤᠨ ᠬᠢᠨᠢ ᠳᠠᠭᠠᠤ ᠰᠢᠭᠦᠨ᠎ᠡ᠃》
 ᠶᠧᠷᠦ᠋ᠰᠠᠯᠧᠮ ᠤᠨ ᠦᠯᠡᠳᠡᠭᠰᠡᠳ ᠦᠨ ᠲᠤᠬᠠᠢ

21 ᠪᠢᠳᠡᠨ ᠦ ᠣᠯᠵᠠᠯᠠᠭᠳᠠᠭᠰᠠᠨ ᠤ ᠠᠷᠪᠠᠨ ᠬᠣᠶᠠᠳᠠᠬᠢ ᠵᠢᠯ ᠤᠨ ᠠᠷᠪᠠᠳᠤᠭᠠᠷ ᠰᠠᠷ᠎ᠠ ᠶᠢᠨ ᠲᠠᠪᠤᠨ ᠳᠤ᠂ ᠶᠧᠷᠦ᠋ᠰᠠᠯᠧᠮ ᠡᠴᠡ ᠨᠢᠭᠡᠨ ᠳᠦᠷᠪᠡᠭᠴᠢ ᠨᠠᠳᠠ ᠤᠷᠤᠭᠤ ᠢᠷᠡᠨ᠄ 《ᠬᠣᠲᠠ ᠡᠵᠡᠯᠡᠭᠳᠡᠭᠰᠡᠨ》 ᠭᠡᠪᠡ᠃ 22 ᠲᠡᠷᠡ ᠬᠦ ᠳᠦᠷᠪᠡᠭᠴᠢ ᠢᠷᠡᠬᠦ ᠶᠢᠨ ᠡᠮᠦᠨ᠎ᠡ ᠦᠳᠡᠰᠢ ᠶᠣᠬᠣᠸᠠ ᠶᠢᠨ ᠮᠤᠲᠤᠷ ᠮᠢᠨᠦ ᠳᠡᠭᠡᠷ᠎ᠡ ᠢᠷᠡᠵᠦ᠂ ᠠᠮᠠ ᠶᠢ ᠮᠢᠨᠢ ᠨᠡᠭᠡᠭᠡᠪᠡ᠃ ᠡᠢᠮᠦ ᠡᠴᠡ ᠥᠷᠯᠥᠭᠡ ᠪᠣᠯᠵᠤ ᠲᠡᠷᠡ ᠢᠷᠡᠬᠦ ᠳᠦ᠂ ᠮᠢᠨᠦ ᠠᠮᠠ ᠨᠡᠭᠡᠭᠡᠭᠳᠡᠭᠡᠳ ᠪᠢ ᠬᠡᠯᠡ ᠦᠭᠡᠢ ᠪᠠᠢᠬᠤ ᠪᠠᠨ ᠪᠣᠯᠢᠭᠰᠠᠨ ᠪᠠᠢᠯ᠎ᠠ᠃

23 ᠶᠣᠬᠣᠸᠠ ᠶᠢᠨ ᠦᠭᠡ ᠨᠠᠳᠠ ᠳᠤ ᠢᠷᠡᠵᠦ ᠠᠢᠯᠠᠳᠪᠠ᠄ 24 《ᠬᠥᠮᠦᠨ ᠦ ᠬᠦᠦ ᠡ᠂ ᠢᠰᠷᠧᠯ ᠤᠨ ᠨᠤᠲᠤᠭ ᠤᠨ ᠡᠳᠡᠭᠡᠷ ᠪᠠᠯᠭᠠᠰᠤᠨ ᠤ ᠰᠠᠭᠤᠭᠠᠯᠢᠴᠢᠳ᠄ 〈ᠠᠪᠷᠠᠬᠠᠮ ᠭᠠᠭᠴᠠᠭᠠᠷ ᠢᠶᠠᠨ ᠠᠲᠠᠯ᠎ᠠ ᠡᠨᠡ ᠨᠤᠲᠤᠭ ᠢ ᠡᠵᠡᠮᠰᠢᠭᠰᠡᠨ᠂ ᠪᠢᠳᠡ ᠣᠯᠠᠭᠤᠯᠠ ᠪᠣᠯᠬᠣᠷ ᠡᠨᠡ ᠨᠤᠲᠤᠭ ᠪᠢᠳᠡᠨ ᠳᠦ ᠡᠵᠡᠮᠰᠢᠯ ᠪᠣᠯᠭᠠᠨ ᠥᠭᠭᠥᠭᠳᠡᠬᠦ ᠨᠢ ᠯᠠᠪᠲᠠᠢ〉 ᠭᠡᠵᠡᠭᠡᠳᠡᠭ᠃ 25 ᠲᠡᠢᠮᠦ ᠡᠴᠡ ᠴᠢ ᠲᠡᠳᠡᠨ ᠳᠦ ᠶᠠᠷᠢ᠂ ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 〈ᠲᠠ ᠨᠠᠷ ᠮᠢᠬ᠎ᠠ ᠶᠢ ᠴᠢᠰᠤ ᠲᠠᠢ ᠨᠢ ᠢᠳᠡᠵᠦ᠂ ᠰᠢᠲᠦᠭᠡᠨ ᠨᠦᠭᠦᠳ ᠤᠷᠤᠭᠤ ᠨᠢᠳᠦ ᠪᠡᠨ ᠡᠷᠭᠦᠨ᠂ ᠪᠠᠰᠠ ᠴᠢᠰᠤ ᠤᠷᠤᠰᠬᠠᠳᠠᠭ ᠪᠠᠢᠲᠠᠯ᠎ᠠ ᠪᠠᠨ ᠡᠨᠡ ᠨᠤᠲᠤᠭ ᠢ ᠡᠵᠡᠮᠰᠢᠭᠰᠡᠭᠡᠷ ᠪᠠᠢᠬᠤ ᠤᠤ︖ 26 ᠲᠠ ᠨᠠᠷ ᠢᠯᠳᠦᠨ ᠳᠡᠭᠡᠨ ᠨᠠᠢᠳᠠᠵᠤ᠂ ᠵᠢᠭᠰᠢᠭᠦᠷᠢᠲᠦ ᠬᠡᠷᠡᠭ ᠦᠢᠯᠡᠳᠦᠨ᠂ ᠬᠥᠮᠦᠨ ᠪᠦᠷᠢ ᠬᠥᠷᠰᠢ ᠶᠢᠨ ᠢᠶᠠᠨ ᠡᠬᠡᠨᠡᠷ ᠢ ᠪᠤᠵᠠᠷᠯᠠᠳᠠᠭ ᠠᠲᠠᠯ᠎ᠠ ᠪᠠᠨ ᠡᠨᠡ ᠨᠤᠲᠤᠭ ᠢ ᠡᠵᠡᠮᠰᠢᠭᠰᠡᠭᠡᠷ ᠪᠠᠢᠬᠤ ᠤᠤ︖〉 27 ᠴᠢ ᠲᠡᠳᠡᠨ ᠳᠦ ᠢᠩᠭᠢᠵᠦ ᠶᠠᠷᠢ᠂ ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 〈ᠮᠢᠨᠦ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ ᠪᠠᠯᠭᠠᠰᠤᠨ ᠳᠠᠬᠢ ᠦᠯᠡᠳᠡᠭᠰᠡᠳ ᠢᠯᠳᠦᠨ ᠳᠦ ᠤᠨᠠᠨ᠎ᠠ᠂ ᠬᠡᠭᠡᠷ᠎ᠡ ᠲᠠᠯ᠎ᠠ ᠳᠠᠬᠢ ᠬᠥᠮᠦᠰ ᠢ ᠪᠢ ᠠᠷᠢᠶᠠᠲᠠᠳ ᠤᠨ ᠢᠳᠡᠰᠢ ᠪᠣᠯᠭᠠᠨ᠎ᠠ᠂ ᠴᠠᠢᠵᠠ ᠪᠠ ᠠᠭᠤᠢ ᠳᠤ ᠪᠠᠢᠭᠰᠠᠳ ᠲᠠᠬᠤᠯ ᠢᠶᠠᠷ ᠦᠬᠦᠬᠦ ᠪᠣᠯᠣᠨ᠎ᠠ᠃ 28 ᠪᠢ ᠲᠡᠷᠡ ᠨᠤᠲᠤᠭ ᠢ ᠡᠵᠡᠭᠦᠢ ᠵᠡᠯᠢᠭᠦᠳ ᠪᠣᠯᠭᠠᠵᠤ᠂ ᠬᠦᠴᠦᠨ ᠳᠡᠭᠡᠨ ᠡᠷᠳᠦᠳᠡᠭ ᠢ ᠨᠢ ᠵᠣᠭᠰᠣᠭᠠᠨ᠎ᠠ᠃ ᠢᠰᠷᠧᠯ ᠤᠨ ᠠᠭᠤᠯᠠᠰ ᠬᠣᠭᠣᠰᠣᠷᠠᠵᠤ᠂ ᠲᠡᠷᠡᠭᠦᠷ ᠥᠩᠭᠡᠷᠡᠬᠦ ᠬᠥᠮᠦᠨ ᠦᠭᠡᠢ ᠪᠣᠯᠣᠨ᠎ᠠ᠃ 29 ᠲᠡᠳᠡᠨ ᠦ ᠦᠢᠯᠡᠳᠦᠭᠰᠡᠨ ᠬᠠᠮᠤᠭ ᠵᠢᠭᠰᠢᠭᠦᠷᠢ ᠡᠴᠡ ᠪᠣᠯᠵᠤ᠂ ᠪᠢ ᠲᠡᠷᠡ ᠨᠤᠲᠤᠭ ᠢ ᠡᠵᠡᠭᠦᠢ ᠵᠡᠯᠢᠭᠦᠳ ᠪᠣᠯᠭᠠᠬᠤ ᠳᠤ᠂ ᠲᠡᠳᠡ ᠨᠠᠮᠠᠶᠢ ᠶᠣᠬᠣᠸᠠ ᠭᠡᠳᠡᠭ ᠢ ᠮᠡᠳᠡᠬᠦ ᠪᠣᠯᠣᠨ᠎ᠠ᠃〉》

30 《ᠬᠥᠮᠦᠨ ᠦ ᠬᠦᠦ ᠡ᠂ ᠲᠠᠨ ᠤ ᠠᠷᠠᠳ ᠲᠦᠮᠡᠨ ᠴᠢᠨᠦ ᠲᠤᠬᠠᠢ ᠶᠠᠷᠢᠯᠴᠠᠵᠤ ᠪᠠᠢᠨ᠎ᠠ᠂ ᠲᠡᠳᠡ ᠬᠡᠷᠡᠮ ᠦᠨ ᠳᠡᠷᠭᠡᠳᠡ ᠪᠤᠶᠤ ᠭᠡᠷ ᠦᠨ ᠡᠭᠦᠳᠡᠨ ᠳᠦ ᠪᠡᠶ᠎ᠡ ᠪᠡᠶ᠎ᠡ ᠳᠡᠭᠡᠨ᠄ 〈ᠬᠥᠶᠶ᠂ ᠣᠴᠢᠵᠤ᠂ ᠶᠣᠬᠣᠸᠠ ᠠᠴᠠ ᠶᠠᠮᠠᠷ ᠦᠭᠡ ᠭᠠᠷᠬᠤ ᠶᠢ ᠰᠣᠨᠣᠰᠣᠶ᠎ᠠ〉 ᠭᠡᠨ᠎ᠡ᠃ 31 ᠡᠢᠮᠦ ᠡᠴᠡ ᠲᠡᠳᠡ ᠣᠯᠠᠨ ᠢᠶᠠᠷ ᠢᠶᠠᠨ ᠴᠢᠮ᠎ᠠ ᠤᠷᠤᠭᠤ ᠢᠷᠡᠵᠦ᠂ ᠮᠢᠨᠦ ᠠᠷᠠᠳ ᠲᠦᠮᠡᠨ ᠮᠡᠲᠦ ᠴᠢᠨᠦ ᠡᠮᠦᠨ᠎ᠡ ᠰᠠᠭᠤᠵᠤ᠂ ᠦᠭᠡ ᠶᠢ ᠴᠢᠨᠢ ᠰᠣᠨᠣᠰᠣᠨ᠎ᠠ᠃ ᠭᠡᠪᠡᠴᠦ ᠲᠡᠳᠡ ᠲᠡᠭᠦᠨ ᠢ ᠪᠡᠶᠡᠯᠡᠭᠦᠯᠬᠦ ᠦᠭᠡᠢ᠃ ᠲᠡᠳᠡ ᠠᠮᠠ ᠪᠠᠷ ᠢᠶᠠᠨ ᠬᠠᠢᠷ᠎ᠠ ᠪᠠᠨ ᠢᠯᠡᠷᠬᠡᠶᠢᠯᠡᠳᠡᠭ᠌ ᠪᠣᠯᠪᠠᠴᠤ ᠵᠢᠷᠦᠬᠡ ᠨᠢ ᠥᠪᠡᠷᠰᠡᠳ ᠦᠨ ᠢᠶᠠᠨ ᠠᠰᠢᠭ ᠤᠨ ᠬᠣᠢᠨ᠎ᠠ ᠠᠴᠠ ᠬᠥᠭᠡᠭᠡᠴᠡᠯᠳᠡᠳᠡᠭ᠌᠃ 32 ᠬᠠᠷᠠ᠂ ᠲᠡᠳᠡ ᠴᠢᠮᠠᠶᠢ ᠬᠥᠭᠵᠢᠮ ᠰᠠᠢᠨ ᠬᠥᠭᠵᠢᠮᠳᠡᠳᠡᠭ᠂ ᠰᠠᠢᠬᠠᠨ ᠬᠣᠭᠣᠯᠠᠢ ᠲᠠᠢ᠂ ᠢᠨᠠᠭ ᠤᠨ ᠳᠠᠭᠤᠤ ᠳᠠᠭᠤᠯᠠᠳᠠᠭ ᠬᠥᠮᠦᠨ ᠭᠡᠵᠦ ᠦᠵᠡᠳᠡᠭ᠃ ᠲᠡᠳᠡ ᠴᠢᠨᠦᠬᠢ ᠶᠢ ᠰᠣᠨᠣᠰᠳᠠᠭ ᠪᠣᠯᠪᠠᠴᠤ ᠪᠡᠶᠡᠯᠡᠭᠦᠯᠳᠡᠭ ᠦᠭᠡᠢ︕ 33 ᠵᠠᠪᠠᠯ ᠪᠡᠶᠡᠯᠡᠭᠳᠡᠬᠦ ᠡᠨᠡ ᠪᠦᠬᠦᠨ ᠪᠡᠶᠡᠯᠡᠭᠳᠡᠬᠦ ᠳᠦ ᠯᠠ ᠲᠡᠳᠡ ᠥᠪᠡᠷᠰᠡᠳ ᠦᠨ ᠬᠢᠨᠢ ᠳᠤᠮᠳᠠ ᠨᠢᠭᠡᠨ ᠡᠰᠢ ᠦᠵᠡᠭᠦᠯᠦᠭᠴᠢ ᠪᠠᠢᠭᠰᠠᠨ ᠢ ᠮᠡᠳᠡᠬᠦ ᠪᠣᠯᠣᠨ᠎ᠠ᠃》