1 2 3 4 5 6 7 8 9 10 11 12 13 14 15 16 17 18 19 20 21 22 23 24 25 26 27 28 29 30 31 32 33 34 35 36 37 38 39 40 41 42 43 44 45 46 47 48


ᠡᠽᠧᠺᠢᠶᠧᠯ ᠠᠷᠪᠠᠨ ᠨᠠᠢ᠌ᠮᠠ
 ᠭᠡᠮᠲᠡᠨ ᠬᠢᠭᠰᠡᠨ ᠭᠡᠮ ᠦᠨ ᠢᠶᠠᠨ ᠤᠯᠠᠮ ᠢᠶᠠᠷ ᠰᠢᠳᠬᠡᠭᠳᠡᠨ᠎ᠡ

1 ᠶᠣᠬᠣᠸᠠ ᠶᠢᠨ ᠦᠭᠡ ᠨᠠᠳᠠ ᠳᠤ ᠢᠷᠡᠵᠦ᠄ 2 《ᠢᠰᠷᠧᠯ ᠤᠨ ᠨᠤᠲᠤᠭ ᠲᠤ ᠶᠠᠭᠤᠨ ᠤ ᠤᠴᠢᠷ ᠲᠠ ᠨᠠᠷ᠄ 〈ᠡᠴᠢᠭᠡ ᠨᠢ ᠢᠰᠭᠦᠯᠡᠩ ᠦᠵᠦᠮ ᠢᠳᠡᠪᠡᠯ᠂ ᠬᠡᠦᠬᠡᠳ ᠦᠨ ᠬᠢᠨᠢ ᠰᠢᠳᠦ ᠬᠠᠪᠤᠨ᠎ᠠ〉 ᠬᠡᠮᠡᠬᠦ ᠵᠦᠢᠷ ᠦᠭᠡ ᠶᠢ ᠶᠠᠷᠢᠳᠠᠭ ᠶᠤᠮ ᠪᠤᠢ︖ 3 ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠂ ᠮᠢᠨᠦ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ ᠲᠠ ᠨᠠᠷ ᠡᠨᠡ ᠵᠦᠢᠷ ᠦᠭᠡ ᠶᠢ ᠢᠰᠷᠧᠯ ᠳᠤ ᠳᠠᠬᠢᠨ ᠶᠠᠷᠢᠬᠤ ᠦᠭᠡᠢ ᠪᠣᠯᠣᠨ᠎ᠠ᠃》 4 《ᠤᠴᠢᠷ ᠨᠢ ᠪᠦᠬᠦ ᠠᠮᠢ ᠮᠢᠨᠦᠬᠢ︕ ᠡᠴᠢᠭᠡ ᠶᠢᠨ ᠬᠢᠨᠢ ᠠᠮᠢ ᠴᠤ᠂ ᠬᠥᠪᠡᠭᠦᠨ ᠦ ᠬᠢᠨᠢ ᠠᠮᠢ ᠴᠤ ᠮᠢᠨᠦᠬᠢ︕ ᠨᠢᠭᠦᠯ ᠢ ᠦᠢᠯᠡᠳᠦᠭᠰᠡᠨ ᠬᠥᠮᠦᠨ ᠯᠠ ᠦᠬᠦᠬᠦ ᠪᠣᠯᠣᠨ᠎ᠠ᠃

