1 2 3 4 5 6 7 8 9 10 11 12 13 14 15 16 17 18 19 20 21 22 23 24 25 26 27 28 29 30 31 32 33 34 35 36 37 38 39 40 41 42 43 44 45 46 47 48


ᠡᠽᠧᠺᠢᠶᠧᠯ ᠳᠥᠴᠢᠨ ᠳᠥᠷᠪᠡ
 ᠬᠠᠭᠠᠨ᠂ ᠯᠧᠸᠢᠴᠦᠳ᠂ ᠲᠠᠬᠢᠯᠴᠢᠳ

1 ᠲᠡᠷᠡ ᠨᠠᠮᠠᠶᠢ ᠠᠷᠢᠭᠤᠨ ᠭᠠᠵᠠᠷ ᠤᠨ ᠵᠡᠭᠦᠨᠰᠢ ᠬᠠᠷᠠᠭᠰᠠᠨ ᠭᠠᠳᠠᠨ᠎ᠠ ᠬᠠᠭᠠᠯᠭ᠎ᠠ ᠤᠷᠤᠭᠤ ᠪᠤᠴᠠᠭᠠᠨ ᠠᠪᠴᠢᠷᠠᠪᠠ᠂ ᠬᠠᠷᠢᠨ ᠲᠡᠷᠡ ᠬᠠᠭᠠᠯᠭ᠎ᠠ ᠬᠠᠭᠠᠯᠲᠠᠲᠠᠢ ᠪᠠᠢᠪᠠ᠃ 2 ᠶᠣᠬᠣᠸᠠ ᠨᠠᠳᠠ ᠳᠤ ᠠᠢᠯᠠᠳᠤᠨ᠄ 《ᠡᠨᠡ ᠬᠠᠭᠠᠯᠭ᠎ᠠ ᠨᠡᠭᠡᠭᠡᠯᠲᠡᠲᠡᠢ ᠪᠠᠢᠵᠤ ᠪᠣᠯᠬᠤ ᠦᠭᠡᠢ᠂ ᠬᠠᠭᠠᠯᠲᠠᠲᠠᠢ ᠪᠠᠢᠬᠤ ᠶᠣᠰᠣᠲᠠᠢ᠃ ᠢᠰᠷᠧᠯ ᠤᠨ ᠪᠤᠷᠬᠠᠨ ᠶᠣᠬᠣᠸᠠ ᠡᠭᠦᠨ ᠢᠶᠡᠷ ᠣᠷᠣᠭᠰᠠᠨ ᠲᠤᠯᠠ ᠬᠥᠮᠦᠨ ᠡᠭᠦᠨ ᠢᠶᠡᠷ ᠣᠷᠣᠵᠤ ᠪᠣᠯᠬᠤ ᠦᠭᠡᠢ᠂ ᠬᠠᠭᠠᠯᠲᠠᠲᠠᠢ ᠪᠠᠢᠬᠤ ᠶᠣᠰᠣᠲᠠᠢ᠃ 3 ᠬᠠᠭᠠᠨ ᠯᠠ ᠲᠡᠨᠳᠡ ᠶᠣᠬᠣᠸᠠ ᠶᠢᠨ ᠡᠮᠦᠨ᠎ᠡ ᠰᠠᠭᠤᠨ ᠢᠳᠡᠵᠦ ᠪᠣᠯᠣᠨ᠎ᠠ᠃ ᠬᠠᠷᠢᠨ ᠲᠡᠷᠡ ᠬᠠᠭᠠᠯᠭᠠᠨ ᠤ ᠬᠣᠩᠭᠢᠯ ᠢᠶᠠᠷ ᠣᠷᠣᠵᠤ᠂ ᠪᠠᠰᠠ ᠲᠡᠷᠡᠭᠦᠷ ᠢᠶᠡᠨ ᠭᠠᠷᠬᠤ ᠬᠡᠷᠡᠭᠲᠡᠢ》 ᠭᠡᠪᠡ᠃

4 ᠳᠠᠷᠠᠭ᠎ᠠ ᠨᠢ ᠲᠡᠷᠡ ᠨᠠᠮᠠᠶᠢ ᠬᠣᠢᠲᠤ ᠬᠠᠭᠠᠯᠭ᠎ᠠ ᠪᠠᠷ ᠥᠷᠭᠥᠭᠡᠨ ᠦ ᠡᠮᠦᠨ᠎ᠡ ᠠᠪᠴᠢᠷᠠᠪᠠ᠃ ᠪᠢ ᠬᠠᠷᠠᠬᠤ ᠳᠤ᠂ ᠶᠣᠬᠣᠸᠠ ᠶᠢᠨ ᠴᠣᠭ ᠵᠢᠪᠬᠤᠯᠠᠩ ᠶᠣᠬᠣᠸᠠ ᠶᠢᠨ ᠥᠷᠭᠥᠭᠡ ᠶᠢ ᠳᠦᠭᠦᠷᠭᠡᠭᠰᠡᠨ ᠪᠠᠢᠯ᠎ᠠ︕ ᠪᠢ ᠨᠢᠭᠤᠷ ᠢᠶᠠᠨ ᠭᠠᠵᠠᠷ ᠲᠤ ᠨᠠᠭᠠᠪᠠ᠃ 5 ᠶᠣᠬᠣᠸᠠ ᠨᠠᠳᠠ ᠳᠤ ᠠᠢᠯᠠᠳᠤᠨ᠄ 《ᠬᠥᠮᠦᠨ ᠦ ᠬᠦᠦ ᠡ᠂ ᠶᠣᠬᠣᠸᠠ ᠶᠢᠨ ᠥᠷᠭᠥᠭᠡᠨ ᠦ ᠬᠠᠮᠤᠭ ᠲᠣᠭᠲᠠᠭᠠᠯ ᠬᠢᠭᠡᠳ ᠪᠦᠬᠦ ᠬᠠᠤᠯᠢ ᠶᠢᠨ ᠲᠠᠯ᠎ᠠ ᠪᠠᠷ ᠮᠢᠨᠦ ᠴᠢᠮ᠎ᠠ ᠳᠤ ᠬᠡᠯᠡᠬᠦ ᠪᠦᠭᠦᠳᠡ ᠳᠦ ᠰᠠᠨᠠᠭ᠎ᠠ ᠲᠠᠯᠪᠢᠨ᠂ ᠨᠢᠳᠦ ᠪᠡᠷ ᠢᠶᠠᠨ ᠦᠵᠡᠵᠦ᠂ ᠴᠢᠬᠢ ᠪᠠᠷ ᠢᠶᠠᠨ ᠰᠣᠨᠣᠰ᠃ ᠥᠷᠭᠥᠭᠡᠨ ᠳᠦ ᠣᠷᠣᠬᠤ ᠪᠠ ᠠᠷᠢᠭᠤᠨ ᠭᠠᠵᠠᠷ ᠠᠴᠠ ᠭᠠᠷᠬᠤ ᠪᠦᠬᠦᠨ ᠳᠦ ᠰᠠᠨᠠᠭ᠎ᠠ ᠲᠠᠯᠪᠢ᠃》 6 ᠴᠢ ᠲᠡᠷᠰᠯᠡᠭᠦᠦ ᠢᠰᠷᠧᠯ ᠤᠨ ᠭᠡᠷ ᠦᠨ ᠬᠢᠨ ᠳᠤ᠄ 《ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 〈ᠢᠰᠷᠧᠯ ᠤᠨ ᠭᠡᠷ ᠡ᠂ ᠪᠦᠬᠦ ᠵᠢᠭᠰᠢᠭᠦᠷᠢᠲᠦ ᠦᠢᠯᠡ ᠴᠢᠨᠢ ᠭᠦᠢᠴᠡᠭᠰᠡᠨ᠂ 7 ᠲᠠ ᠨᠠᠷ ᠨᠠᠳᠠ ᠳᠤ ᠮᠢᠨᠦ ᠬᠦᠨᠡᠰᠦ᠂ ᠥᠭᠡᠬᠦ ᠪᠠ ᠴᠢᠰᠤ ᠶᠢ ᠡᠷᠭᠦᠬᠦ ᠦᠶ᠎ᠡ ᠳᠡᠭᠡᠨ ᠵᠢᠷᠦᠬᠡᠨ ᠳᠡᠭᠡᠨ ᠴᠤ᠂ ᠮᠢᠬᠠᠨ ᠪᠡᠶ᠎ᠡ ᠳᠡᠭᠡᠨ ᠴᠤ ᠬᠥᠪᠴᠢᠷᠬᠡᠢ ᠬᠥᠨᠳᠡᠭᠦᠯᠦᠭᠡ ᠦᠭᠡᠢ ᠬᠠᠷᠢᠴᠤᠳ ᠢ ᠠᠪᠴᠢᠷᠠᠵᠤ ᠠᠷᠢᠭᠤᠨ ᠭᠠᠵᠠᠷ ᠲᠤ ᠮᠢᠨᠢ ᠪᠠᠢᠯᠭᠠᠨ᠂ ᠥᠷᠭᠥᠭᠡ ᠶᠢ ᠮᠢᠨᠢ ᠪᠤᠵᠠᠷᠯᠠᠳᠠᠭ᠃ ᠲᠡᠢᠨ ᠬᠦ ᠲᠠ ᠨᠠᠷ ᠬᠠᠮᠤᠭ ᠵᠢᠭᠰᠢᠭᠦᠷᠢᠲᠦ ᠦᠢᠯᠡ ᠪᠡᠷ ᠢᠶᠠᠨ ᠮᠢᠨᠦ ᠭᠡᠷ᠎ᠡ ᠶᠢ ᠵᠥᠷᠢᠴᠡᠭᠰᠡᠨ᠃ 8 ᠲᠠ ᠨᠠᠷ ᠠᠷᠢᠭᠤᠨ ᠵᠦᠢᠯᠡᠰ ᠦᠨ ᠮᠢᠨᠢ ᠲᠠᠯ᠎ᠠ ᠪᠠᠷ ᠬᠢ ᠡᠭᠦᠷᠭᠡ ᠶᠢ ᠥᠪᠡᠷᠰᠡᠳ ᠢᠶᠡᠨ ᠭᠦᠢᠴᠡᠳᠬᠡᠬᠦ ᠦᠭᠡᠢ᠂ ᠬᠠᠷᠢᠨ ᠠᠷᠢᠭᠤᠨ ᠭᠠᠵᠠᠷ ᠤᠨ ᠮᠢᠨᠢ ᠡᠭᠦᠷᠭᠡ ᠶᠢ ᠪᠤᠰᠤᠳ ᠲᠤ ᠥᠭᠴᠦ ᠭᠦᠢᠴᠡᠳᠬᠡᠭᠦᠯᠪᠡ〉》 ᠭᠡᠵᠦ ᠬᠡᠯᠡ᠃

9 ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 《ᠵᠢᠷᠦᠬᠡᠨ ᠳᠡᠭᠡᠨ ᠴᠤ᠂ ᠮᠢᠬᠠᠨ ᠪᠡᠶ᠎ᠡ ᠳᠡᠭᠡᠨ ᠴᠤ ᠬᠥᠪᠴᠢᠷᠬᠡᠢ ᠬᠥᠨᠳᠡᠭᠦᠯᠦᠭᠡ ᠦᠭᠡᠢ ᠬᠠᠷᠢ ᠬᠥᠮᠦᠨ ᠨᠢ ᠢᠰᠷᠧᠯᠴᠦᠳ ᠦᠨ ᠳᠤᠮᠳᠠ ᠠᠮᠢᠳᠤᠷᠠᠳᠠᠭ ᠪᠠᠢᠭᠰᠠᠨ ᠴᠤ ᠠᠷᠢᠭᠤᠨ ᠭᠠᠵᠠᠷ ᠲᠤ ᠮᠢᠨᠢ ᠣᠷᠣᠵᠤ ᠪᠣᠯᠬᠤ ᠦᠭᠡᠢ᠃ 10 ᠯᠧᠸᠢᠴᠦᠳ ᠨᠢᠭᠦᠯ ᠦᠨ ᠢᠶᠠᠨ ᠦᠷ᠎ᠡ ᠳᠠᠭᠠᠪᠤᠷᠢ ᠶᠢ ᠥᠪᠡᠷᠰᠡᠳ ᠢᠶᠡᠨ ᠡᠭᠦᠷᠬᠦ ᠶᠣᠰᠣᠲᠠᠢ᠂ ᠢᠰᠷᠧᠯ ᠰᠢᠲᠦᠭᠡᠨ ᠨᠦᠭᠦᠳ ᠦᠨ ᠢᠶᠠᠨ ᠠᠷᠤ ᠠᠴᠠ ᠳᠠᠭᠠᠨ᠂ ᠨᠠᠳᠠ ᠠᠴᠠ ᠰᠠᠯᠵᠤ ᠲᠥᠭᠡᠷᠢᠬᠦ ᠳᠦ᠂ ᠲᠡᠳᠡ ᠴᠤ ᠨᠠᠳᠠ ᠠᠴᠠ ᠬᠣᠯᠠᠳᠠᠭᠰᠠᠨ᠃ 11 ᠭᠡᠪᠡᠴᠦ ᠲᠡᠳᠡ ᠠᠷᠢᠭᠤᠨ ᠭᠠᠵᠠᠷ ᠲᠤ ᠮᠢᠨᠢ ᠦᠢᠯᠡᠴᠢᠯᠡᠨ᠂ ᠥᠷᠭᠥᠭᠡᠨ ᠦ ᠬᠠᠭᠠᠯᠭᠠᠨ ᠳᠤ ᠬᠠᠷᠠᠭᠤᠯᠳᠠᠵᠤ᠂ ᠥᠷᠭᠥᠭᠡᠨ ᠳᠣᠲᠣᠷ᠎ᠠ ᠦᠢᠯᠡᠴᠢᠯᠡᠨ᠎ᠡ᠂ ᠠᠷᠠᠳ ᠲᠦᠮᠡᠨ ᠦ ᠲᠥᠯᠥᠭᠡ ᠰᠢᠲᠠᠭᠠᠯᠭᠠᠲᠤ ᠲᠠᠬᠢᠯ ᠪᠣᠯᠣᠨ ᠪᠤᠰᠤᠳ ᠲᠠᠬᠢᠯ ᠢ ᠨᠢᠳᠤᠯᠤᠨ᠂ ᠠᠷᠠᠳ ᠲᠦᠮᠡᠨ ᠦ ᠡᠮᠦᠨ᠎ᠡ ᠵᠣᠭᠰᠣᠵᠤ᠂ ᠲᠡᠳᠡᠨ ᠳᠦ ᠦᠢᠯᠡᠴᠢᠯᠡᠬᠦ ᠪᠣᠯᠣᠨ᠎ᠠ᠃ 12 ᠬᠠᠷᠢᠨ ᠲᠡᠳᠡ ᠠᠷᠠᠳ ᠲᠦᠮᠡᠨ ᠦ ᠡᠮᠦᠨ᠎ᠡ ᠡᠴᠡ ᠰᠢᠲᠦᠭᠡᠨ ᠨᠦᠭᠦᠳ ᠲᠤᠨᠢ ᠦᠢᠯᠡᠴᠢᠯᠡᠵᠦ᠂ ᠢᠰᠷᠧᠯ ᠤᠨ ᠭᠡᠷ ᠢ ᠨᠢᠭᠦᠯ ᠳᠦ ᠪᠦᠳᠦᠷᠢᠭᠦᠯᠦᠭᠰᠡᠨ ᠤᠴᠢᠷ ᠠᠴᠠ ᠨᠢᠭᠦᠯ ᠦᠨ ᠢᠶᠠᠨ ᠦᠷ᠎ᠡ ᠳᠠᠭᠠᠪᠤᠷᠢ ᠶᠢ ᠡᠭᠦᠷᠬᠦ ᠶᠣᠰᠣᠲᠠᠢ ᠶᠢ ᠪᠢ ᠭᠠᠷ ᠢᠶᠠᠨ ᠡᠷᠭᠦᠨ ᠲᠤᠩ᠋ᠬᠠᠭᠯᠠᠶ᠎ᠠ᠃》 ᠡᠵᠡᠨ ᠶᠣᠬᠣᠸᠠ ᠠᠢᠯᠠᠳᠴᠤ ᠪᠠᠢᠨ᠎ᠠ᠃ 13 《ᠲᠡᠳᠡ ᠲᠠᠬᠢᠯᠴᠢ ᠶᠢᠨ ᠠᠯᠪᠠ ᠭᠦᠢᠴᠡᠳᠬᠡᠬᠦ ᠪᠡᠷ ᠨᠠᠳᠠ ᠳᠤ ᠣᠢᠷᠠᠲᠤᠬᠤ ᠶᠣᠰᠣ ᠦᠭᠡᠢ᠂ ᠠᠷᠢᠭᠤᠨ ᠵᠦᠢᠯᠡᠰ ᠦᠨ ᠮᠢᠨᠢ ᠠᠯᠢᠨ ᠳᠤ ᠴᠤ᠂ ᠠᠷᠢᠭᠤᠨ ᠠᠴᠠ ᠠᠷᠢᠭᠤᠨ ᠶᠠᠭᠤᠮᠠᠰ ᠲᠤ ᠴᠤ ᠣᠢᠷᠠᠲᠤᠵᠤ ᠪᠣᠯᠬᠤ ᠦᠭᠡᠢ᠃ ᠲᠡᠢᠨ ᠬᠦ ᠲᠡᠳᠡ ᠦᠢᠯᠡᠳᠦᠭᠰᠡᠨ ᠢᠴᠢᠭᠦᠷᠢᠲᠦ ᠵᠢᠭᠰᠢᠭᠦᠷᠢ ᠪᠠᠨ ᠥᠪᠡᠷᠰᠡᠳ ᠢᠶᠡᠨ ᠡᠭᠦᠷᠬᠦ ᠶᠣᠰᠣᠲᠠᠢ᠃ 14 ᠬᠠᠷᠢᠨ ᠪᠢ ᠲᠡᠳᠡᠨ ᠳᠦ ᠥᠷᠭᠥᠭᠡᠨ ᠦ ᠡᠭᠦᠷᠭᠡ ᠶᠢ ᠥᠭᠴᠦ᠂ ᠲᠡᠨᠳᠡ ᠬᠢᠬᠦ ᠶᠣᠰᠣᠲᠠᠢ ᠪᠦᠬᠦᠨ ᠢ ᠬᠢᠯᠭᠡᠨ᠎ᠡ᠃

