ᠡᠽᠧᠺᠢᠶᠧᠯ ᠠᠷᠪᠠᠨ ᠬᠣᠶᠠᠷ
ᠴᠥᠯᠡᠭᠳᠡᠬᠦ ᠲᠤᠬᠠᠢ ᠳᠦᠷᠰᠦᠯᠡᠯ
1 ᠶᠣᠬᠣᠸᠠ ᠶᠢᠨ ᠦᠭᠡ ᠨᠠᠳᠠ ᠳᠤ ᠢᠷᠡᠵᠦ᠄ 2 《ᠬᠥᠮᠦᠨ ᠦ ᠬᠦᠦ ᠡ᠂ ᠴᠢ ᠲᠡᠷᠰᠯᠡᠭᠦᠦ ᠭᠡᠷ ᠦᠨ ᠬᠢᠨ ᠤ ᠳᠤᠮᠳᠠ ᠠᠮᠢᠳᠤᠷᠠᠵᠤ ᠪᠠᠢᠨ᠎ᠠ᠃ ᠲᠡᠳᠡ ᠪᠣᠯ ᠲᠡᠷᠰᠯᠡᠭᠦᠦ ᠭᠡᠷ ᠦᠨ ᠬᠢᠨ ᠤᠴᠢᠷ ᠠᠴᠠ ᠬᠠᠷᠠᠬᠤ ᠨᠢᠳᠦ ᠲᠠᠢ ᠪᠣᠯᠪᠠᠴᠤ ᠬᠠᠷᠠᠬᠤ ᠦᠭᠡᠢ᠂ ᠰᠣᠨᠣᠰᠬᠤ ᠴᠢᠬᠢ ᠲᠠᠢ ᠪᠣᠯᠪᠠᠴᠤ ᠰᠣᠨᠣᠰᠬᠤ ᠦᠭᠡᠢ᠃ 3 ᠲᠡᠢᠮᠦ ᠡᠴᠡ ᠬᠥᠮᠦᠨ ᠦ ᠬᠦᠦ ᠴᠢ ᠥᠪᠡᠷ ᠢᠶᠡᠨ ᠴᠥᠯᠡᠭᠳᠡᠬᠦ ᠬᠥᠮᠦᠨ ᠮᠡᠲᠦ ᠠᠴᠢᠶ᠎ᠠ ᠪᠡᠯᠡᠳᠴᠦ᠂ ᠲᠡᠳᠡᠨ ᠦ ᠨᠢᠳᠦᠨ ᠡᠮᠦᠨ᠎ᠡ ᠡᠳᠦᠷ ᠢᠶᠡᠷ ᠴᠥᠯᠡᠯᠭᠡ ᠳᠦ ᠶᠠᠪᠤ᠃ ᠴᠢ ᠲᠡᠳᠡᠨ ᠦ ᠨᠢᠳᠦᠨ ᠡᠮᠦᠨ᠎ᠡ ᠥᠪᠡᠷ ᠦᠨ ᠢᠶᠠᠨ ᠭᠠᠵᠠᠷ ᠠᠴᠠ ᠥᠭᠡᠷ᠎ᠡ ᠭᠠᠵᠠᠷ ᠤᠷᠤᠭᠤ ᠴᠥᠯᠡᠭᠳᠡᠭᠰᠡᠨ ᠬᠥᠮᠦᠨ ᠮᠡᠲᠦ ᠶᠠᠪᠤ᠃ ᠲᠡᠳᠡ ᠲᠡᠷᠰᠯᠡᠭᠦᠦ ᠭᠡᠷ ᠦᠨ ᠬᠢᠨ ᠪᠣᠯᠪᠠᠴᠤ ᠣᠢᠯᠠᠭᠠᠵᠤ ᠮᠠᠭᠠᠳ ᠦᠭᠡᠢ᠃ 4 ᠴᠢ ᠡᠳᠦᠷ ᠢᠶᠡᠷ ᠲᠡᠳᠡᠨ ᠦ ᠨᠢᠳᠦᠨ ᠡᠮᠦᠨ᠎ᠡ ᠠᠴᠢᠶ᠎ᠠ ᠪᠠᠨ ᠴᠥᠯᠡᠯᠭᠡ ᠶᠢᠨ ᠠᠴᠢᠶ᠎ᠠ ᠮᠡᠲᠦ ᠭᠠᠷᠭᠠᠵᠤ᠂ ᠦᠳᠡᠰᠢ ᠪᠠᠷ ᠲᠡᠳᠡᠨ ᠦ ᠨᠢᠳᠦᠨ ᠡᠮᠦᠨ᠎ᠡ ᠥᠪᠡᠷ ᠢᠶᠡᠨ ᠴᠥᠯᠡᠯᠭᠡ ᠳᠦ ᠶᠠᠪᠤᠭ᠎ᠠ ᠬᠥᠮᠦᠨ ᠮᠡᠲᠦ ᠭᠠᠷᠴᠤ ᠶᠠᠪᠤ᠃ 5 ᠴᠢ ᠲᠡᠳᠡᠨ ᠦ ᠨᠢᠳᠦᠨ ᠡᠮᠦᠨ᠎ᠡ ᠬᠠᠨ᠎ᠠ ᠶᠢ ᠨᠦᠬᠡᠯᠡᠨ᠂ ᠲᠡᠷᠡᠭᠦᠷ ᠠᠴᠢᠶ᠎ᠠ ᠪᠠᠨ ᠭᠠᠷᠭ᠎ᠠ᠃ 6 ᠲᠡᠳᠡᠨ ᠦ ᠨᠢᠳᠦᠨ ᠡᠮᠦᠨ᠎ᠡ ᠠᠴᠢᠶ᠎ᠠ ᠪᠠᠨ ᠮᠥᠷᠥᠨ ᠳᠡᠭᠡᠨ ᠡᠭᠦᠷᠴᠦ᠂ ᠬᠠᠷᠠᠩ᠋ᠭᠤᠢ ᠳᠤ ᠠᠪᠴᠤ ᠶᠠᠪᠤ᠃ ᠪᠢ ᠴᠢᠮᠠᠶᠢ ᠢᠰᠷᠧᠯ ᠤᠨ ᠭᠡᠷ ᠲᠦ ᠵᠣᠷᠢᠭᠤᠯᠤᠭᠰᠠᠨ ᠲᠡᠮᠳᠡᠭ ᠪᠣᠯᠭᠠᠭᠰᠠᠨ᠂ ᠴᠢ ᠨᠢᠭᠤᠷ ᠢᠶᠠᠨ ᠪᠦᠲᠡᠭᠡᠨ ᠭᠠᠵᠠᠷ ᠢ ᠪᠦᠦ ᠬᠠᠷ᠎ᠠ》 ᠭᠡᠪᠡ᠃
7 ᠪᠢ ᠲᠤᠰᠢᠶᠠᠭᠰᠠᠨ ᠶᠣᠰᠣᠭᠠᠷ ᠨᠢ ᠭᠦᠢᠴᠡᠳᠬᠡᠪᠡ᠃ ᠪᠢ ᠡᠳᠦᠷ ᠢᠶᠡᠷ ᠠᠴᠢᠶ᠎ᠠ ᠪᠠᠨ ᠴᠥᠯᠡᠯᠭᠡ ᠶᠢᠨ ᠠᠴᠢᠶ᠎ᠠ ᠮᠡᠲᠦ ᠭᠠᠷᠭᠠᠵᠤ᠂ ᠦᠳᠡᠰᠢ ᠨᠢ ᠭᠠᠷ ᠢᠶᠠᠷ ᠢᠶᠠᠨ ᠬᠠᠨ᠎ᠠ ᠶᠢ ᠨᠦᠬᠡᠯᠡᠵᠦ᠂ ᠬᠠᠷᠠᠩ᠋ᠭᠤᠢ ᠳᠤ ᠲᠡᠳᠡᠨ ᠦ ᠨᠢᠳᠦᠨ ᠡᠮᠦᠨ᠎ᠡ ᠠᠴᠢᠶ᠎ᠠ ᠪᠠᠨ ᠮᠥᠷᠥᠨ ᠳᠡᠭᠡᠷ᠎ᠡ ᠪᠡᠨ ᠡᠭᠦᠷᠦᠨ ᠭᠠᠷᠴᠤ ᠶᠠᠪᠤᠯ᠎ᠠ᠃
8 ᠥᠷᠯᠥᠭᠡ ᠨᠢ ᠶᠣᠬᠣᠸᠠ ᠶᠢᠨ ᠦᠭᠡ ᠨᠠᠳᠠ ᠳᠤ ᠢᠷᠡᠵᠦ᠄ 9 《ᠬᠥᠮᠦᠨ ᠦ ᠬᠦᠦ ᠡ᠂ ᠲᠡᠷᠰᠯᠡᠭᠦᠦ ᠢᠰᠷᠧᠯ ᠤᠨ ᠭᠡᠷ ᠴᠢᠮ᠎ᠠ ᠳᠤ᠄ 〈ᠴᠢ ᠶᠠᠭᠤ ᠦᠢᠯᠡᠳᠴᠦ ᠪᠠᠢᠨ᠎ᠠ ᠪᠤᠢ︖〉 ᠭᠡᠵᠦ ᠬᠡᠯᠡᠭᠡ ᠦᠭᠡᠢ ᠤᠤ︖ 10 ᠴᠢ ᠲᠡᠳᠡᠨ ᠳᠦ᠄ 