1 2 3 4 5 6 7 8 9 10 11 12 13 14 15 16 17 18 19 20 21 22 23 24 25 26 27 28 29 30 31 32 33 34 35 36 37 38 39 40 41 42 43 44 45 46 47 48


ᠡᠽᠧᠺᠢᠶᠧᠯ ᠳᠥᠴᠢᠨ ᠳᠣᠯᠣᠭ᠎ᠠ
 ᠥᠷᠭᠥᠭᠡᠨ ᠡᠴᠡ ᠭᠠᠷᠬᠤ ᠤᠷᠤᠰᠬᠠᠯ

1 ᠲᠡᠷᠡ ᠬᠥᠮᠦᠨ ᠨᠠᠮᠠᠶᠢ ᠥᠷᠭᠥᠭᠡᠨ ᠦ ᠬᠠᠭᠠᠯᠭᠠᠨ ᠳᠤ ᠪᠤᠴᠠᠭᠠᠵᠤ ᠠᠪᠠᠴᠢᠪᠠ᠂ ᠬᠠᠷᠠ᠂ ᠵᠡᠭᠦᠨᠰᠢ ᠬᠠᠷᠠᠭᠰᠠᠨ ᠥᠷᠭᠥᠭᠡᠨ ᠦ ᠪᠣᠱᠣᠭᠠᠨ ᠳᠣᠣᠷ᠎ᠠ ᠠᠴᠠ ᠤᠰᠤ ᠭᠠᠷᠤᠨ ᠵᠡᠭᠦᠨᠰᠢ ᠤᠷᠤᠰᠴᠤ ᠪᠠᠢᠪᠠ᠃ ᠤᠰᠤ ᠨᠢ ᠥᠷᠭᠥᠭᠡᠨ ᠦ ᠡᠮᠦᠨ᠎ᠡ ᠵᠦᠭ᠂ ᠲᠠᠬᠢᠯ ᠤᠨ ᠰᠢᠷᠡᠭᠡᠨ ᠦ ᠡᠮᠦᠨ᠎ᠡ ᠲᠠᠯ᠎ᠠ ᠠᠴᠠ ᠳᠣᠷᠣᠭᠰᠢ ᠤᠷᠤᠰᠴᠤ ᠪᠠᠢᠪᠠ᠃ 2 ᠲᠡᠭᠡᠭᠡᠳ ᠲᠡᠷᠡ ᠨᠠᠮᠠᠶᠢ ᠬᠣᠢᠲᠤ ᠬᠠᠭᠠᠯᠭ᠎ᠠ ᠪᠠᠷ ᠭᠠᠳᠠᠭᠰᠢ ᠭᠠᠷᠭᠠᠨ᠂ ᠪᠤᠯᠤᠩ ᠢ ᠲᠣᠭᠣᠷᠢᠵᠤ ᠵᠡᠭᠦᠨᠰᠢ ᠬᠠᠷᠠᠭᠰᠠᠨ ᠭᠠᠳᠠᠨᠠᠬᠢ ᠬᠠᠭᠠᠯᠭᠠᠨ ᠳᠤ ᠠᠪᠴᠢᠷᠠᠪᠠ᠃ ᠬᠠᠷᠠ᠂ ᠡᠮᠦᠨ᠎ᠡ ᠲᠠᠯ᠎ᠠ ᠠᠴᠠ ᠤᠰᠤ ᠤᠷᠤᠰᠴᠤ ᠪᠠᠢᠪᠠ᠃

3 ᠲᠡᠷᠡ ᠬᠥᠮᠦᠨ ᠭᠠᠷ ᠲᠠᠭᠠᠨ ᠱᠤᠭᠤᠮ ᠪᠠᠷᠢᠵᠤ᠂ ᠵᠡᠭᠦᠨᠰᠢ ᠶᠠᠪᠤᠭᠰᠠᠨ ᠢᠶᠠᠨ ᠮᠢᠩ᠋ᠭᠠᠨ ᠲᠣᠬᠣᠢ ᠶᠢ ᠬᠡᠮᠵᠢᠵᠦ᠂ ᠨᠠᠮᠠᠶᠢ ᠤᠰᠤᠨ ᠳᠤᠮᠳᠠᠭᠤᠷ ᠥᠩᠭᠡᠷᠡᠭᠦᠯᠬᠦ ᠳᠦ᠂ ᠤᠰᠤ ᠱᠠᠭ᠎ᠠ ᠳᠤ ᠲᠤᠯᠵᠤ ᠪᠠᠢᠪᠠ᠃ 4 ᠲᠡᠷᠡ ᠳᠠᠬᠢᠨ ᠨᠢᠭᠡ ᠮᠢᠩ᠋ᠭ᠎ᠠ ᠶᠢ ᠬᠡᠮᠵᠢᠵᠦ᠂ ᠨᠠᠮᠠᠶᠢ ᠤᠰᠤᠨ ᠳᠤᠮᠳᠠᠭᠤᠷ ᠥᠩᠭᠡᠷᠡᠭᠦᠯᠬᠦ ᠳᠦ᠂ ᠤᠰᠤ ᠡᠪᠦᠳᠦᠭ ᠬᠦᠷᠴᠦ᠂ ᠳᠠᠬᠢᠨ ᠮᠢᠩ᠋ᠭ᠎ᠠ ᠶᠢ ᠬᠡᠮᠵᠢᠵᠦ᠂ ᠨᠠᠮᠠᠶᠢ ᠥᠩᠭᠡᠷᠡᠭᠦᠯᠬᠦ ᠳᠦ᠂ ᠤᠰᠤ ᠪᠦᠰᠡᠯᠡᠭᠦᠷ ᠲᠦ ᠬᠦᠷᠴᠡᠢ᠃ 5 ᠳᠠᠬᠢᠨ ᠮᠢᠩ᠋ᠭ᠎ᠠ ᠶᠢ ᠬᠡᠮᠵᠢᠬᠦ ᠳᠦᠨᠢ᠂ ᠮᠢᠨᠦ ᠭᠠᠲᠤᠯᠵᠤ ᠦᠯᠦ ᠴᠢᠳᠠᠬᠤ ᠭᠣᠣᠯ ᠪᠣᠯᠣᠭᠰᠠᠨ ᠪᠠᠢᠪᠠ᠃ ᠤᠰᠤ ᠨᠡᠮᠡᠭᠳᠡᠭᠰᠡᠨ ᠲᠤᠯᠠ ᠤᠮᠪᠠᠬᠤ ᠦᠭᠡᠢ ᠪᠠᠷ ᠭᠠᠲᠤᠯᠤᠰᠢ ᠦᠭᠡᠢ ᠭᠣᠣᠯ ᠪᠣᠯᠵᠠᠢ᠃ 6 ᠲᠡᠷᠡ ᠨᠠᠳᠠ ᠳᠤ᠄ 《ᠬᠥᠮᠦᠨ ᠦ ᠬᠦᠦ ᠡ᠂ ᠡᠭᠦᠨ ᠢ ᠬᠠᠷᠠᠪᠠ ᠤᠤ︖》 ᠭᠡᠳ ᠨᠠᠮᠠᠶᠢ ᠭᠣᠣᠯ ᠤᠨ ᠬᠥᠪᠡᠭᠡᠨ ᠳᠦ ᠪᠤᠴᠠᠭᠠᠨ ᠠᠪᠠᠴᠢᠪᠠ᠃ 7 ᠪᠢ ᠪᠤᠴᠠᠵᠤ ᠢᠷᠡᠭᠡᠳ ᠬᠠᠷᠠᠬᠤ ᠳᠤ᠂ ᠭᠣᠣᠯ ᠤᠨ ᠨᠠᠭᠠᠨ᠎ᠠ ᠲᠠᠯ᠎ᠠ ᠪᠠ ᠴᠠᠭᠠᠨ᠎ᠠ ᠲᠠᠯ᠎ᠠ ᠳᠤ ᠣᠯᠠᠨ ᠮᠣᠳᠣ ᠪᠠᠢᠪᠠ᠃ 8 ᠲᠡᠷᠡ ᠨᠠᠳᠠ ᠳᠤ ᠠᠢᠯᠠᠳᠤᠨ᠄ 《ᠡᠨᠡ ᠤᠰᠤ ᠳᠣᠷᠣᠨᠠᠲᠤ ᠨᠤᠲᠤᠭ ᠤᠷᠤᠭᠤ ᠤᠷᠤᠰᠴᠤ᠂ ᠬᠥᠨᠳᠡᠢ ᠤᠷᠤᠭᠤ ᠤᠷᠤᠭᠤᠳᠠᠨ ᠲᠠᠩᠭᠢᠰ ᠲᠤ ᠴᠢᠳᠬᠤᠨ ᠣᠷᠣᠨ᠎ᠠ᠃ ᠲᠡᠷᠡ ᠤᠷᠤᠰᠬᠠᠯ ᠲᠠᠩᠭᠢᠰ ᠲᠤ ᠴᠢᠳᠬᠤᠨ ᠣᠷᠣᠪᠠᠯ ᠲᠡᠨᠳᠡᠬᠢ ᠶᠢᠨ ᠤᠰᠤ ᠴᠡᠪᠡᠷᠰᠢᠨ᠎ᠡ 26 9 ᠡᠨᠡ ᠭᠣᠣᠯ ᠤᠨ ᠴᠢᠳᠬᠤᠨ ᠣᠷᠣᠭᠰᠠᠨ ᠭᠠᠵᠠᠷ ᠪᠦᠷᠢ ᠶᠢᠨ ᠬᠢᠨᠢ ᠬᠥᠳᠡᠯᠳᠡᠭ ᠠᠮᠢᠲᠠᠨ ᠪᠦᠷᠢ ᠠᠮᠢᠳᠤᠷᠠᠬᠤ ᠪᠣᠯᠣᠨ᠎ᠠ᠂ ᠡᠨᠡ ᠤᠰᠤ ᠴᠢᠳᠬᠤᠭᠰᠠᠨ ᠭᠠᠵᠠᠷ ᠪᠦᠷᠢ ᠶᠢᠨ ᠢᠶᠠᠨ ᠤᠰᠤ ᠶᠢ ᠴᠡᠪᠡᠷᠰᠢᠭᠦᠯᠳᠡᠭ᠌ ᠤᠴᠢᠷ ᠠᠴᠠ ᠲᠡᠨᠳᠡ ᠨᠢ ᠦᠢ ᠣᠯᠠᠨ ᠵᠢᠭᠠᠰᠤ ᠪᠠᠢᠬᠤ ᠪᠣᠯᠣᠨ᠎ᠠ᠃ ᠡᠢᠨ ᠬᠦ ᠭᠣᠣᠯ ᠴᠢᠳᠬᠤᠨ ᠣᠷᠣᠭᠰᠠᠨ ᠭᠠᠵᠠᠷ ᠤᠨ ᠬᠠᠮᠤᠭ ᠶᠠᠭᠤᠮ᠎ᠠ ᠠᠮᠢᠳᠤᠷᠠᠬᠤ ᠪᠣᠯᠣᠨ᠎ᠠ᠃ 10 ᠵᠢᠭᠠᠰᠤᠴᠢᠳ ᠬᠥᠪᠡᠭᠡᠨ ᠳᠦᠨᠢ ᠵᠣᠭᠰᠣᠨ᠎ᠠ᠂ ᠧᠨ ᠭᠧᠳᠢ ᠡᠴᠡ ᠧᠨ ᠡᠭᠯᠠᠢᠮ 27 ᠬᠦᠷᠲᠡᠯᠡᠬᠢ ᠨᠢ ᠲᠣᠣᠷ ᠲᠠᠯᠪᠢᠬᠤ ᠭᠠᠵᠠᠷ ᠤᠳ ᠪᠠᠢᠬᠤ ᠪᠣᠯᠣᠨ᠎ᠠ᠃ ᠲᠡᠨᠳᠡᠬᠢ ᠶᠢᠨ ᠵᠢᠭᠠᠰᠤ ᠨᠢ ᠲᠥᠷᠥᠯ ᠵᠦᠢᠯ ᠢᠶᠠᠷ ᠢᠶᠠᠨ ᠶᠡᠬᠡ ᠲᠠᠩᠭᠢᠰ ᠤᠨ ᠵᠢᠭᠠᠰᠤ ᠠᠳᠠᠯᠢ ᠦᠯᠡᠮᠵᠢ ᠣᠯᠠᠨ ᠪᠣᠯᠣᠨ᠎ᠠ᠃ 11 ᠨᠠᠮᠤᠭ ᠪᠣᠯᠣᠨ ᠪᠠᠯᠴᠢᠭ ᠭᠠᠵᠠᠷ ᠤᠳ ᠴᠡᠪᠡᠷᠰᠢᠬᠦ ᠦᠭᠡᠢ᠂ ᠳᠠᠪᠤᠰᠤ ᠲᠠᠢ ᠪᠠᠢᠭᠰᠠᠭᠠᠷ ᠪᠠᠢᠬᠤ ᠪᠣᠯᠣᠨ᠎ᠠ᠃ 12 ᠭᠣᠣᠯ ᠤᠨ ᠬᠣᠶᠠᠷ ᠬᠥᠪᠡᠭᠡᠨ ᠳᠡᠭᠡᠷ᠎ᠡ᠂ ᠬᠣᠭᠣᠯᠠ ᠬᠦᠨᠡᠰᠦ ᠪᠣᠯᠣᠮᠠᠷ ᠲᠥᠷᠥᠯ ᠪᠦᠷᠢ ᠶᠢᠨ ᠮᠣᠳᠣ ᠤᠷᠭᠤᠨ᠎ᠠ᠃ ᠨᠠᠪᠴᠢᠰ ᠨᠢ ᠬᠠᠲᠠᠬᠤ ᠦᠭᠡᠢ᠂ ᠵᠢᠮᠢᠰ ᠨᠢ ᠳᠠᠭᠤᠰᠬᠤ ᠦᠭᠡᠢ᠂ ᠰᠠᠷ᠎ᠠ ᠪᠦᠷᠢ ᠵᠢᠮᠢᠰ ᠭᠠᠷᠭᠠᠨ᠎ᠠ᠃ ᠤᠰᠤ ᠠᠷᠢᠭᠤᠨ ᠭᠠᠵᠠᠷ ᠠᠴᠠ ᠤᠷᠤᠰᠴᠤ ᠢᠷᠡᠨ᠎ᠡ᠂ ᠲᠡᠢᠮᠦ ᠡᠴᠡ ᠲᠡᠳᠡᠭᠡᠷ ᠦᠨ ᠵᠢᠮᠢᠰ ᠢ ᠨᠢ ᠬᠦᠨᠡᠰᠦᠨ ᠳᠦ᠂ ᠨᠠᠪᠴᠢ ᠶᠢ ᠨᠢ ᠡᠳᠡᠭᠡᠷᠡᠯ ᠳᠦ ᠬᠡᠷᠡᠭᠯᠡᠨ᠎ᠡ》 ᠭᠡᠪᠡ᠃
