ᠡᠽᠧᠺᠢᠶᠧᠯ ᠬᠣᠷᠢᠨ ᠳᠥᠷᠪᠡ
ᠵᠢᠪᠡᠷᠡᠭᠰᠡᠨ ᠲᠣᠭᠣᠭ᠎ᠠ ᠪᠣᠯᠬᠤ ᠶᠧᠷᠦ᠋ᠰᠠᠯᠧᠮ
1 ᠶᠢᠰᠦᠳᠦᠭᠡᠷ ᠣᠨ ᠤ ᠠᠷᠪᠠᠳᠤᠭᠠᠷ ᠰᠠᠷ᠎ᠠ ᠶᠢᠨ ᠠᠷᠪᠠᠨ ᠳᠤ᠂ ᠶᠣᠬᠣᠸᠠ ᠶᠢᠨ ᠦᠭᠡ ᠨᠠᠳᠠ ᠳᠤ ᠢᠷᠡᠪᠡ᠄ 2 《ᠬᠥᠮᠦᠨ ᠦ ᠬᠦᠦ ᠡ᠂ ᠥᠨᠥᠳᠥᠷ ᠢ᠂ ᠶᠠᠭ ᠡᠨᠡ ᠡᠳᠦᠷ ᠢ ᠲᠡᠮᠳᠡᠭᠯᠡ᠃ ᠶᠠᠭ ᠡᠨᠡ ᠡᠳᠦᠷ ᠪᠠᠪᠢᠯᠣᠨ ᠤ ᠬᠠᠭᠠᠨ ᠶᠧᠷᠦ᠋ᠰᠠᠯᠧᠮ ᠢ ᠪᠦᠰᠡᠯᠡᠵᠦ ᠡᠬᠢᠯᠡᠯ᠎ᠡ᠃ 3 ᠡᠨᠡ ᠲᠡᠷᠰᠯᠡᠭᠦᠦ ᠭᠡᠷ ᠦᠨ ᠬᠢᠨ ᠳᠤ ᠦᠯᠢᠭᠡᠷᠯᠡᠯ ᠢᠶᠡᠷ ᠶᠠᠷᠢ᠄ 〈ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ ᠲᠣᠭᠣᠭ᠎ᠠ ᠪᠠᠨ ᠲᠠᠯᠪᠢ᠂ ᠲᠣᠭᠣᠭ᠎ᠠ ᠪᠠᠨ ᠲᠠᠯᠪᠢᠵᠤ ᠳᠣᠲᠣᠷ᠎ᠠ ᠨᠢ ᠤᠰᠤ ᠬᠢ᠃
4 ᠲᠡᠭᠦᠨ ᠦ ᠳᠣᠲᠣᠷ᠎ᠠ ᠬᠡᠷᠴᠢᠭᠰᠡᠨ ᠮᠢᠬ᠎ᠠ ᠬᠠ ᠭᠤᠶ᠎ᠠ᠂ ᠬᠠᠮᠤᠭ ᠤᠨ ᠰᠠᠢᠨ ᠮᠢᠬ᠎ᠠ ᠶᠢ ᠬᠢᠵᠦ᠂ ᠬᠠᠮᠤᠭ ᠤᠨ ᠰᠠᠢᠨ ᠶᠠᠰᠤ ᠪᠠᠷ ᠳᠦᠭᠦᠷᠭᠡ᠃
5 ᠰᠦᠷᠦᠭ ᠬᠣᠨᠢ ᠡᠴᠡ ᠰᠢᠯᠢᠳᠡᠭ ᠢ ᠨᠢ ᠠᠪ ᠲᠣᠭᠣᠭᠠᠨ ᠳᠣᠣᠷ᠎ᠠ ᠲᠦᠯᠡᠭᠡ ᠵᠡᠷᠭᠡᠯᠡ ᠲᠣᠭᠣᠭ᠎ᠠ ᠲᠠᠢ ᠶᠢ ᠰᠠᠢᠲᠤᠷ ᠪᠤᠴᠠᠯᠭᠠ ᠳᠣᠲᠣᠷ᠎ᠠ ᠨᠢ ᠶᠠᠰᠤ ᠶᠢ ᠨᠢ ᠴᠢᠨᠠ᠃〉
6 ᠣᠳᠣ ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 〈ᠵᠣᠯ ᠦᠭᠡᠢ ᠡ︕ ᠴᠢᠰᠤᠲᠤ ᠬᠣᠲᠠ᠂ ᠵᠢᠪᠡ ᠨᠢ ᠠᠷᠢᠯᠳᠠᠭ ᠦᠭᠡᠢ ᠵᠢᠪᠡ ᠳᠡᠭᠡᠨ ᠢᠳᠡᠭᠳᠡᠭᠰᠡᠨ ᠲᠣᠭᠣᠭ᠎ᠠ ᠳᠣᠲᠣᠷ᠎ᠠ ᠠᠴᠠ ᠨᠢ ᠮᠢᠬ᠎ᠠ ᠶᠢ ᠬᠡᠰᠡᠭ ᠬᠡᠰᠡᠭ ᠢᠶᠡᠷ ᠨᠢ ᠰᠣᠩ᠋ᠭᠣᠯ ᠦᠭᠡᠢ ᠪᠠᠷ ᠭᠠᠷᠭ᠎ᠠ᠃
7 ᠨᠥᠭᠥᠭᠡ ᠡᠮᠡᠭᠲᠡᠢ ᠶᠢᠨ ᠤᠷᠤᠰᠬᠠᠭᠰᠠᠨ ᠴᠢᠰᠤ ᠥᠪᠡᠷ ᠦᠨ ᠬᠢᠨᠢ ᠳᠣᠲᠣᠷ᠎ᠠ ᠪᠠᠢᠨ᠎ᠠ ᠲᠡᠷᠡ ᠡᠮ᠎ᠡ ᠴᠢᠰᠤ ᠶᠢ ᠨᠢᠴᠦᠭᠦᠨ ᠬᠠᠳᠠᠨ ᠳᠡᠭᠡᠷ᠎ᠡ ᠤᠷᠤᠰᠬᠠᠵᠠᠢ ᠬᠥᠷᠥᠰᠥᠨ ᠳᠡᠭᠡᠷ᠎ᠡ ᠤᠷᠤᠰᠬᠠᠭᠰᠠᠨ ᠪᠢᠰᠢ᠂ ᠰᠢᠷᠣᠢ ᠳᠤ ᠪᠤᠯᠠᠭᠰᠠᠨ ᠪᠢᠰᠢ
8 ᠥᠰᠢᠶ᠎ᠡ ᠠᠪᠬᠤ ᠬᠢᠯᠢᠩ ᠢ ᠮᠢᠨᠢ ᠪᠠᠳᠠᠷᠠᠭᠠᠨ ᠤᠷᠤᠰᠬᠠᠭᠰᠠᠨ ᠴᠢᠰᠤ ᠶᠢ ᠨᠢ ᠪᠢ ᠨᠢᠴᠦᠭᠦᠨ ᠬᠠᠳᠠᠨ ᠳᠡᠭᠡᠷ᠎ᠡ ᠳᠠᠯᠳᠠᠯᠠᠯ ᠦᠭᠡᠢ ᠣᠷᠬᠢᠭᠰᠠᠨ᠃〉
9 ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 〈ᠵᠣᠯ ᠦᠭᠡᠢ ᠡ︕ ᠴᠢᠰᠤᠲᠤ ᠬᠣᠲᠠ ᠡ᠂ ᠪᠢ ᠪᠠᠰᠠ ᠲᠦᠯᠡᠭᠡ ᠶᠢ ᠥᠨᠳᠥᠷ ᠣᠪᠣᠭᠠᠯᠠᠨ᠎ᠠ᠃