15 ᠬᠠᠷᠢᠨ ᠢᠰᠷᠧᠯᠴᠦᠳ ᠨᠠᠳᠠ ᠠᠴᠠ ᠰᠠᠯᠵᠤ ᠲᠥᠭᠡᠷᠢᠬᠦ ᠳᠦ᠂ ᠯᠧᠸᠢᠴᠦᠳ ᠦᠨ ᠳᠤᠮᠳᠠ ᠠᠴᠠ ᠽᠠᠳᠣᠺ ᠤᠨ ᠦᠷ᠎ᠡ ᠤᠳᠤᠮ ᠤᠨ ᠲᠠᠬᠢᠯᠴᠢᠳ ᠠᠷᠢᠭᠤᠨ ᠭᠠᠵᠠᠷ ᠤᠨ ᠮᠢᠨᠢ ᠡᠭᠦᠷᠭᠡ ᠶᠢ ᠭᠦᠢᠴᠡᠳᠬᠡᠭᠰᠡᠨ ᠲᠤᠯᠠ ᠲᠡᠳᠡ ᠨᠠᠳᠠ ᠳᠤ ᠣᠢᠷᠠᠲᠤᠨ ᠦᠢᠯᠡᠴᠢᠯᠡᠵᠦ ᠪᠣᠯᠣᠨ᠎ᠠ᠃ ᠪᠠᠰᠠ ᠮᠢᠨᠦ ᠡᠮᠦᠨ᠎ᠡ ᠵᠣᠭᠰᠣᠨ ᠨᠠᠳᠠ ᠳᠤ ᠥᠭᠡᠬᠦ᠂ ᠴᠢᠰᠤ ᠡᠷᠭᠦᠵᠦ ᠪᠣᠯᠣᠨ᠎ᠠ᠃》 ᠡᠵᠡᠨ ᠶᠣᠬᠣᠸᠠ ᠠᠢᠯᠠᠳᠴᠤ ᠪᠠᠢᠨ᠎ᠠ᠃ 16 《ᠵᠥᠪᠬᠡᠨ ᠲᠡᠳᠡ ᠠᠷᠢᠭᠤᠨ ᠭᠠᠵᠠᠷ ᠲᠤ ᠮᠢᠨᠢ ᠣᠷᠣᠵᠤ᠂ ᠵᠥᠪᠬᠡᠨ ᠲᠡᠳᠡ ᠮᠢᠨᠦ ᠰᠢᠷᠡᠭᠡᠨ ᠳᠦ ᠣᠢᠷᠠᠲᠤᠨ ᠨᠠᠳᠠ ᠳᠤ ᠦᠢᠯᠡᠴᠢᠯᠡᠵᠦ᠂ ᠮᠢᠨᠦ ᠲᠤᠰᠢᠶᠠᠯ ᠢ ᠪᠡᠶᠡᠯᠡᠭᠦᠯᠵᠦ ᠪᠣᠯᠣᠨ᠎ᠠ᠃ 17 ᠲᠡᠳᠡ ᠳᠣᠲᠣᠭᠠᠳᠤ ᠬᠦᠷᠢᠶᠡᠨ ᠦ ᠬᠠᠭᠠᠯᠭ᠎ᠠ ᠪᠠᠷ ᠣᠷᠣᠬᠤ ᠳᠠᠭᠠᠨ ᠮᠠᠭᠠᠯᠢᠩ᠋ᠭᠤᠨ ᠬᠤᠪᠴᠠᠰᠤ ᠡᠮᠦᠰᠬᠦ ᠶᠣᠰᠣᠲᠠᠢ᠃ ᠳᠣᠲᠣᠭᠠᠳᠤ ᠬᠦᠷᠢᠶᠡᠨ ᠦ ᠬᠠᠭᠠᠯᠭᠠᠨ ᠳᠤ᠂ ᠡᠰᠡᠪᠡᠯ ᠥᠷᠭᠥᠭᠡᠨ ᠳᠣᠲᠣᠷ᠎ᠠ ᠦᠢᠯᠡᠴᠢᠯᠡᠬᠦ ᠳᠡᠭᠡᠨ ᠨᠣᠣᠰᠣᠨ ᠬᠤᠪᠴᠠᠰᠤ ᠲᠠᠢ ᠪᠠᠢᠵᠤ ᠪᠣᠯᠬᠤ ᠦᠭᠡᠢ᠃ 18 