ᠡᠽᠧᠺᠢᠶᠧᠯ ᠠᠷᠪᠠᠨ ᠨᠢᠭᠡ
ᠤᠳᠤᠷᠢᠳᠤᠭᠴᠢᠳ ᠰᠢᠳᠬᠡᠭᠳᠡᠨ᠎ᠡ
1 ᠰᠦᠨᠡᠰᠦ ᠨᠠᠮᠠᠶᠢ ᠡᠷᠭᠦᠵᠦ᠂ ᠶᠣᠬᠣᠸᠠ ᠶᠢᠨ ᠥᠷᠭᠥᠭᠡᠨ ᠦ ᠵᠡᠭᠦᠨᠰᠢ ᠬᠠᠷᠠᠭᠰᠠᠨ ᠵᠡᠭᠦᠨ ᠬᠠᠭᠠᠯᠭᠠᠨ ᠳᠤ ᠠᠪᠴᠢᠷᠠᠪᠠ᠃ ᠪᠢ ᠦᠵᠡᠬᠦ ᠳᠦ᠂ ᠬᠠᠭᠠᠯᠭᠠᠨ ᠳᠤ ᠬᠣᠷᠢᠨ ᠲᠠᠪᠤᠨ ᠬᠥᠮᠦᠨ ᠪᠠᠢᠯ᠎ᠠ᠂ ᠠᠷᠠᠳ ᠲᠦᠮᠡᠨ ᠦ ᠤᠳᠤᠷᠢᠳᠤᠭᠴᠢ ᠠᠽᠦ᠋ᠷ ᠤᠨ ᠬᠦᠦ ᠶᠠᠽᠠᠨᠢᠶᠠ ᠪᠣᠯᠣᠨ ᠪᠧᠨᠠᠢᠶ᠎ᠠ ᠶᠢᠨ ᠬᠦᠦ ᠫᠧᠯᠠᠲ᠋ᠢᠶᠠ ᠴᠤ ᠲᠡᠳᠡᠨ ᠦ ᠳᠤᠮᠳᠠ ᠪᠠᠢᠬᠤ ᠶᠢ ᠪᠢ ᠬᠠᠷᠠᠪᠠ᠃ 2 ᠶᠣᠬᠣᠸᠠ ᠨᠠᠳᠠ ᠳᠤ᠄ 《ᠬᠥᠮᠦᠨ ᠦ ᠬᠦᠦ ᠡ᠂ ᠲᠡᠳᠡ ᠪᠣᠯ ᠡᠨᠡ ᠬᠣᠲᠠ ᠳᠤ ᠭᠡᠮ ᠪᠤᠷᠤᠭᠤ ᠶᠢ ᠰᠡᠳᠦᠵᠦ᠂ ᠬᠣᠷᠣᠨ ᠮᠠᠭᠤ ᠵᠥᠪᠯᠡᠯᠭᠡ ᠥᠭᠳᠡᠭ ᠬᠥᠮᠦᠰ ᠶᠤᠮ᠃ 3 ᠲᠡᠳᠡ᠄ 〈ᠭᠡᠷ ᠪᠠᠷᠢᠬᠤ ᠴᠠᠭ ᠣᠢᠷᠠᠲᠤᠭ᠎ᠠ ᠦᠭᠡᠢ᠂ ᠡᠨᠡ ᠬᠣᠲᠠ ᠪᠣᠯ ᠬᠠᠮᠠᠭᠠᠯᠠᠬᠤ ᠲᠣᠭᠣᠭ᠎ᠠ᠂ ᠪᠢᠳᠡ ᠪᠣᠯ ᠮᠢᠬ᠎ᠠ〉 ᠭᠡᠵᠡᠭᠡᠵᠦ ᠪᠠᠢᠨ᠎ᠠ᠃ 4 ᠴᠢ ᠲᠡᠳᠡᠨ ᠦ ᠡᠰᠡᠷᠭᠦ ᠡᠰᠢ ᠦᠵᠡᠭᠦᠯ᠂ ᠬᠥᠮᠦᠨ ᠦ ᠬᠦᠦ ᠡ᠂ ᠡᠰᠢ ᠦᠵᠡᠭᠦᠯ》 ᠭᠡᠪᠡ᠃