10 ᠮᠣᠳᠣ ᠵᠡᠷᠭᠡᠯᠡᠨ᠂ ᠭᠠᠯ ᠨᠣᠴᠣᠭ᠎ᠠ᠂ ᠮᠢᠬ᠎ᠠ ᠶᠢ ᠰᠠᠢᠲᠤᠷ ᠴᠢᠨᠠ᠂ ᠠᠮᠲᠠᠯᠠᠭᠴᠢ ᠬᠢ ᠶᠠᠰᠤ ᠶᠢ ᠨᠢ ᠲᠦᠯᠡ᠃
11 ᠬᠣᠭᠣᠰᠣᠨ ᠲᠣᠭᠣᠭ᠎ᠠ ᠶᠢ ᠨᠡᠭᠦᠷᠡᠰᠦᠨ ᠳᠡᠭᠡᠷ᠎ᠡ ᠲᠠᠯᠪᠢ ᠲᠣᠭᠣᠭ᠎ᠠ ᠬᠠᠯᠠᠵᠤ᠂ ᠬᠦᠷᠡᠯ ᠨᠢ ᠤᠯᠠᠢᠬᠤ ᠳᠤ ᠳᠣᠲᠣᠷᠠᠬᠢ ᠭᠬᠢᠷ ᠨᠢ ᠭᠠᠷᠴᠤ᠂ ᠵᠢᠪᠡ ᠨᠢ ᠠᠷᠢᠯᠤᠭ᠃
12 ᠬᠠᠮᠤᠭ ᠴᠢᠷᠮᠠᠢᠯᠲᠠ ᠴᠢᠨᠢ ᠬᠣᠭᠣᠰᠣᠨ ᠪᠣᠯᠪᠠ ᠭᠠᠯ ᠢᠶᠠᠷ ᠴᠤ ᠭᠠᠷᠬᠤ ᠦᠭᠡᠢ ᠦᠯᠡᠮᠵᠢ ᠶᠡᠬᠡ ᠵᠢᠪᠡ ᠪᠠᠢᠨ᠎ᠠ ᠲᠡᠭᠦᠨ ᠦ ᠵᠢᠪᠡ ᠨᠢ ᠭᠠᠯ ᠳᠣᠲᠣᠷ᠎ᠠ ᠪᠠᠢᠭ︕
13 ᠪᠤᠵᠠᠷ ᠵᠠᠪᠬᠠᠢᠷᠠᠯ ᠠᠴᠠ ᠴᠢᠨᠢ ᠪᠢ ᠴᠢᠮᠠᠶᠢ ᠴᠡᠪᠡᠷᠰᠢᠭᠦᠯᠬᠦ ᠭᠡᠰᠡᠨ ᠠᠲᠠᠯ᠎ᠠ ᠴᠢ ᠪᠤᠵᠠᠷ ᠠᠴᠠ ᠪᠠᠨ ᠴᠡᠪᠡᠷᠰᠢᠭᠡ ᠦᠭᠡᠢ ᠡᠢᠮᠦ ᠡᠴᠡ ᠥᠪᠡᠷ ᠦᠨ ᠢᠶᠠᠨ ᠬᠢᠯᠢᠩ ᠢ ᠭᠦᠢᠴᠡᠭᠡᠬᠦ ᠬᠦᠷᠲᠡᠯ᠎ᠡ ᠮᠢᠨᠢ ᠴᠢ ᠴᠡᠪᠡᠷᠰᠢᠬᠦ ᠦᠭᠡᠢ᠃
14 ᠶᠣᠬᠣᠸᠠ ᠪᠢ ᠶᠠᠷᠢᠯ᠎ᠠ᠃ ᠴᠠᠭ ᠨᠢ ᠢᠷᠡᠵᠦ ᠪᠤᠢ᠂ ᠪᠢ ᠪᠡᠶᠡᠯᠡᠭᠦᠯᠦᠨ᠎ᠡ᠃ ᠪᠢ ᠵᠥᠭᠡᠯᠡᠷᠡᠬᠦ ᠦᠭᠡᠢ᠂ ᠥᠷᠥᠰᠢᠶᠡᠬᠦ ᠦᠭᠡᠢ᠂ ᠥᠷᠥᠪᠳᠥᠬᠦ ᠦᠭᠡᠢ᠂ ᠵᠠᠮ ᠮᠥᠷ ᠦᠨ ᠴᠢᠨᠢ ᠳᠠᠭᠠᠤ ᠴᠢᠮᠠᠶᠢ ᠰᠢᠭᠦᠨ᠎ᠡ᠃〉》 ᠡᠵᠡᠨ ᠶᠣᠬᠣᠸᠠ ᠠᠢᠯᠠᠳᠴᠤ ᠪᠠᠢᠨ᠎ᠠ᠃