5 ᠬᠠᠷᠢᠨ ᠨᠢᠭᠡ ᠬᠥᠮᠦᠨ ᠵᠥᠪᠲᠦ ᠪᠥᠭᠡᠳ ᠵᠥᠪ ᠰᠢᠳᠤᠷᠭᠤ ᠶᠢ ᠦᠢᠯᠡᠳᠦᠨ᠂ 6 ᠠᠭᠤᠯᠠᠨ ᠳᠡᠭᠡᠷᠡᠬᠢ ᠳᠤᠭᠠᠩ ᠳᠤ ᠦᠯᠦ ᠢᠳᠡᠨ᠂ ᠢᠰᠷᠧᠯ ᠤᠨ ᠭᠡᠷ ᠦᠨ ᠰᠢᠲᠦᠭᠡᠨ ᠨᠦᠭᠦᠳ ᠤᠷᠤᠭᠤ ᠨᠢᠳᠦ ᠪᠡᠨ ᠦᠯᠦ ᠡᠷᠭᠦᠨ᠂ ᠬᠥᠷᠰᠢ ᠶᠢᠨ ᠢᠶᠠᠨ ᠡᠬᠡᠨᠡᠷ ᠢ ᠦᠯᠦ ᠪᠤᠵᠠᠷᠯᠠᠨ᠂ ᠡᠬᠡᠨᠡᠷ ᠲᠡᠭᠡᠨ ᠰᠠᠷ᠎ᠠ ᠶᠢᠨ ᠲᠡᠮᠳᠡᠭ ᠦᠨ ᠬᠢᠨᠢ ᠦᠶ᠎ᠡ ᠳᠦ ᠦᠯᠦ ᠬᠦᠷᠴᠦ᠂ 7 ᠬᠥᠮᠦᠨ ᠢ ᠦᠯᠦ ᠳᠠᠷᠤᠯᠠᠨ᠂ ᠥᠷᠢᠲᠡᠨ ᠳᠡᠭᠡᠨ ᠪᠠᠷᠢᠴᠠᠭᠠᠨ ᠤ ᠬᠢᠨᠢ ᠶᠠᠭᠤᠮ᠎ᠠ ᠶᠢ ᠪᠤᠴᠠᠭᠠᠵᠤ᠂ ᠳᠡᠭᠡᠷᠡᠮ ᠲᠣᠨᠣᠭ᠎ᠠ ᠦᠯᠦ ᠬᠢᠵᠦ᠂ ᠥᠯᠥᠰᠥᠭᠰᠡᠨ ᠬᠥᠮᠦᠨ ᠳᠦ ᠬᠣᠭᠣᠯᠠ ᠪᠠᠨ ᠥᠭᠴᠦ᠂ ᠨᠢᠴᠦᠭᠦᠨ ᠬᠥᠮᠦᠨ ᠳᠦ ᠬᠤᠪᠴᠠᠰᠤ ᠨᠥᠮᠥᠷᠭᠡᠨ᠂ 8 ᠥᠨᠳᠥᠷ ᠬᠦᠦ ᠲᠠᠢ ᠵᠢᠭᠡᠯᠡᠯᠭᠡ ᠲᠠᠯᠪᠢᠬᠤ ᠦᠭᠡᠢ᠂ ᠭᠠᠷ ᠢᠶᠠᠨ ᠵᠥᠪ ᠪᠤᠰᠤ ᠠᠴᠠ ᠲᠠᠲᠠᠵᠤ᠂ ᠬᠥᠮᠦᠨ ᠬᠥᠮᠦᠨ ᠦ ᠬᠣᠭᠣᠷᠣᠨᠳᠣ ᠦᠨᠡᠨ ᠰᠢᠳᠤᠷᠭᠤ ᠶᠢ ᠪᠡᠶᠡᠯᠡᠭᠦᠯᠵᠦ᠂ 9 ᠲᠣᠭᠲᠠᠭᠠᠯ ᠤᠳ ᠢ ᠮᠢᠨᠢ ᠮᠥᠷᠳᠡᠨ᠂ ᠵᠢᠷᠤᠮ ᠤᠳ ᠢ ᠮᠢᠨᠢ ᠰᠠᠬᠢᠨ ᠭᠣᠣᠯᠴᠢ ᠪᠠᠷ ᠦᠢᠯᠡᠳᠪᠡᠯ᠂ ᠲᠡᠷᠡ ᠨᠢ ᠵᠥᠪᠲᠦ ᠬᠥᠮᠦᠨ᠂ ᠯᠠᠪᠲᠠᠢ ᠠᠮᠢᠳᠤᠷᠠᠨ᠎ᠠ᠃》 ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠃

10 《ᠬᠠᠷᠢᠨ ᠲᠡᠭᠦᠨ ᠳᠦ ᠴᠢᠰᠤ ᠤᠷᠤᠰᠬᠠᠭᠴᠢ ᠳᠣᠭᠰᠢᠨ ᠬᠦᠦ ᠲᠥᠷᠥᠪᠡ ᠭᠡᠵᠦ ᠪᠣᠳᠣᠶ᠎ᠠ᠂ ᠬᠡᠷᠪᠡ ᠲᠡᠷᠡ ᠬᠦᠦ ᠳᠠᠷᠠᠭᠠᠬᠢ ᠵᠦᠢᠯᠡᠰ ᠦᠨ ᠠᠯᠢ ᠨᠢᠭᠡ ᠶᠢ ᠦᠢᠯᠡᠳᠪᠡᠯ᠂ 11 ᠡᠴᠢᠭᠡ ᠡᠴᠡ ᠪᠡᠨ ᠱᠠᠯ ᠥᠭᠡᠷ᠎ᠡ ᠪᠡᠷ᠂ ᠠᠭᠤᠯᠠᠨ ᠳᠡᠭᠡᠷᠡᠬᠢ ᠳᠤᠭᠠᠩ ᠳᠤ ᠢᠳᠡᠵᠦ᠂ ᠬᠥᠷᠰᠢ ᠶᠢᠨ ᠢᠶᠠᠨ ᠡᠬᠡᠨᠡᠷ ᠢ ᠪᠤᠵᠠᠷᠯᠠᠨ᠂ 12 ᠦᠭᠡᠭᠦᠦ ᠶᠠᠳᠠᠭᠤ ᠶᠢ ᠳᠠᠷᠤᠯᠠᠵᠤ᠂ ᠳᠡᠭᠡᠷᠡᠮ ᠲᠣᠨᠣᠭ᠎ᠠ ᠬᠢᠵᠦ᠂ ᠪᠠᠷᠢᠴᠠᠭ᠎ᠠ ᠶᠢ ᠦᠯᠦ ᠪᠤᠴᠠᠭᠠᠨ᠂ ᠰᠢᠲᠦᠭᠡᠨ ᠨᠦᠭᠦᠳ ᠤᠷᠤᠭᠤ ᠨᠢᠳᠦ ᠪᠡᠨ ᠡᠷᠭᠦᠵᠦ᠂ ᠵᠢᠭᠰᠢᠭᠦᠷᠢᠲᠦ ᠵᠦᠢᠯᠡᠰ ᠢ ᠦᠢᠯᠡᠳᠦᠨ᠂ 13 ᠥᠨᠳᠥᠷ ᠬᠦᠦ ᠲᠠᠢ ᠵᠢᠭᠡᠯᠡᠯᠭᠡ ᠲᠠᠯᠪᠢᠳᠠᠭ ᠪᠣᠯ᠂ ᠲᠡᠷᠡ ᠠᠮᠢᠳᠤᠷᠠᠬᠤ ᠤᠤ︖ ᠠᠮᠢᠳᠤᠷᠠᠬᠤ ᠦᠭᠡᠢ᠃ ᠡᠳᠡᠭᠡᠷ ᠵᠢᠭᠰᠢᠭᠦᠷᠢ ᠶᠢᠨ ᠠᠯᠢ ᠨᠢᠭᠡ ᠶᠢ ᠦᠢᠯᠡᠳᠦᠭᠰᠡᠨ ᠤᠴᠢᠷ ᠲᠡᠷᠡ ᠯᠠᠪᠲᠠᠢ ᠦᠬᠦᠨ᠎ᠡ᠃ ᠴᠢᠰᠤ ᠨᠢ ᠥᠪᠡᠷ ᠳᠡᠭᠡᠷ᠎ᠡ ᠨᠢ ᠪᠠᠢᠬᠤ ᠪᠣᠯᠣᠨ᠎ᠠ᠃

14 ᠬᠠᠷᠢᠨ ᠲᠡᠷᠡ ᠬᠥᠮᠦᠨ ᠴᠤ ᠬᠦᠦ ᠲᠠᠢ ᠭᠡᠵᠦ ᠪᠣᠳᠣᠶ᠎ᠠ᠂ ᠬᠡᠷᠪᠡ ᠲᠡᠷᠡ ᠬᠦᠦ ᠡᠴᠢᠭᠡ ᠶᠢᠨ ᠢᠶᠠᠨ ᠦᠢᠯᠡᠳᠦᠭᠰᠡᠨ ᠠᠯᠢᠪᠠ ᠨᠢᠭᠦᠯ ᠢ ᠦᠵᠡᠭᠡᠳ ᠠᠶᠤᠵᠤ᠂ ᠲᠡᠭᠦᠨᠴᠢᠯᠡᠨ ᠦᠢᠯᠡᠳᠦᠭᠡ ᠦᠭᠡᠢ᠂ 15 ᠠᠭᠤᠯᠠᠨ ᠳᠡᠭᠡᠷᠡᠬᠢ ᠳᠤᠭᠠᠩ ᠳᠤ ᠦᠯᠦ ᠢᠳᠡᠨ᠂ ᠢᠰᠷᠧᠯ ᠤᠨ ᠭᠡᠷ ᠦᠨ ᠰᠢᠲᠦᠭᠡᠨ ᠨᠦᠭᠦᠳ ᠤᠷᠤᠭᠤ ᠨᠢᠳᠦ ᠪᠡᠨ ᠦᠯᠦ ᠡᠷᠭᠦᠨ᠂ ᠬᠥᠷᠰᠢ ᠶᠢᠨ ᠢᠶᠠᠨ ᠡᠬᠡᠨᠡᠷ ᠢ ᠦᠯᠦ ᠪᠤᠵᠠᠷᠯᠠᠨ᠂ 16 ᠬᠥᠮᠦᠨ ᠢ ᠦᠯᠦ ᠳᠠᠷᠤᠯᠠᠨ᠂ ᠪᠠᠷᠢᠴᠠᠭᠠᠨ ᠤ ᠶᠠᠭᠤᠮ᠎ᠠ ᠦᠯᠦ ᠠᠪᠴᠤ᠂ ᠳᠡᠭᠡᠷᠡᠮ ᠲᠣᠨᠣᠭ᠎ᠠ ᠦᠯᠦ ᠬᠢᠵᠦ᠂ ᠬᠠᠷᠢᠨ ᠥᠯᠥᠰᠥᠭᠰᠡᠨ ᠬᠥᠮᠦᠨ ᠳᠦ ᠬᠣᠭᠣᠯᠠ ᠪᠠᠨ ᠥᠭᠴᠦ᠂ ᠨᠢᠴᠦᠭᠦᠨ ᠳᠦ ᠬᠤᠪᠴᠠᠰᠤ ᠨᠥᠮᠥᠷᠭᠡᠨ᠂ 17 ᠨᠢᠭᠦᠯ ᠡᠴᠡ ᠭᠠᠷ ᠢᠶᠠᠨ ᠲᠠᠲᠠᠨ᠂ ᠥᠨᠳᠥᠷ ᠬᠦᠦ ᠦᠯᠦ ᠠᠪᠤᠨ᠂ ᠮᠢᠨᠦ ᠵᠠᠷᠯᠢᠭ ᠢ ᠪᠡᠶᠡᠯᠡᠭᠦᠯᠵᠦ᠂ ᠲᠣᠭᠲᠠᠭᠠᠯ ᠤᠳ ᠢ ᠮᠢᠨᠢ ᠳᠠᠭᠠᠵᠤ ᠮᠥᠷᠳᠡᠪᠡᠯ᠂ ᠲᠡᠷᠡ ᠡᠴᠢᠭᠡ ᠶᠢᠨ ᠢᠶᠠᠨ ᠨᠢᠭᠦᠯ ᠦᠨ ᠤᠯᠠᠮ ᠢᠶᠠᠷ ᠦᠬᠦᠬᠦ ᠪᠢᠰᠢ᠂ ᠯᠠᠪᠲᠠᠢ ᠠᠮᠢᠳᠤᠷᠠᠨ᠎ᠠ᠃ 18 ᠬᠠᠷᠢᠨ ᠡᠴᠢᠭᠡ ᠨᠢ ᠬᠥᠮᠦᠨ ᠢ ᠳᠠᠷᠤᠯᠠᠨ ᠳᠠᠷᠤᠯᠠᠵᠤ᠂ ᠠᠬ᠎ᠠ ᠳᠡᠭᠦᠦ ᠪᠡᠨ ᠲᠣᠨᠣᠵᠤ᠂ ᠠᠷᠠᠳ ᠲᠦᠮᠡᠨ ᠦ ᠪᠠᠨ ᠳᠤᠮᠳᠠ ᠰᠠᠢᠨ ᠪᠤᠰᠤ ᠶᠢ ᠦᠢᠯᠡᠳᠦᠭᠰᠡᠨ ᠤᠴᠢᠷ ᠥᠪᠡᠷ ᠦᠨ ᠢᠶᠠᠨ ᠨᠢᠭᠦᠯ ᠦᠨ ᠤᠯᠠᠮ ᠢᠶᠠᠷ ᠦᠬᠦᠨ᠎ᠡ᠃

19 ᠬᠠᠷᠢᠨ ᠲᠠ ᠨᠠᠷ᠄ 〈ᠬᠦᠦ ᠨᠢ ᠶᠠᠭᠠᠬᠢᠭᠠᠳ ᠡᠴᠢᠭᠡ ᠶᠢᠨ ᠢᠶᠠᠨ ᠨᠢᠭᠦᠯ ᠢ ᠡᠭᠦᠷᠬᠦ ᠦᠭᠡᠢ ᠪᠠᠢᠬᠤ ᠪᠤᠢ︖〉 ᠭᠡᠯᠴᠡᠳᠡᠭ᠃ ᠲᠡᠷᠡ ᠬᠦᠦ ᠵᠥᠪ ᠰᠢᠳᠤᠷᠭᠤ ᠶᠢ ᠦᠢᠯᠡᠳᠦᠨ᠂ ᠪᠦᠬᠦ ᠲᠣᠭᠲᠠᠭᠠᠯ ᠢ ᠮᠢᠨᠢ ᠰᠠᠬᠢᠨ ᠲᠡᠳᠡᠭᠡᠷ ᠢ ᠦᠢᠯᠡᠳᠦᠭᠰᠡᠨ ᠤᠴᠢᠷ ᠵᠠᠪᠠᠯ ᠠᠮᠢᠳᠤᠷᠠᠨ᠎ᠠ᠃ 20 ᠭᠡᠪᠡᠴᠦ ᠨᠢᠭᠦᠯ ᠢ ᠦᠢᠯᠡᠳᠦᠭᠴᠢ ᠨᠢ ᠦᠬᠦᠬᠦ ᠪᠣᠯᠣᠨ᠎ᠠ᠃ ᠲᠡᠢᠨ ᠬᠦ ᠬᠦᠦ ᠨᠢ ᠡᠴᠢᠭᠡ ᠶᠢᠨ ᠢᠶᠠᠨ ᠨᠢᠭᠦᠯ ᠢ ᠡᠭᠦᠷᠬᠦ ᠦᠭᠡᠢ᠂ ᠡᠴᠢᠭᠡ ᠨᠢ ᠴᠤ ᠬᠦᠦ ᠶᠢᠨ ᠢᠶᠠᠨ ᠨᠢᠭᠦᠯ ᠢ ᠡᠭᠦᠷᠬᠦ ᠦᠭᠡᠢ᠃ ᠵᠥᠪᠲᠡᠨ ᠦ ᠵᠥᠪ ᠶᠠᠪᠤᠳᠠᠯ ᠡᠵᠡᠨ ᠳᠡᠭᠡᠨ᠂ ᠪᠤᠷᠤᠭᠤᠲᠠᠨ ᠤ ᠪᠤᠷᠤᠭᠤ ᠶᠠᠪᠤᠳᠠᠯ ᠴᠤ ᠡᠵᠡᠨ ᠳᠡᠭᠡᠨ᠃