5 ᠲᠡᠭᠡᠲᠡᠯ᠎ᠡ ᠶᠣᠬᠣᠸᠠ ᠶᠢᠨ ᠰᠦᠨᠡᠰᠦ ᠨᠠᠳᠠ ᠳᠡᠭᠡᠷ᠎ᠡ ᠪᠠᠭᠤᠵᠤ᠂ ᠨᠠᠳᠠ ᠳᠤ᠄ 《〈ᠶᠣᠬᠣᠸᠠ ᠡᠢᠨ ᠬᠦ ᠠᠢᠯᠠᠳᠴᠤ ᠪᠠᠢᠨ᠎ᠠ᠂ ᠢᠰᠷᠧᠯ ᠤᠨ ᠭᠡᠷ ᠡ᠂ ᠲᠠ ᠨᠠᠷ ᠤᠨ ᠪᠣᠳᠣᠯ ᠪᠣᠯ ᠡᠢᠮᠦ᠂ ᠲᠠ ᠨᠠᠷ ᠳᠣᠲᠣᠷ᠎ᠠ ᠪᠠᠨ ᠶᠠᠭᠤ ᠪᠣᠳᠣᠵᠤ ᠪᠠᠢᠭ᠎ᠠ ᠶᠢ ᠪᠢ ᠮᠡᠳᠡᠨ᠎ᠡ᠃ 6 ᠲᠠ ᠨᠠᠷ ᠡᠨᠡ ᠬᠣᠲᠠ ᠳᠤ ᠠᠯᠠᠭᠳᠠᠭᠰᠠᠳ ᠢᠶᠠᠨ ᠣᠯᠠᠰᠢᠷᠠᠭᠤᠯᠵᠤ᠂ ᠭᠤᠳᠤᠮᠵᠢ ᠨᠤᠭᠤᠳ ᠢ ᠨᠢ ᠠᠯᠠᠭᠳᠠᠭᠰᠠᠳ ᠢᠶᠠᠷ ᠳᠦᠭᠦᠷᠭᠡᠭᠰᠡᠨ ᠪᠠᠢᠨ᠎ᠠ᠃ 7 ᠲᠡᠢᠮᠦ ᠡᠴᠡ ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 〈ᠲᠠ ᠨᠠᠷ ᠤᠨ ᠲᠡᠨᠳᠡ ᠬᠠᠶᠠᠭᠰᠠᠨ ᠬᠡᠭᠦᠷ ᠤᠳ ᠪᠣᠯ ᠮᠢᠬ᠎ᠠ᠂ ᠡᠨᠡ ᠬᠣᠲᠠ ᠪᠣᠯ ᠲᠣᠭᠣᠭ᠎ᠠ ᠶᠤᠮ᠃ ᠬᠠᠷᠢᠨ ᠪᠢ ᠲᠠ ᠨᠠᠷ ᠢ ᠳᠣᠲᠣᠷ᠎ᠠ ᠠᠴᠠ ᠨᠢ ᠭᠠᠷᠭᠠᠨ᠎ᠠ᠃ 8 ᠲᠠ ᠨᠠᠷ ᠢᠯᠳᠦᠨ ᠡᠴᠡ ᠠᠶᠤᠳᠠᠭ ᠲᠤᠯᠠ ᠪᠢ ᠲᠠ ᠨᠠᠷ ᠤᠨ ᠳᠡᠭᠡᠷ᠎ᠡ ᠢᠯᠳᠦ ᠠᠪᠴᠢᠷᠠᠨ᠎ᠠ ᠬᠡᠮᠡᠨ ᠡᠵᠡᠨ ᠶᠣᠬᠣᠸᠠ ᠠᠢᠯᠠᠳᠴᠤ ᠪᠠᠢᠨ᠎ᠠ᠃ 9 ᠪᠢ ᠲᠠ ᠨᠠᠷ ᠢ ᠬᠣᠲᠠ ᠠᠴᠠ ᠭᠠᠷᠭᠠᠵᠤ᠂ ᠬᠠᠷᠢ ᠶᠢᠨ ᠬᠢᠨ ᠤ ᠭᠠᠷ ᠲᠤ ᠲᠤᠰᠢᠶᠠᠨ ᠲᠠ ᠨᠠᠷ ᠤᠨ ᠳᠡᠭᠡᠷ᠎ᠡ ᠰᠢᠳᠬᠡᠯ ᠪᠠᠭᠤᠯᠭᠠᠨ᠎ᠠ᠃ 10 ᠲᠠ ᠨᠠᠷ ᠢᠯᠳᠦᠨ ᠳᠦ ᠤᠨᠠᠬᠤ ᠪᠥᠭᠡᠳ ᠪᠢ ᠲᠠ ᠨᠠᠷ ᠢ ᠢᠰᠷᠧᠯ ᠤᠨ ᠬᠢᠯᠢ ᠳᠡᠭᠡᠷ᠎ᠡ ᠰᠢᠳᠬᠡᠨ᠎ᠡ᠃ ᠲᠡᠭᠡᠪᠡᠯ ᠲᠠ ᠨᠠᠷ ᠨᠠᠮᠠᠶᠢ ᠶᠣᠬᠣᠸᠠ ᠭᠡᠳᠡᠭ ᠢ ᠮᠡᠳᠡᠬᠦ ᠪᠣᠯᠣᠨ᠎ᠠ᠃ 11 ᠡᠨᠡ ᠬᠣᠲᠠ ᠲᠠ ᠨᠠᠷ ᠲᠤ ᠲᠣᠭᠣᠭ᠎ᠠ ᠪᠢᠰᠢ᠂ ᠲᠠ ᠨᠠᠷ ᠴᠤ ᠲᠡᠭᠦᠨ ᠦ ᠳᠣᠲᠣᠷᠠᠬᠢ ᠮᠢᠬ᠎ᠠ ᠪᠢᠰᠢ ᠪᠣᠯᠣᠨ᠎ᠠ᠃ ᠪᠢ ᠢᠰᠷᠧᠯ ᠤᠨ ᠬᠢᠯᠢ ᠳᠡᠭᠡᠷ᠎ᠡ ᠲᠠ ᠨᠠᠷ ᠢ ᠰᠢᠳᠬᠡᠨ᠎ᠡ᠃ 12 ᠲᠡᠢᠨ ᠬᠦ ᠲᠠ ᠨᠠᠷ ᠨᠠᠮᠠᠶᠢ ᠶᠣᠬᠣᠸᠠ ᠭᠡᠳᠡᠭ ᠢ ᠮᠡᠳᠡᠬᠦ ᠪᠣᠯᠣᠨ᠎ᠠ᠃ ᠬᠠᠷᠢᠨ ᠲᠠ ᠨᠠᠷ ᠲᠣᠭᠲᠠᠭᠠᠯ ᠤᠳ ᠢ ᠮᠢᠨᠢ ᠮᠥᠷᠳᠡᠯ ᠦᠭᠡᠢ᠂ ᠵᠢᠷᠤᠮ ᠤᠳ ᠢ ᠮᠢᠨᠢ ᠰᠠᠬᠢᠯ ᠦᠭᠡᠢ᠂ ᠡᠷᠭᠢᠨ ᠲᠣᠭᠣᠷᠢᠨ ᠤ ᠪᠠᠨ ᠦᠨᠳᠦᠰᠦᠲᠡᠨ ᠨᠦᠭᠦᠳ ᠦᠨ ᠶᠣᠰᠣ ᠵᠢᠷᠤᠮ ᠤᠳ ᠢ ᠳᠠᠭᠠᠭᠰᠠᠨ〉 ᠭᠡᠵᠦ ᠬᠡᠯᠡ》 ᠭᠡᠪᠡ᠃
13 ᠪᠢ ᠡᠢᠨ ᠬᠦ ᠡᠰᠢ ᠦᠵᠡᠭᠦᠯᠵᠦ ᠪᠠᠢᠬᠤ ᠳᠤ᠂ ᠪᠧᠨᠠᠢᠶ᠎ᠠ ᠶᠢᠨ ᠬᠦᠦ ᠫᠧᠯᠠᠲ᠋ᠢᠶᠠ ᠦᠬᠦᠪᠡ᠃ ᠪᠢ ᠨᠢᠭᠤᠷ ᠢᠶᠠᠨ ᠭᠠᠵᠠᠷ ᠲᠤ ᠬᠦᠷᠭᠡᠨ᠂ ᠴᠢᠩᠭ᠍᠎ᠠ ᠳᠠᠭᠤ ᠪᠠᠷ᠄ 《ᠥ᠂ ᠡᠵᠡᠨ ᠶᠣᠬᠣᠸᠠ᠃ ᠲᠠ ᠢᠰᠷᠧᠯ ᠤᠨ ᠦᠯᠡᠳᠡᠭᠰᠡᠳ ᠢ ᠪᠦᠷᠢᠮᠦᠰᠦᠨ ᠤᠰᠠᠳᠬᠠᠨ᠎ᠠ ᠭᠡᠵᠢ ᠤᠤ︖》 ᠭᠡᠪᠡ᠃
14 ᠶᠣᠬᠣᠸᠠ ᠶᠢᠨ ᠦᠭᠡ ᠨᠠᠳᠠ ᠳᠤ ᠢᠷᠡᠵᠦ᠄ 15 《ᠬᠥᠮᠦᠨ ᠦ ᠬᠦᠦ ᠡ᠂ ᠶᠧᠷᠦ᠋ᠰᠠᠯᠧᠮ ᠤᠨ ᠰᠠᠭᠤᠭᠠᠯᠢᠴᠢᠳ ᠨᠢ ᠴᠢᠨᠦ ᠴᠥᠯᠡᠭᠳᠡᠭᠰᠡᠨ ᠠᠬ᠎ᠠ ᠳᠡᠭᠦᠦᠰ ᠬᠢᠭᠡᠳ ᠴᠢᠨᠦ ᠠᠬ᠎ᠠ ᠳᠡᠭᠦᠦᠰ ᠪᠣᠯᠬᠤ ᠬᠠᠮᠢᠶᠠᠲᠠᠨ᠂ ᠢᠰᠷᠧᠯ ᠤᠨ ᠪᠦᠬᠦ ᠭᠡᠷ ᠦᠨ ᠬᠢᠨ ᠤ ᠲᠤᠬᠠᠢ᠄ 〈ᠶᠣᠬᠣᠸᠠ ᠠᠴᠠ ᠬᠣᠯᠠ ᠪᠠᠢᠭᠠᠷᠠᠢ᠃ ᠡᠨᠡ ᠭᠠᠵᠠᠷ ᠪᠢᠳᠡᠨ ᠳᠦ ᠡᠵᠡᠮᠰᠢᠯ ᠪᠣᠯᠭᠠᠨ ᠰᠣᠶᠣᠷᠬᠠᠭᠳᠠᠭᠰᠠᠨ〉 ᠭᠡᠯᠴᠡᠵᠦ ᠪᠠᠢᠨ᠎ᠠ᠃
ᠢᠰᠷᠧᠯ ᠢ ᠪᠤᠴᠠᠭᠠᠬᠤ ᠠᠮᠠᠯᠠᠯᠲᠠ
16 ᠲᠡᠢᠮᠦ ᠡᠴᠡ ᠴᠢ᠄ 〈ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠂ ᠪᠢ ᠲᠡᠳᠡᠨ ᠢ ᠦᠨᠳᠦᠰᠦᠲᠡᠨ ᠨᠦᠭᠦᠳ ᠦᠨ ᠳᠤᠮᠳᠠ ᠬᠥᠭᠡᠭᠡᠵᠦ᠂ ᠭᠦᠷᠦᠨ ᠨᠦᠭᠦᠳ ᠦᠨ ᠳᠤᠮᠳᠠ ᠲᠠᠷᠬᠠᠭᠠᠭᠰᠠᠨ ᠪᠣᠯᠪᠠᠴᠤ ᠣᠴᠢᠭᠰᠠᠨ ᠭᠦᠷᠦᠨ ᠨᠦᠭᠦᠳ ᠲᠤᠨᠢ ᠪᠢ ᠥᠪᠡᠷ ᠢᠶᠡᠨ ᠲᠦᠷ ᠵᠠᠭᠤᠷ᠎ᠠ ᠲᠡᠳᠡᠨ ᠦ ᠠᠷᠢᠭᠤᠨ ᠭᠠᠵᠠᠷ ᠨᠢ ᠪᠣᠯᠣᠭᠰᠠᠨ ᠶᠤᠮ〉 ᠭᠡᠵᠦ ᠬᠡᠯᠡ᠂ 17 ᠲᠡᠢᠮᠦ ᠡᠴᠡ ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 〈ᠪᠢ ᠲᠠ ᠨᠠᠷ ᠢ ᠦᠨᠳᠦᠰᠦᠲᠡᠨ ᠨᠦᠭᠦᠳ ᠡᠴᠡ ᠴᠤᠭᠯᠠᠭᠤᠯᠵᠤ᠂ ᠲᠠᠷᠬᠠᠭᠠᠭᠳᠠᠨ ᠣᠴᠢᠭᠰᠠᠨ ᠭᠦᠷᠦᠨ ᠨᠦᠭᠦᠳ ᠡᠴᠡ ᠴᠢᠨᠢ ᠪᠤᠴᠠᠭᠠᠨ ᠠᠪᠴᠢᠷᠠᠭᠠᠳ ᠢᠰᠷᠧᠯ ᠤᠨ ᠨᠤᠲᠤᠭ ᠢ ᠲᠠ ᠨᠠᠷ ᠲᠤ ᠥᠭᠭᠥᠨ᠎ᠡ〉 ᠭᠡᠵᠦ ᠬᠡᠯᠡ᠂ 18 ᠲᠡᠳᠡ ᠲᠡᠢᠨ ᠬᠦ ᠪᠤᠴᠠᠵᠤ᠂ ᠲᠡᠨᠳᠡᠬᠢ ᠶᠢᠨ ᠵᠢᠭᠰᠢᠭᠦᠷᠢᠲᠦ ᠪᠤᠵᠠᠷ ᠪᠦᠬᠦᠨ ᠢ ᠬᠠᠶᠠᠨ᠎ᠠ᠃ 19 ᠪᠢ ᠲᠡᠳᠡᠨ ᠳᠦ ᠨᠢᠭᠡ ᠵᠢᠷᠦᠬᠡ ᠶᠢ ᠥᠭᠴᠦ᠂ ᠲᠡᠳᠡᠨ ᠦ ᠳᠣᠲᠣᠷ᠎ᠠ ᠰᠢᠨ᠎ᠡ ᠰᠦᠨᠡᠰᠦ ᠶᠢ ᠣᠷᠣᠭᠤᠯᠤᠨ᠎ᠠ᠃ ᠪᠢ ᠲᠡᠳᠡᠨ ᠦ ᠮᠢᠬᠠᠨ ᠪᠡᠶ᠎ᠡ ᠡᠴᠡ ᠴᠢᠯᠠᠭᠤᠨ ᠵᠢᠷᠦᠬᠡ ᠶᠢ ᠨᠢ ᠠᠪᠴᠤ᠂ ᠮᠢᠬᠠᠨ ᠵᠢᠷᠦᠬᠡ ᠶᠢ ᠥᠭᠭᠥᠨ᠎ᠡ᠃ 20 ᠲᠡᠢᠨ ᠬᠦ ᠲᠡᠳᠡ ᠲᠣᠭᠲᠠᠭᠠᠯ ᠤᠳ ᠢ ᠮᠢᠨᠢ ᠮᠥᠷᠳᠡᠵᠦ᠂ ᠵᠢᠭᠠᠪᠤᠷᠢ ᠨᠤᠭᠤᠳ ᠢ ᠮᠢᠨᠢ ᠰᠠᠬᠢᠨ ᠪᠡᠶᠡᠯᠡᠭᠦᠯᠦᠨ᠎ᠡ᠃ ᠲᠡᠳᠡ ᠮᠢᠨᠦ ᠠᠷᠠᠳ ᠲᠦᠮᠡᠨ ᠪᠣᠯᠵᠤ᠂ ᠪᠢ ᠲᠡᠳᠡᠨ ᠦ ᠪᠤᠷᠬᠠᠨ ᠪᠣᠯᠣᠨ᠎ᠠ᠃ 21 ᠬᠠᠷᠢᠨ ᠵᠢᠭᠰᠢᠭᠦᠷᠢᠲᠦ ᠪᠤᠵᠠᠷ ᠵᠦᠢᠯᠡᠰ ᠲᠦ ᠵᠢᠷᠦᠬᠡ ᠪᠡᠨ ᠵᠣᠷᠢᠭᠤᠯᠤᠭᠰᠠᠨ ᠬᠥᠮᠦᠰ ᠦᠨ ᠬᠤᠪᠢ ᠳᠤ᠂ ᠪᠢ ᠦᠢᠯᠡᠰ ᠦᠨ ᠬᠢᠨᠢ ᠦᠷ᠎ᠡ ᠳᠠᠭᠠᠪᠤᠷᠢ ᠶᠢ ᠲᠡᠳᠡᠨ ᠦ ᠲᠣᠯᠣᠭᠠᠢ ᠳᠡᠭᠡᠷ᠎ᠡ ᠪᠠᠭᠤᠯᠭᠠᠨ᠎ᠠ᠂ ᠡᠵᠡᠨ ᠶᠣᠬᠣᠸᠠ ᠠᠢᠯᠠᠳᠴᠤ ᠪᠠᠢᠨ᠎ᠠ》 ᠭᠡᠪᠡ᠃
22 ᠲᠡᠭᠡᠬᠦ ᠳᠦ ᠺᠧᠷᠣᠪ ᠤᠳ ᠳᠠᠯᠠᠪᠴᠢ ᠪᠠᠨ ᠳᠡᠯᠭᠡᠪᠡ᠂ ᠬᠦᠷᠳᠦ ᠨᠦᠭᠦᠳ ᠲᠡᠳᠡᠨ ᠦ ᠳᠡᠷᠭᠡᠳᠡ᠂ ᠢᠰᠷᠧᠯ ᠤᠨ ᠪᠤᠷᠬᠠᠨ ᠤ ᠴᠣᠭ ᠵᠢᠪᠬᠤᠯᠠᠩ ᠲᠡᠳᠡᠨ ᠦ ᠳᠡᠭᠡᠷ᠎ᠡ ᠪᠠᠢᠪᠠ᠃ 23 ᠶᠣᠬᠣᠸᠠ ᠶᠢᠨ ᠴᠣᠭ ᠵᠢᠪᠬᠤᠯᠠᠩ ᠬᠣᠲᠠ ᠶᠢᠨ ᠳᠣᠲᠣᠷ᠎ᠠ ᠠᠴᠠ ᠬᠥᠭᠡᠷᠴᠦ᠂ ᠬᠣᠲᠠ ᠶᠢᠨ ᠵᠡᠭᠦᠨ ᠲᠠᠯ᠎ᠠ ᠶᠢᠨ ᠠᠭᠤᠯᠠᠨ ᠳᠡᠭᠡᠷ᠎ᠡ ᠲᠣᠭᠲᠠᠪᠠ᠃ 24 ᠪᠤᠷᠬᠠᠨ ᠤ ᠰᠦᠨᠡᠰᠦᠨ ᠦ ᠰᠣᠶᠣᠷᠬᠠᠭᠰᠠᠨ ᠦᠵᠡᠭᠳᠡᠯ ᠳᠣᠲᠣᠷ᠎ᠠ ᠰᠦᠨᠡᠰᠦ ᠨᠠᠮᠠᠶᠢ ᠡᠷᠭᠦᠵᠦ᠂ ᠪᠠᠪᠢᠯᠣᠨ ᠳᠤ ᠪᠠᠢᠭ᠎ᠠ ᠴᠥᠯᠡᠭᠳᠡᠭᠰᠡᠳ ᠤᠷᠤᠭᠤ ᠠᠪᠴᠢᠷᠠᠭᠰᠠᠨ ᠳᠤ᠂ ᠮᠢᠨᠦ ᠦᠵᠡᠭᠰᠡᠨ ᠦᠵᠡᠭᠳᠡᠯ ᠮᠢᠨᠦ ᠳᠡᠭᠡᠷ᠎ᠡ ᠡᠴᠡ ᠬᠥᠭᠡᠷᠪᠡ᠃ 25 ᠳᠠᠷᠠᠭ᠎ᠠ ᠨᠢ ᠪᠢ ᠶᠣᠬᠣᠸᠠ ᠶᠢᠨ ᠨᠠᠳᠠ ᠳᠤ ᠦᠵᠡᠭᠦᠯᠦᠭᠰᠡᠨ ᠪᠦᠭᠦᠳᠡ ᠶᠢ ᠴᠥᠯᠡᠭᠳᠡᠭᠰᠡᠳ ᠲᠦ ᠶᠠᠷᠢᠪᠠ᠃