 ᠭᠠᠵᠠᠷ ᠤᠨ ᠬᠢᠯᠢ ᠬᠢᠵᠠᠭᠠᠷ ᠤᠳ

13 ᠡᠵᠡᠨ ᠶᠣᠬᠣᠸᠠ ᠠᠢᠯᠠᠳᠴᠤ ᠪᠠᠢᠨ᠎ᠠ᠄ 《ᠢᠰᠷᠧᠯ ᠤᠨ ᠠᠷᠪᠠᠨ ᠬᠣᠶᠠᠷ ᠣᠪᠣᠭ ᠲᠤ ᠥᠪ ᠪᠣᠯᠭᠠᠨ ᠬᠤᠪᠢᠶᠠᠵᠤ ᠥᠭᠬᠦ ᠨᠤᠲᠤᠭ ᠤᠨ ᠬᠢᠯᠢ ᠬᠢᠵᠠᠭᠠᠷ ᠡᠢᠮᠦ ᠶᠤᠮ᠄ ᠶᠣᠰᠧᠹ ᠬᠣᠶᠠᠷ ᠬᠤᠪᠢ ᠶᠢ ᠠᠪᠬᠤ ᠶᠣᠰᠣᠲᠠᠢ᠃ 14 ᠲᠠ ᠨᠠᠷ ᠡᠭᠦᠨ ᠢ ᠥᠪ ᠪᠣᠯᠭᠠᠨ ᠨᠢᠭᠡ ᠬᠤᠪᠢ ᠶᠢ ᠨᠢ ᠨᠥᠭᠥᠭᠡ ᠲᠠᠢ ᠨᠢ ᠲᠡᠩᠴᠡᠭᠦᠦ ᠪᠠᠢᠯᠭᠠᠬᠤ ᠶᠣᠰᠣᠲᠠᠢ᠃ ᠪᠢ ᠡᠴᠢᠭᠡ ᠡᠪᠦᠭᠡᠳ ᠲᠦ ᠴᠢᠨᠢ ᠥᠭᠬᠦ ᠪᠡᠷ ᠲᠠᠩ᠋ᠭᠠᠷᠢᠭᠯᠠᠭᠰᠠᠨ ᠤᠴᠢᠷ ᠠᠴᠠ ᠡᠨᠡ ᠭᠠᠵᠠᠷ ᠥᠪ ᠪᠣᠯᠵᠤ᠂ ᠲᠠ ᠨᠠᠷ ᠤᠨ ᠭᠠᠷ ᠲᠤ ᠣᠷᠣᠨ᠎ᠠ᠃

15 ᠡᠨᠡ ᠭᠠᠵᠠᠷ ᠤᠨ ᠬᠢᠯᠢ ᠭᠡᠪᠡᠯ᠂ ᠬᠣᠢᠲᠤ ᠬᠢᠯᠢ ᠨᠢ ᠶᠡᠬᠡ ᠲᠠᠩᠭᠢᠰ ᠠᠴᠠ ᠾᠧᠲ᠋ᠯᠣᠨ ᠤ ᠵᠠᠮ ᠢᠶᠠᠷ ᠽᠧᠳᠠᠳ᠋ ᠢᠶᠠᠷ ᠳᠠᠭᠠᠷᠢᠨ᠂ 16 ᠳ᠋ᠠᠮᠠᠰᠺᠦ᠋ᠰ ᠪᠣᠯᠣᠨ ᠬᠠᠮᠠᠲ ᠤᠨ ᠬᠢᠯᠢ ᠶᠢᠨ ᠬᠣᠭᠣᠷᠣᠨᠳᠣ ᠪᠤᠢ ᠪᠧᠷᠣᠲ᠋ᠠ ᠪᠠ ᠰᠢᠪᠷᠠᠢᠮ ᠢᠶᠠᠷ ᠥᠩᠭᠡᠷᠡᠨ᠂ ᠬᠠᠶᠦ᠋ᠷᠠᠨ ᠤ ᠬᠢᠯᠢ ᠳᠡᠭᠡᠷᠡᠬᠢ ᠬᠠᠽᠧᠷ ᠬᠠᠲ᠋ᠢᠺᠣᠨ ᠳᠤ ᠬᠦᠷᠦᠨ᠎ᠡ᠂ 17 ᠥᠭᠡᠷ᠎ᠡ ᠪᠡᠷ ᠬᠡᠯᠡᠪᠡᠯ᠂ ᠶᠡᠬᠡ ᠲᠠᠩᠭᠢᠰ ᠠᠴᠠ ᠳ᠋ᠠᠮᠠᠰᠺᠦ᠋ᠰ ᠤᠨ ᠬᠢᠯᠢ ᠳᠠᠬᠢ ᠬᠠᠽᠠᠷ ᠧᠨᠠᠨ ᠬᠦᠷᠲᠡᠯᠡᠬᠢ ᠬᠢᠯᠢ ᠨᠢ ᠬᠣᠢᠲᠤ ᠬᠢᠵᠠᠭᠠᠷ ᠪᠣᠯᠣᠨ᠎ᠠ᠃

18 ᠵᠡᠭᠦᠨ ᠬᠢᠯᠢ ᠨᠢ ᠬᠠᠶᠦ᠋ᠷᠠᠨ ᠪᠣᠯᠣᠨ ᠳ᠋ᠠᠮᠠᠰᠺᠦ᠋ᠰ ᠤᠨ ᠬᠣᠭᠣᠷᠣᠨᠳᠣ ᠠᠴᠠ ᠡᠬᠢᠯᠡᠨ ᠭᠢᠯᠧᠶᠠᠳ᠋ ᠪᠠ ᠢᠰᠷᠧᠯ ᠤᠨ ᠬᠢᠯᠢ ᠪᠣᠯᠬᠤ ᠶᠣᠷᠳᠠᠨ ᠢᠶᠠᠷ ᠥᠩᠭᠡᠷᠡᠨ᠂ ᠰᠥᠨᠥᠭᠰᠡᠨ ᠲᠠᠩᠭᠢᠰ ᠤᠨ ᠵᠡᠭᠦᠨ ᠲᠠᠯ᠎ᠠ ᠠᠴᠠ ᠴᠠᠰᠢ ᠪᠠᠨ ᠲᠠᠮᠠᠷ ᠲᠤ ᠬᠦᠷᠦᠨ᠎ᠡ᠃ ᠡᠨᠡ ᠪᠣᠯ ᠵᠡᠭᠦᠨ ᠬᠢᠵᠠᠭᠠᠷ ᠶᠤᠮ᠃

19 ᠡᠮᠦᠨᠡᠲᠦ ᠬᠢᠯᠢ ᠨᠢ ᠲᠠᠮᠠᠷ ᠠᠴᠠ ᠡᠬᠢᠯᠡᠨ ᠮᠧᠷᠢᠪ ᠺᠠᠳᠧᠱ ᠤᠨ ᠪᠤᠯᠠᠭ᠂ ᠶᠧᠵᠢᠫᠲ ᠤᠨ ᠭᠣᠷᠣᠬ᠎ᠠ ᠪᠠᠷ ᠥᠩᠭᠡᠷᠡᠨ ᠶᠡᠬᠡ ᠲᠠᠩᠭᠢᠰ ᠲᠤ ᠬᠦᠷᠬᠦ ᠶᠣᠰᠣᠲᠠᠢ᠃ ᠡᠨᠡ ᠨᠢ ᠡᠮᠦᠨᠡᠲᠦ ᠬᠢᠵᠠᠭᠠᠷ ᠶᠤᠮ᠃

20 ᠪᠠᠷᠠᠭᠤᠨ ᠬᠢᠯᠢ ᠨᠢ ᠶᠡᠬᠡ ᠲᠠᠩᠭᠢᠰ ᠪᠥᠭᠡᠳ ᠡᠮᠦᠨᠡᠲᠦ ᠬᠢᠯᠢ ᠡᠴᠡ ᠯᠧᠪᠣᠬᠠᠮᠠᠲ ᠤᠨ ᠬᠠᠷᠠᠯᠳᠤᠭ᠎ᠠ ᠬᠦᠷᠦᠨ᠎ᠡ᠃ ᠡᠨᠡ ᠪᠣᠯ ᠪᠠᠷᠠᠭᠤᠨ ᠬᠢᠵᠠᠭᠠᠷ ᠶᠤᠮ᠃

21 ᠡᠨᠡ ᠭᠠᠵᠠᠷ ᠢ ᠲᠠ ᠨᠠᠷ ᠢᠰᠷᠧᠯ ᠤᠨ ᠣᠪᠣᠭ ᠤᠳ ᠤᠨ ᠳᠠᠭᠠᠤ ᠥᠪᠡᠷᠰᠡᠳ ᠦᠨ ᠢᠶᠠᠨ ᠳᠤᠮᠳᠠ ᠬᠤᠪᠢᠶᠠᠭᠲᠤᠨ᠃ 22 ᠲᠠ ᠨᠠᠷ ᠡᠭᠦᠨ ᠢ ᠥᠪᠡᠷᠰᠡᠳ ᠲᠡᠭᠡᠨ᠂ ᠮᠥᠨ ᠲᠠ ᠨᠠᠷ ᠤᠨ ᠳᠤᠮᠳᠠ ᠦᠷ᠎ᠡ ᠬᠡᠦᠬᠡᠳ ᠲᠥᠷᠥᠭᠦᠯᠵᠦ ᠠᠮᠢᠳᠤᠷᠠᠵᠤ ᠪᠠᠢᠭ᠎ᠠ ᠬᠠᠷᠢ ᠶᠢᠨ ᠬᠢᠨ ᠳᠤ ᠥᠪ ᠪᠣᠯᠭᠠᠨ᠂ ᠰᠢᠪᠠᠭ᠎ᠠ ᠣᠷᠬᠢᠵᠤ ᠬᠤᠪᠢᠶᠠᠬᠤ ᠶᠣᠰᠣᠲᠠᠢ᠃ ᠲᠠ ᠨᠠᠷ ᠲᠡᠳᠡᠨ ᠢ ᠤᠤᠭᠠᠯ ᠢᠰᠷᠧᠯᠴᠦᠳ ᠲᠡᠢ ᠠᠳᠠᠯᠢᠬᠠᠨ ᠳᠤ ᠲᠣᠭᠠᠴᠠ᠃ ᠲᠡᠳᠡ ᠴᠤ ᠢᠰᠷᠧᠯ ᠤᠨ ᠣᠪᠣᠭ ᠤᠳ ᠤᠨ ᠳᠤᠮᠳᠠ ᠲᠠ ᠨᠠᠷ ᠲᠠᠢ ᠬᠠᠮᠲᠤ ᠰᠢᠪᠠᠭ᠎ᠠ ᠪᠠᠷ ᠥᠪ ᠣᠯᠣᠨ᠎ᠠ᠃ 23 ᠬᠠᠷᠢ ᠬᠥᠮᠦᠨ ᠠᠯᠢ ᠣᠪᠣᠭ ᠤᠨ ᠳᠤᠮᠳᠠ ᠰᠠᠭᠤᠭᠰᠠᠨ ᠴᠤ ᠲᠠ ᠨᠠᠷ ᠲᠡᠭᠦᠨ ᠳᠦ ᠥᠪ ᠢ ᠨᠢ ᠥᠭᠬᠦ ᠶᠣᠰᠣᠲᠠᠢ᠃ ᠡᠵᠡᠨ ᠶᠣᠬᠣᠸᠠ ᠠᠢᠯᠠᠳᠴᠤ ᠪᠠᠢᠨ᠎ᠠ᠃