21 ᠭᠡᠪᠡᠴᠦ ᠪᠤᠷᠤᠭᠤᠲᠠᠨ ᠦᠢᠯᠡᠳᠦᠭᠰᠡᠨ ᠬᠠᠮᠤᠭ ᠨᠢᠭᠦᠯ ᠡᠴᠡ ᠪᠡᠨ ᠡᠷᠭᠢᠵᠦ᠂ ᠪᠦᠬᠦ ᠲᠣᠭᠲᠠᠭᠠᠯ ᠢ ᠮᠢᠨᠢ ᠰᠠᠬᠢᠨ᠂ ᠵᠥᠪ ᠰᠢᠳᠤᠷᠭᠤ ᠶᠢ ᠦᠢᠯᠡᠳᠪᠡᠯ᠂ ᠲᠡᠷᠡ ᠦᠬᠦᠬᠦ ᠦᠭᠡᠢ᠂ ᠵᠠᠪᠠᠯ ᠠᠮᠢᠳᠤᠷᠠᠨ᠎ᠠ᠃ 22 ᠬᠢᠭᠰᠡᠨ ᠠᠯᠢᠪᠠ ᠭᠡᠮ ᠪᠤᠷᠤᠭᠤ ᠨᠢ ᠳᠤᠷᠠᠰᠤᠭᠳᠠᠬᠤ ᠦᠭᠡᠢ᠂ ᠦᠢᠯᠡᠳᠦᠭᠰᠡᠨ ᠵᠥᠪ ᠡᠴᠡ ᠪᠡᠨ ᠪᠣᠯᠵᠤ ᠠᠮᠢᠳᠤᠷᠠᠨ᠎ᠠ᠃ 23 ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ ᠪᠢ ᠪᠤᠷᠤᠭᠤᠲᠠᠨ ᠤ ᠦᠬᠦᠯ ᠳᠦ ᠪᠠᠶᠠᠷᠯᠠᠨ᠎ᠠ ᠭᠡᠵᠢ ᠤᠤ︖ ᠬᠣᠷᠣᠨ ᠮᠠᠭᠤ ᠬᠥᠮᠦᠨ ᠵᠠᠮ ᠠᠴᠠ ᠪᠠᠨ ᠡᠷᠭᠢᠵᠦ᠂ ᠠᠮᠢᠳᠤᠷᠠᠬᠤ ᠳᠤᠨᠢ ᠪᠠᠶᠠᠷᠯᠠᠬᠤ ᠦᠭᠡᠢ ᠭᠡᠵᠢ ᠤᠤ︖ 24 ᠭᠡᠪᠡᠴᠦ ᠵᠥᠪᠲᠡᠨ ᠵᠥᠪ ᠡᠴᠡ ᠪᠡᠨ ᠡᠷᠭᠢᠵᠦ᠂ ᠨᠢᠭᠦᠯ ᠦᠢᠯᠡᠳᠴᠦ᠂ ᠪᠤᠷᠤᠭᠤᠲᠠᠨ ᠤ ᠦᠢᠯᠡᠳᠳᠡᠭ ᠦᠨ ᠠᠳᠠᠯᠢ ᠵᠢᠭᠰᠢᠭᠦᠷᠢᠲᠦ ᠵᠦᠢᠯᠡᠰ ᠢ ᠦᠢᠯᠡᠳᠪᠡᠯ᠂ ᠲᠡᠷᠡ ᠠᠮᠢᠳᠤᠷᠠᠬᠤ ᠤᠤ︖ ᠦᠢᠯᠡᠳᠦᠭᠰᠡᠨ ᠪᠦᠬᠦ ᠵᠥᠪ ᠨᠢ ᠳᠤᠷᠠᠰᠤᠭᠳᠠᠬᠤ ᠦᠭᠡᠢ᠂ ᠦᠢᠯᠡᠳᠦᠭᠰᠡᠨ ᠭᠡᠮ ᠪᠤᠷᠤᠭᠤ ᠪᠣᠯᠣᠨ ᠨᠢᠭᠦᠯ ᠦᠨ ᠢᠶᠠᠨ ᠤᠯᠠᠮ ᠢᠶᠠᠷ ᠦᠬᠦᠬᠦ ᠪᠣᠯᠣᠨ᠎ᠠ᠃

25 ᠭᠡᠪᠡᠴᠦ ᠲᠠ ᠨᠠᠷ᠄ 〈ᠡᠵᠡᠨ ᠦ ᠵᠠᠮ ᠭᠣᠣᠯᠴᠢ ᠪᠤᠰᠤ〉 ᠭᠡᠯᠴᠡᠳᠡᠭ᠃ ᠣᠳᠣ ᠰᠣᠨᠣᠰ᠂ ᠢᠰᠷᠧᠯ ᠤᠨ ᠭᠡᠷ ᠡ︕ ᠮᠢᠨᠦ ᠵᠠᠮ ᠭᠣᠣᠯᠴᠢ ᠪᠤᠰᠤ ᠭᠡᠵᠢ ᠤᠤ︖ ᠭᠣᠣᠯᠴᠢ ᠪᠤᠰᠤ ᠨᠢ ᠲᠠ ᠨᠠᠷ ᠤᠨ ᠵᠠᠮ ᠪᠢᠰᠢ ᠤᠤ︖ 26 ᠵᠥᠪᠲᠡᠨ ᠵᠥᠪ ᠡᠴᠡ ᠪᠡᠨ ᠡᠷᠭᠢᠵᠦ᠂ ᠨᠢᠭᠦᠯ ᠦᠢᠯᠡᠳᠪᠡᠯ᠂ ᠡᠭᠦᠨ ᠦ ᠤᠯᠠᠮ ᠢᠶᠠᠷ ᠲᠡᠷᠡ ᠦᠬᠦᠨ᠎ᠡ᠂ ᠦᠢᠯᠡᠳᠦᠭᠰᠡᠨ ᠨᠢᠭᠦᠯ ᠦᠨ ᠢᠶᠠᠨ ᠤᠯᠠᠮ ᠢᠶᠠᠷ ᠦᠬᠦᠨ᠎ᠡ᠃ 27 ᠬᠠᠷᠢᠨ ᠪᠤᠷᠤᠭᠤᠲᠠᠨ ᠦᠢᠯᠡᠳᠦᠭᠰᠡᠨ ᠪᠤᠷᠤᠭᠤ ᠠᠴᠠ ᠪᠠᠨ ᠡᠷᠭᠢᠵᠦ᠂ ᠵᠥᠪ ᠰᠢᠳᠤᠷᠭᠤ ᠶᠢ ᠦᠢᠯᠡᠳᠪᠡᠯ᠂ ᠲᠡᠷᠡ ᠠᠮᠢ ᠪᠠᠨ ᠠᠪᠤᠷᠠᠨ᠎ᠠ᠃ 28 ᠲᠡᠷᠡ ᠲᠤᠩ᠋ᠭᠠᠭᠠᠳ᠂ ᠦᠢᠯᠡᠳᠦᠭᠰᠡᠨ ᠬᠠᠮᠤᠭ ᠭᠡᠮ ᠪᠤᠷᠤᠭᠤ ᠠᠴᠠ ᠪᠠᠨ ᠡᠷᠭᠢᠭᠰᠡᠨ ᠤᠴᠢᠷ ᠦᠬᠦᠬᠦ ᠦᠭᠡᠢ᠂ ᠯᠠᠪᠲᠠᠢ ᠠᠮᠢᠳᠤᠷᠠᠨ᠎ᠠ᠃ 29 ᠭᠡᠪᠡᠴᠦ ᠢᠰᠷᠧᠯ ᠤᠨ ᠭᠡᠷ᠄ 〈ᠡᠵᠡᠨ ᠦ ᠵᠠᠮ ᠭᠣᠣᠯᠴᠢ ᠪᠤᠰᠤ ᠪᠠᠢᠨ᠎ᠠ〉 ᠭᠡᠯᠴᠡᠳᠡᠭ᠃ ᠢᠰᠷᠧᠯ ᠤᠨ ᠭᠡᠷ ᠡ᠂ ᠮᠢᠨᠦ ᠵᠠᠮ ᠭᠣᠣᠯᠴᠢ ᠪᠤᠰᠤ ᠭᠡᠵᠢ ᠤᠤ︖ ᠬᠠᠷᠢᠨ ᠭᠣᠣᠯᠴᠢ ᠪᠤᠰᠤ ᠨᠢ ᠲᠠ ᠨᠠᠷ ᠤᠨ ᠵᠠᠮ ᠪᠢᠰᠢ ᠤᠤ︖》

30 ᠲᠡᠢᠮᠦ ᠡᠴᠡ ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 《ᠢᠰᠷᠧᠯ ᠤᠨ ᠭᠡᠷ ᠡ᠂ ᠪᠢ ᠲᠠ ᠨᠠᠷ ᠤᠨ ᠬᠥᠮᠦᠨ ᠪᠦᠷᠢ ᠶᠢ ᠵᠠᠮ ᠤᠨ ᠬᠢᠨᠢ ᠳᠠᠭᠠᠤ ᠰᠢᠭᠦᠨ᠎ᠡ᠃ ᠲᠠ ᠨᠠᠷ ᠭᠡᠮᠰᠢ︕ ᠬᠠᠮᠤᠭ ᠭᠡᠮ ᠪᠤᠷᠤᠭᠤ ᠠᠴᠠ ᠪᠠᠨ ᠡᠷᠭᠢ᠂ ᠲᠡᠭᠡᠪᠡᠯ ᠨᠢᠭᠦᠯ ᠡᠴᠡ ᠪᠣᠯᠵᠤ ᠰᠦᠢᠷᠡᠬᠦ ᠦᠭᠡᠢ᠃ 31 ᠲᠠ ᠨᠠᠷ ᠬᠠᠮᠤᠭ ᠭᠡᠮ ᠪᠤᠷᠤᠭᠤ ᠪᠠᠨ ᠬᠠᠶᠠᠵᠤ᠂ ᠥᠪᠡᠷ ᠢ ᠪᠠᠨ ᠰᠢᠨ᠎ᠡ ᠵᠢᠷᠦᠬᠡ᠂ ᠰᠢᠨ᠎ᠡ ᠰᠦᠨᠡᠰᠦ ᠲᠠᠢ ᠪᠣᠯᠭ᠎ᠠ᠃ ᠢᠰᠷᠧᠯ ᠤᠨ ᠭᠡᠷ ᠦᠨ ᠬᠢᠨ ᠡ᠂ ᠶᠠᠭᠠᠬᠢᠭᠠᠳ ᠲᠠ ᠨᠠᠷ ᠦᠬᠦᠬᠦ ᠶᠣᠰᠣᠲᠠᠢ ᠪᠤᠢ︖》 32 ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 《ᠪᠢ ᠬᠡᠨ ᠦ ᠴᠤ ᠦᠬᠦᠯ ᠳᠦ ᠪᠠᠶᠠᠷᠯᠠᠳᠠᠭ ᠦᠭᠡᠢ᠂ ᠲᠡᠢᠮᠦ ᠡᠴᠡ ᠲᠠ ᠨᠠᠷ ᠭᠡᠮᠰᠢᠵᠦ ᠠᠮᠢᠳᠤᠷᠠ᠃》