ᠲᠣᠯᠣᠭᠠᠢ ᠳᠠᠭᠠᠨ ᠮᠠᠭᠠᠯᠢᠩ᠋ᠭᠤᠨ ᠣᠷᠢᠶᠠᠯᠲᠠ ᠲᠠᠢ᠂ ᠪᠡᠶ᠎ᠡ ᠳᠡᠭᠡᠨ ᠮᠠᠭᠠᠯᠢᠩ᠋ᠭᠤᠨ ᠳᠣᠲᠣᠭᠤᠷ ᠬᠤᠪᠴᠠᠰᠤ ᠲᠠᠢ ᠪᠠᠢᠬᠤ ᠶᠣᠰᠣᠲᠠᠢ᠃ ᠶᠠᠮᠠᠷᠪᠠ ᠬᠥᠯᠥᠷᠡᠭᠡᠬᠦ ᠶᠠᠭᠤᠮ᠎ᠠ ᠶᠢ ᠡᠮᠦᠰᠴᠦ ᠪᠣᠯᠬᠤ ᠦᠭᠡᠢ᠃ 19 ᠲᠡᠳᠡ ᠭᠠᠳᠠᠨᠠᠬᠢ ᠬᠦᠷᠢᠶ᠎ᠡ ᠤᠷᠤᠭᠤ᠂ ᠠᠷᠠᠳ ᠣᠯᠠᠨ ᠪᠠᠢᠭ᠎ᠠ ᠭᠠᠳᠠᠨᠠᠬᠢ ᠬᠦᠷᠢᠶ᠎ᠡ ᠤᠷᠤᠭᠤ ᠭᠠᠷᠬᠤ ᠦᠶ᠎ᠡ ᠳᠡᠭᠡᠨ ᠦᠢᠯᠡᠴᠢᠯᠡᠯ ᠳᠦ ᠡᠮᠦᠰᠴᠦ ᠪᠠᠢᠭᠰᠠᠨ ᠬᠤᠪᠴᠠᠰᠤ ᠪᠠᠨ ᠲᠠᠢᠯᠵᠤ᠂ ᠠᠷᠢᠭᠤᠨ ᠥᠷᠥᠭᠡᠨ ᠳᠦ ᠲᠠᠯᠪᠢᠨ᠂ ᠥᠭᠡᠷ᠎ᠡ ᠬᠤᠪᠴᠠᠰᠤ ᠡᠮᠦᠰᠬᠦ ᠶᠣᠰᠣᠲᠠᠢ᠃ ᠲᠡᠳᠡ ᠠᠷᠠᠳ ᠲᠦᠮᠡᠨ ᠳᠦ ᠠᠷᠢᠭᠤᠨ ᠬᠤᠪᠴᠠᠰᠤ ᠪᠠᠷ ᠢᠶᠠᠨ ᠠᠷᠢᠭᠤᠨ ᠨᠥᠯᠥᠭᠡ ᠶᠢ ᠬᠦᠷᠭᠡᠵᠦ ᠪᠣᠯᠬᠤ ᠦᠭᠡᠢ᠃ 20 ᠲᠡᠳᠡ ᠲᠣᠯᠣᠭᠠᠢ ᠶᠢᠨ ᠦᠰᠦ ᠪᠡᠨ ᠬᠤᠰᠤᠵᠤ ᠪᠣᠯᠬᠤ ᠦᠭᠡᠢ᠂ ᠤᠷᠲᠤ ᠤᠷᠭᠤᠭᠤᠯᠵᠤ ᠴᠤ ᠪᠣᠯᠬᠤ ᠦᠭᠡᠢ᠂ ᠵᠥᠪᠬᠡᠨ ᠳᠠᠭᠠᠷᠢᠵᠤ ᠪᠣᠯᠣᠨ᠎ᠠ᠃ 21 ᠲᠠᠬᠢᠯᠴᠢᠳ ᠤᠨ ᠬᠡᠨ ᠨᠢ ᠴᠤ ᠳᠣᠲᠣᠭᠠᠳᠤ ᠬᠦᠷᠢᠶᠡᠨ ᠳᠦ ᠣᠷᠣᠬᠤ ᠦᠶ᠎ᠡ ᠳᠡᠭᠡᠨ ᠳᠠᠷᠠᠰᠤ ᠤᠤᠭᠤᠵᠤ ᠪᠣᠯᠬᠤ ᠦᠭᠡᠢ᠃ 22 ᠲᠡᠳᠡ ᠪᠡᠯᠪᠡᠰᠦᠷᠡᠭᠰᠡᠨ᠂ ᠡᠰᠡᠪᠡᠯ ᠰᠠᠯᠤᠭᠰᠠᠨ ᠡᠮᠡᠭᠲᠡᠢ ᠲᠡᠢ ᠭᠡᠷᠯᠡᠵᠦ ᠪᠣᠯᠬᠤ ᠦᠭᠡᠢ᠃ ᠬᠠᠷᠢᠨ ᠢᠰᠷᠧᠯ ᠤᠨ ᠭᠡᠷ ᠦᠨ ᠦᠷ᠎ᠡ ᠤᠳᠤᠮ ᠠᠴᠠ ᠣᠩ᠋ᠭᠣᠨ ᠥᠬᠢᠳ᠂ ᠡᠰᠡᠪᠡᠯ ᠲᠠᠬᠢᠯᠴᠢ ᠶᠢᠨ ᠪᠡᠯᠪᠡᠰᠦᠨ ᠡᠮᠡᠭᠲᠡᠢ ᠲᠡᠢ ᠭᠡᠷᠯᠡᠵᠦ ᠪᠣᠯᠣᠨ᠎ᠠ᠃ 23 ᠲᠡᠳᠡ ᠠᠷᠠᠳ ᠲᠦᠮᠡᠨ ᠳᠦ ᠮᠢᠨᠢ ᠠᠷᠢᠭᠤᠨ ᠪᠣᠯᠣᠨ ᠠᠷᠢᠭᠤᠨ ᠪᠤᠰᠤ ᠶᠢᠨ ᠢᠯᠭᠠᠭ᠎ᠠ ᠶᠢ ᠵᠢᠭᠠᠵᠤ᠂ ᠴᠡᠪᠡᠷ ᠪᠣᠯᠣᠨ ᠴᠡᠪᠡᠷ ᠪᠤᠰᠤ ᠶᠢᠨ ᠢᠯᠭᠠᠭ᠎ᠠ ᠶᠢ ᠮᠡᠳᠡᠭᠦᠯᠬᠦ ᠶᠣᠰᠣᠲᠠᠢ᠃ 24 ᠮᠠᠷᠭᠤᠭᠠᠨ ᠭᠠᠷᠬᠤ ᠳᠤ᠂ ᠲᠡᠳᠡ ᠪᠣᠰᠴᠤ ᠰᠢᠭᠦᠬᠦ ᠪᠥᠭᠡᠳ ᠮᠢᠨᠦ ᠵᠢᠷᠤᠮ ᠤᠨ ᠳᠠᠭᠠᠤ ᠰᠢᠭᠦᠬᠦ ᠶᠣᠰᠣᠲᠠᠢ᠃ ᠲᠡᠳᠡ ᠮᠢᠨᠦ ᠲᠣᠭᠲᠠᠭᠠᠭᠰᠠᠨ ᠪᠦᠬᠦ ᠪᠠᠶᠠᠷ ᠳᠡᠭᠡᠷ᠎ᠡ ᠮᠢᠨᠦ ᠬᠠᠤᠯᠢ᠂ ᠲᠣᠭᠲᠠᠭᠠᠯ ᠤᠳ ᠢ ᠰᠠᠬᠢᠵᠤ᠂ ᠠᠮᠠᠷᠠᠯ ᠤᠨ ᠡᠳᠦᠷ ᠢ ᠮᠢᠨᠢ ᠠᠷᠢᠭᠤᠰᠬᠠᠬᠤ ᠶᠣᠰᠣᠲᠠᠢ᠃ 25 ᠲᠡᠳᠡ ᠦᠬᠦᠭᠰᠡᠨ ᠬᠥᠮᠦᠨ ᠳᠦ ᠣᠢᠷᠠᠲᠤᠵᠤ ᠪᠡᠶ᠎ᠡ ᠪᠡᠨ ᠪᠤᠵᠠᠷᠯᠠᠬᠤ ᠶᠣᠰᠣ ᠦᠭᠡᠢ᠃ ᠬᠠᠷᠢᠨ ᠡᠴᠢᠭᠡ᠂ ᠡᠬᠡ᠂ ᠬᠦᠦ᠂ ᠥᠬᠢᠨ᠂ ᠠᠬ᠎ᠠ ᠳᠡᠭᠦᠦ᠂ ᠡᠰᠡᠪᠡᠯ ᠨᠥᠬᠥᠷ ᠲᠦ ᠭᠠᠷᠤᠭ᠎ᠠ ᠦᠭᠡᠢ ᠡᠭᠡᠴᠢ ᠳᠡᠭᠦᠦ ᠶᠢᠨ ᠢᠶᠠᠨ ᠲᠥᠯᠥᠭᠡ ᠪᠣᠯ ᠪᠤᠵᠠᠷᠯᠠᠵᠤ ᠪᠣᠯᠣᠨ᠎ᠠ᠃ 26 ᠬᠠᠷᠢᠨ ᠲᠡᠷᠡ ᠴᠡᠪᠡᠷᠰᠢᠭᠰᠡᠨ ᠦ ᠪᠠᠨ ᠳᠠᠷᠠᠭ᠎ᠠ ᠴᠤ ᠳᠣᠯᠣᠭᠠᠨ ᠬᠣᠨᠣᠭ ᠬᠦᠯᠢᠶᠡᠬᠦ ᠪᠥᠭᠡᠳ 27 ᠠᠷᠢᠭᠤᠨ ᠭᠠᠵᠠᠷ ᠲᠤ ᠦᠢᠯᠡᠴᠢᠯᠡᠬᠦ ᠪᠡᠷ ᠠᠷᠢᠭᠤᠨ ᠭᠠᠵᠠᠷ ᠤᠨ ᠳᠣᠲᠣᠭᠠᠳᠤ ᠬᠦᠷᠢᠶᠡᠨ ᠳᠦ ᠣᠷᠣᠬᠤ ᠡᠳᠦᠷ ᠢᠶᠡᠨ ᠨᠢᠭᠦᠯ ᠦᠨ ᠢᠶᠠᠨ ᠲᠠᠬᠢᠯ ᠢ ᠡᠷᠭᠦᠬᠦ ᠶᠣᠰᠣᠲᠠᠢ᠃》 ᠡᠵᠡᠨ ᠶᠣᠬᠣᠸᠠ ᠠᠢᠯᠠᠳᠴᠤ ᠪᠠᠢᠨ᠎ᠠ᠃

28 《ᠲᠡᠳᠡᠨ ᠳᠦ ᠥᠪ ᠪᠤᠢ᠂ ᠪᠢ ᠲᠡᠳᠡᠨ ᠦ ᠥᠪ ᠶᠤᠮ᠃ ᠢᠰᠷᠧᠯ ᠳᠠᠬᠢ ᠶᠠᠮᠠᠷ ᠴᠤ ᠡᠵᠡᠮᠰᠢᠯ ᠢ ᠲᠡᠳᠡᠨ ᠳᠦ ᠪᠦᠦ ᠥᠭ᠂ ᠪᠢ ᠲᠡᠳᠡᠨ ᠦ ᠡᠵᠡᠮᠰᠢᠯ ᠶᠤᠮ᠃ 29 ᠬᠠᠷᠢᠨ ᠲᠡᠳᠡ ᠢᠳᠡᠭᠡᠨ ᠡᠷᠭᠦᠯ᠂ ᠨᠢᠭᠦᠯ ᠦᠨ ᠲᠥᠯᠥᠭᠡᠬᠢ ᠲᠠᠬᠢᠯ᠂ ᠭᠡᠮ ᠦᠨ ᠲᠥᠯᠥᠭᠡᠬᠢ ᠲᠠᠬᠢᠯ ᠢ ᠢᠳᠡᠬᠦ ᠪᠥᠭᠡᠳ ᠢᠰᠷᠧᠯ ᠳᠠᠶᠠᠭᠠᠷ ᠶᠣᠬᠣᠸᠠ ᠳᠤ ᠵᠣᠷᠢᠭᠤᠯᠤᠭᠳᠠᠭᠰᠠᠨ ᠪᠦᠬᠦᠨ ᠲᠡᠳᠡᠨ ᠦ ᠬᠢ᠃ 30 ᠲᠥᠷᠥᠯ ᠪᠦᠷᠢ ᠶᠢᠨ ᠠᠩ᠋ᠬᠠᠨ ᠤ ᠦᠷ᠎ᠡ ᠵᠢᠮᠢᠰ ᠤᠨ ᠳᠡᠭᠡᠵᠢ᠂ ᠶᠠᠩᠵᠤ ᠪᠦᠷᠢ ᠶᠢᠨ ᠬᠠᠨᠳᠢᠪ ᠤᠳ ᠪᠦᠭᠦᠳᠡ ᠲᠠᠬᠢᠯᠴᠢᠳ ᠤᠨ ᠬᠢ᠃ ᠲᠠ ᠨᠠᠷ ᠭᠤᠯᠢᠷ ᠤᠨ ᠢᠶᠠᠨ ᠳᠡᠭᠡᠵᠢ ᠶᠢ ᠴᠤ ᠲᠠᠬᠢᠯᠴᠢ ᠳᠤ ᠥᠭᠴᠦ᠂ ᠭᠡᠷ ᠦᠨ ᠢᠶᠠᠨ ᠳᠡᠭᠡᠷ᠎ᠡ ᠢᠷᠥᠭᠡᠯ ᠢ ᠲᠣᠭᠲᠠᠭ᠎ᠠ᠃ 31 ᠥᠪᠡᠷ ᠢᠶᠡᠨ ᠦᠬᠦᠭᠰᠡᠨ ᠪᠤᠶᠤ ᠠᠷᠢᠶᠠᠲᠠᠨ ᠳᠤ ᠲᠠᠰᠤᠳᠠᠭᠤᠯᠤᠭᠰᠠᠨ ᠠᠯᠢᠪᠠ ᠰᠢᠪᠠᠭᠤ᠂ ᠡᠰᠡᠪᠡᠯ ᠠᠮᠢᠲᠠᠨ ᠢ ᠲᠠᠬᠢᠯᠴᠢᠳ ᠢᠳᠡᠬᠦ ᠶᠣᠰᠣ ᠦᠭᠡᠢ᠃》