ᠡᠽᠧᠺᠢᠶᠧᠯ ᠤᠨ ᠡᠬᠡᠨᠡᠷ ᠨᠠᠰᠤ ᠪᠠᠷᠠᠪᠠ
15 ᠶᠣᠬᠣᠸᠠ ᠶᠢᠨ ᠦᠭᠡ ᠨᠠᠳᠠ ᠳᠤ ᠢᠷᠡᠪᠡ᠄
16 《ᠬᠥᠮᠦᠨ ᠦ ᠬᠦᠦ ᠡ᠂ ᠬᠠᠷ᠎ᠠ᠂ ᠪᠢ ᠴᠢᠨᠦ ᠨᠢᠳᠦ ᠲᠤᠰᠳᠠᠭ ᠬᠥᠮᠦᠨ ᠢ ᠴᠣᠬᠢᠵᠤ ᠴᠢᠮ᠎ᠠ ᠠᠴᠠ ᠠᠪᠬᠤ ᠭᠡᠵᠦ ᠪᠠᠢᠨ᠎ᠠ᠃ ᠬᠠᠷᠢᠨ ᠴᠢ ᠪᠦᠦ ᠰᠢᠨᠠᠯ᠂ ᠪᠦᠦ ᠤᠬᠢᠯᠠ᠂ ᠪᠦᠦ ᠨᠢᠯᠪᠤᠰᠤ ᠤᠨᠠᠭ᠎ᠠ᠃ 17 ᠴᠢᠮᠡᠭᠡ ᠦᠭᠡᠢ ᠭᠠᠰᠢᠭᠤᠳᠠ᠃ ᠦᠬᠦᠭᠰᠡᠳ ᠦᠨ ᠲᠥᠯᠥᠭᠡ ᠪᠦᠦ ᠭᠠᠰᠠᠯᠠ᠃ ᠲᠣᠯᠣᠭᠠᠢ ᠶᠢᠨ ᠣᠷᠢᠶᠠᠯᠲᠠ ᠪᠠᠨ ᠦᠯᠡᠳᠡᠭᠡᠵᠦ᠂ ᠬᠥᠯ ᠳᠡᠭᠡᠨ ᠱᠠᠬᠠᠢ ᠡᠮᠦᠰ᠃ ᠰᠠᠬᠠᠯ ᠢᠶᠠᠨ ᠪᠦᠦ ᠨᠢᠭᠤ᠃ ᠭᠠᠰᠢᠭᠤᠳᠠᠭᠰᠠᠳ ᠤᠨ ᠢᠳᠡᠳᠡᠭ ᠬᠣᠭᠣᠯᠠ ᠶᠢ ᠪᠦᠦ ᠢᠳᠡ》 ᠭᠡᠪᠡ᠃ 18 ᠥᠷᠯᠥᠭᠡ ᠨᠢ ᠪᠢ ᠡᠭᠦᠨ ᠦ ᠲᠤᠬᠠᠢ ᠠᠷᠠᠳ ᠲᠦᠮᠡᠨ ᠳᠦ ᠶᠠᠷᠢᠵᠤ᠂ ᠦᠳᠡᠰᠢ ᠨᠢ ᠮᠢᠨᠦ ᠡᠬᠡᠨᠡᠷ ᠦᠬᠦᠪᠡ᠃ ᠳᠠᠷᠠᠭ᠎ᠠ ᠥᠷᠯᠥᠭᠡ ᠨᠢ ᠪᠢ ᠲᠤᠰᠢᠶᠠᠭᠰᠠᠨ ᠶᠣᠰᠣᠭᠠᠷ ᠨᠢ ᠦᠢᠯᠡᠳᠬᠦ ᠳᠦ᠂
19 ᠠᠷᠠᠳ ᠲᠦᠮᠡᠨ ᠨᠠᠳᠠ᠄ 《ᠡᠳᠡᠭᠡᠷ ᠶᠠᠪᠤᠳᠠᠯ ᠴᠢᠨᠢ ᠪᠢᠳᠡᠨ ᠳᠦ ᠶᠠᠮᠠᠷ ᠬᠠᠮᠢᠶ᠎ᠠ ᠲᠠᠢ ᠶᠢ ᠲᠠ ᠬᠡᠯᠡᠵᠦ ᠥᠭᠬᠦ ᠦᠭᠡᠢ ᠤᠤ︖》 ᠭᠡᠪᠡ᠃ 20 ᠪᠢ ᠲᠡᠳᠡᠨ ᠳᠦ᠄ 《ᠶᠣᠬᠣᠸᠠ ᠶᠢᠨ ᠦᠭᠡ ᠨᠠᠳᠠ ᠳᠤ ᠢᠷᠡᠭᠰᠡᠨ᠄ 21 〈ᠢᠰᠷᠧᠯ ᠤᠨ ᠭᠡᠷ ᠦᠨ ᠬᠢᠨ ᠳᠤ ᠶᠠᠷᠢ᠂ ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠂ ᠬᠠᠷ᠎ᠠ᠂ ᠲᠠ ᠨᠠᠷ ᠤᠨ ᠦᠯᠡᠮᠵᠢ ᠪᠠᠬᠠᠷᠬᠠᠯ᠂ ᠨᠢᠳᠦ ᠲᠤᠰᠳᠠᠭ ᠰᠡᠳᠬᠢᠯ ᠤᠨ ᠴᠢᠨᠢ ᠲᠡᠮᠡᠦᠯᠦᠯ ᠪᠣᠯᠬᠤ ᠠᠷᠢᠭᠤᠨ ᠭᠠᠵᠠᠷ ᠢᠶᠠᠨ ᠪᠢ ᠪᠤᠵᠠᠷᠯᠠᠬᠤ ᠭᠡᠵᠦ ᠪᠠᠢᠨ᠎ᠠ︕ ᠲᠠ ᠨᠠᠷ ᠤᠨ ᠠᠷᠤ ᠳᠠᠭᠠᠨ ᠣᠷᠬᠢᠭᠰᠠᠨ ᠬᠥᠪᠡᠭᠦᠳ ᠥᠬᠢᠳ ᠢᠯᠳᠦᠨ ᠳᠦ ᠤᠨᠠᠨ᠎ᠠ᠃ 22 ᠲᠡᠷᠡ ᠦᠶ᠎ᠡ ᠳᠦ ᠲᠠ ᠨᠠᠷ ᠮᠢᠨᠦ ᠦᠢᠯᠡᠳᠦᠭᠰᠡᠨ ᠰᠢᠭ ᠦᠢᠯᠡᠳᠦᠨ᠂ ᠰᠠᠬᠠᠯ ᠢᠶᠠᠨ ᠨᠢᠭᠤᠬᠤ ᠦᠭᠡᠢ᠂ ᠭᠠᠰᠢᠭᠤᠳᠠᠭᠰᠠᠳ ᠤᠨ ᠢᠳᠡᠳᠡᠭ ᠬᠣᠭᠣᠯᠠ ᠶᠢ ᠢᠳᠡᠬᠦ ᠦᠭᠡᠢ᠃ 23 ᠲᠣᠯᠣᠭᠠᠢ ᠳᠠᠭᠠᠨ ᠣᠷᠢᠶᠠᠯᠲᠠ ᠲᠠᠢ᠂ ᠬᠥᠯ ᠳᠡᠭᠡᠨ ᠱᠠᠬᠠᠢ ᠲᠠᠢ ᠪᠠᠢᠵᠤ᠂ ᠰᠢᠨᠠᠯᠬᠤ ᠦᠭᠡᠢ᠂ ᠤᠬᠢᠯᠠᠬᠤ ᠦᠭᠡᠢ᠃ ᠬᠠᠷᠢᠨ ᠥᠪᠡᠷᠰᠡᠳ ᠦᠨ ᠢᠶᠠᠨ ᠨᠢᠭᠦᠯ ᠦᠨ ᠤᠯᠠᠮ ᠢᠶᠠᠷ ᠳᠣᠷᠣᠢᠲᠠᠨ᠂ ᠪᠡᠶ᠎ᠡ ᠪᠡᠶ᠎ᠡ ᠪᠡᠨ ᠬᠠᠷᠠᠨ ᠭᠠᠰᠢᠭᠤᠳᠠᠨ᠎ᠠ᠃ 24 ᠲᠡᠢᠨ ᠬᠦ ᠡᠽᠧᠺᠢᠶᠧᠯ ᠲᠠ ᠨᠠᠷ ᠤᠨ ᠲᠡᠮᠳᠡᠭ ᠪᠣᠯᠣᠨ᠎ᠠ᠃ ᠲᠡᠭᠦᠨ ᠦ ᠦᠢᠯᠡᠳᠦᠭᠰᠡᠨ ᠪᠦᠬᠦᠨ ᠦ ᠳᠠᠭᠠᠤ ᠲᠠ ᠨᠠᠷ ᠴᠤ ᠦᠢᠯᠡᠳᠬᠦ ᠪᠣᠯᠣᠨ᠎ᠠ᠃ ᠲᠡᠭᠡᠬᠦ ᠳᠦ ᠲᠠ ᠨᠠᠷ ᠨᠠᠮᠠᠶᠢ ᠡᠵᠡᠨ ᠶᠣᠬᠣᠸᠠ ᠭᠡᠳᠡᠭ ᠢ ᠮᠡᠳᠡᠬᠦ ᠪᠣᠯᠣᠨ᠎ᠠ᠃〉
25 〈ᠬᠥᠮᠦᠨ ᠦ ᠬᠦᠦ ᠡ᠂ ᠪᠢ ᠲᠡᠳᠡᠨ ᠦ ᠪᠡᠬᠢᠯᠡᠯᠲᠡ᠂ ᠲᠡᠳᠡᠨ ᠦ ᠪᠠᠶᠠᠰᠤᠯ᠂ ᠢᠷᠠᠭᠤ ᠠᠯᠳᠠᠷ᠂ ᠨᠢᠳᠦ ᠲᠤᠰᠳᠠᠭ ᠰᠡᠳᠬᠢᠯ ᠤᠨ ᠬᠢᠨᠢ ᠲᠡᠮᠡᠦᠯᠦᠯ ᠢ ᠬᠥᠪᠡᠭᠦᠳ ᠥᠬᠢᠳ ᠲᠠᠢ ᠨᠢ ᠬᠠᠮᠲᠤ ᠠᠪᠬᠤ ᠲᠡᠷᠡ ᠡᠳᠦᠷ ᠲᠦ᠂ 26 ᠶᠠᠭ ᠲᠡᠷᠡ ᠡᠳᠦᠷ ᠠᠮᠢ ᠮᠤᠯᠲᠤᠷᠠᠭᠰᠠᠨ ᠨᠢᠭᠡᠨ ᠨᠢ ᠴᠢᠮ᠎ᠠ ᠳᠤ ᠢᠷᠡᠵᠦ᠂ ᠴᠢᠬᠢᠨ ᠳᠤ ᠴᠢᠨᠢ ᠮᠡᠳᠡᠭᠡ ᠬᠦᠷᠭᠡᠨ᠎ᠡ᠃ 27 ᠶᠠᠭ ᠲᠡᠷᠡ ᠡᠳᠦᠷ ᠠᠮᠢ ᠮᠤᠯᠲᠤᠷᠠᠵᠤ ᠢᠷᠡᠭᠰᠡᠨ ᠲᠡᠷᠡ ᠬᠥᠮᠦᠨ ᠳᠦ ᠠᠮᠠ ᠴᠢᠨᠢ ᠨᠡᠭᠡᠭᠡᠭᠳᠡᠵᠦ᠂ ᠴᠢ ᠶᠠᠷᠢᠬᠤ ᠪᠥᠭᠡᠳ ᠳᠠᠭᠤ ᠦᠭᠡᠢ ᠪᠠᠢᠬᠤ ᠪᠠᠨ ᠪᠣᠯᠢᠨ᠎ᠠ᠃ ᠲᠡᠢᠨ ᠬᠦ ᠴᠢ ᠲᠡᠳᠡᠨ ᠦ ᠲᠡᠮᠳᠡᠭ ᠪᠣᠯᠵᠤ᠂ ᠲᠡᠳᠡ ᠨᠠᠮᠠᠶᠢ ᠶᠣᠬᠣᠸᠠ ᠭᠡᠳᠡᠭ ᠢ ᠮᠡᠳᠡᠬᠦ ᠪᠣᠯᠣᠨ᠎ᠠ〉 ᠭᠡᠰᠡᠨ》 ᠭᠡᠪᠡ᠃