〈ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠂ ᠡᠨᠡ ᠨᠢ ᠶᠧᠷᠦ᠋ᠰᠠᠯᠧᠮ ᠤᠨ ᠲᠡᠷᠢᠭᠦᠨ ᠬᠢᠭᠡᠳ ᠲᠡᠨᠳᠡ ᠪᠠᠢᠭ᠎ᠠ ᠢᠰᠷᠧᠯ ᠤᠨ ᠪᠦᠬᠦ ᠭᠡᠷ ᠦᠨ ᠬᠢᠨ ᠤ ᠲᠤᠬᠠᠢ ᠵᠥᠩ ᠶᠤᠮ〉 ᠭᠡᠵᠦ ᠬᠡᠯᠡ᠃ 11 ᠪᠠᠰᠠ᠄ 〈ᠪᠢ ᠲᠠ ᠨᠠᠷ ᠲᠤ ᠲᠡᠮᠳᠡᠭ ᠪᠣᠯᠣᠨ᠎ᠠ᠂ ᠮᠢᠨᠦ ᠦᠢᠯᠡᠳᠦᠭᠰᠡᠨ ᠶᠣᠰᠣᠭᠠᠷ ᠲᠠ ᠨᠠᠷ ᠲᠤ ᠦᠢᠯᠡᠳᠦᠭᠳᠡᠬᠦ ᠪᠣᠯᠣᠨ᠎ᠠ᠃ ᠲᠠ ᠨᠠᠷ ᠣᠯᠵᠠᠯᠠᠭᠳᠠᠭᠠᠳ ᠴᠥᠯᠡᠯᠭᠡ ᠳᠦ ᠶᠠᠪᠤᠨ᠎ᠠ᠂ 12 ᠲᠠ ᠨᠠᠷ ᠤᠨ ᠳᠤᠮᠳᠠᠬᠢ ᠤᠳᠤᠷᠢᠳᠤᠭᠴᠢ ᠨᠢ ᠬᠠᠷᠠᠩ᠋ᠭᠤᠢ ᠳᠤ ᠠᠴᠢᠶ᠎ᠠ ᠪᠠᠨ ᠮᠥᠷᠥᠨ ᠳᠡᠭᠡᠨ ᠡᠭᠦᠷᠦᠨ ᠭᠠᠷᠴᠤ ᠶᠠᠪᠤᠨ᠎ᠠ᠃ ᠬᠥᠮᠦᠰ ᠠᠴᠢᠶ᠎ᠡ ᠪᠡᠨ ᠭᠠᠷᠭᠠᠬᠤ ᠶᠢᠨ ᠲᠤᠯᠠᠳᠠ ᠬᠠᠨ᠎ᠠ ᠶᠢ ᠨᠦᠬᠡᠯᠡᠨᠡ᠃ ᠤᠳᠤᠷᠢᠳᠤᠭᠴᠢ ᠨᠢ ᠨᠢᠭᠤᠷ ᠢᠶᠠᠨ ᠪᠦᠲᠡᠭᠡᠬᠦ ᠪᠥᠭᠡᠳ ᠨᠢᠳᠦ ᠨᠢ ᠭᠠᠵᠠᠷ ᠢ ᠳᠠᠬᠢᠵᠤ ᠬᠠᠷᠠᠬᠤ ᠦᠭᠡᠢ ᠪᠣᠯᠣᠨ᠎ᠠ᠃ 13 ᠪᠢ ᠲᠡᠭᠦᠨ ᠦ ᠳᠡᠭᠡᠷ᠎ᠡ ᠲᠣᠣᠷ ᠢᠶᠠᠨ ᠬᠠᠶᠠᠵᠤ᠂ ᠲᠡᠷᠡ ᠮᠢᠨᠦ ᠤᠷᠠᠬᠠᠨ ᠳᠤ ᠣᠷᠣᠨ᠎ᠠ᠃ ᠪᠢ ᠲᠡᠭᠦᠨ ᠢ ᠺᠠᠯᠳᠧᠶᠠᠴᠤᠳ ᠤᠨ ᠨᠤᠲᠤᠭ᠂ ᠪᠠᠪᠢᠯᠣᠨ ᠳᠤ ᠠᠪᠠᠴᠢᠨ᠎ᠠ᠃ ᠬᠠᠷᠢᠨ ᠲᠡᠷᠡ ᠪᠡᠷ ᠲᠡᠷᠡ ᠭᠠᠵᠠᠷ ᠢ ᠦᠵᠡᠬᠦ ᠦᠭᠡᠢ ᠪᠠᠷ ᠲᠡᠨᠳᠡ ᠦᠬᠦᠨ᠎ᠡ᠃ 14 ᠪᠢ ᠲᠡᠭᠦᠨ ᠦ ᠲᠣᠭᠣᠷᠢᠨ ᠳᠠᠬᠢ ᠲᠤᠰᠠᠯᠠᠭᠴᠢᠳ ᠪᠠ ᠴᠡᠷᠢᠭ ᠤᠳ ᠢ ᠪᠦᠭᠦᠳᠡ ᠶᠢ ᠵᠦᠭ ᠪᠦᠷᠢ ᠳᠤ ᠲᠠᠷᠬᠠᠭᠠᠬᠤ ᠪᠥᠭᠡᠳ ᠠᠷᠤ ᠠᠴᠠ ᠨᠢ ᠢᠯᠳᠦ ᠰᠤᠭᠤᠯᠬᠤ ᠪᠣᠯᠣᠨ᠎ᠠ᠃ 15 ᠲᠡᠢᠨ ᠬᠦ ᠪᠢ ᠲᠡᠳᠡᠨ ᠢ ᠦᠨᠳᠦᠰᠦᠲᠡᠨ ᠨᠦᠭᠦᠳ ᠦᠨ ᠳᠤᠮᠳᠠ ᠲᠠᠷᠬᠠᠭᠠᠵᠤ᠂ ᠭᠦᠷᠦᠨ ᠨᠦᠭᠦᠳ ᠦᠨ ᠳᠤᠮᠳᠠ ᠪᠤᠲᠠᠷᠠᠭᠠᠬᠤ ᠦᠶ᠎ᠡ ᠳᠦ᠂ ᠲᠡᠳᠡ ᠨᠠᠮᠠᠶᠢ ᠶᠣᠬᠣᠸᠠ ᠭᠡᠳᠡᠭ ᠢ ᠮᠡᠳᠡᠬᠦ ᠪᠣᠯᠣᠨ᠎ᠠ᠃ 16 ᠬᠠᠷᠢᠨ ᠪᠢ ᠵᠠᠷᠢᠮ ᠢ ᠨᠢ ᠦᠯᠡᠳᠡᠭᠡᠨ᠎ᠡ᠂ ᠲᠡᠳᠡ ᠢᠯᠳᠦ᠂ ᠥᠯᠥᠰᠬᠥᠯᠡᠩ ᠪᠣᠯᠣᠨ ᠲᠠᠬᠤᠯ ᠠᠴᠠ ᠮᠤᠯᠲᠤᠷᠠᠵᠤ᠂ ᠬᠠᠷᠢᠴᠤᠳ ᠤᠨ ᠳᠤᠮᠳᠠ ᠣᠴᠢᠭᠠᠳ ᠬᠢᠭᠰᠡᠨ ᠪᠦᠬᠦ ᠵᠢᠭᠰᠢᠭᠦᠷᠢᠲᠦ ᠵᠦᠢᠯ ᠢᠶᠠᠨ ᠥᠴᠢᠬᠦ ᠪᠣᠯᠣᠨ᠎ᠠ᠃ ᠲᠡᠢᠨ ᠬᠦ ᠲᠡᠳᠡ ᠨᠠᠮᠠᠶᠢ ᠶᠣᠬᠣᠸᠠ ᠭᠡᠳᠡᠭ ᠢ ᠮᠡᠳᠡᠬᠦ ᠶᠤᠮ》 ᠭᠡᠪᠡ᠃
17 ᠶᠣᠬᠣᠸᠠ ᠶᠢᠨ ᠦᠭᠡ ᠨᠠᠳᠠ ᠳᠤ ᠢᠷᠡᠵᠦ᠄ 18 《ᠬᠥᠮᠦᠨ ᠦ ᠬᠦᠦ ᠡ᠂ ᠴᠢ ᠴᠡᠴᠡᠷᠡᠨ ᠪᠠᠢᠵᠤ ᠬᠣᠭᠣᠯᠠ ᠪᠠᠨ ᠢᠳᠡᠨ᠂ ᠳᠠᠭᠵᠢᠨ ᠲᠦᠭᠰᠢᠵᠦ ᠤᠰᠤ ᠪᠠᠨ ᠤᠤᠭᠤ᠃ 19 ᠲᠡᠭᠡᠭᠡᠳ ᠨᠤᠲᠤᠭ ᠤᠨ ᠠᠷᠠᠳ ᠲᠦᠮᠡᠨ ᠳᠦ᠄ 〈ᠶᠧᠷᠦ᠋ᠰᠠᠯᠧᠮ ᠪᠣᠯᠣᠨ ᠢᠰᠷᠧᠯ ᠨᠤᠲᠤᠭ ᠤᠨ ᠰᠠᠭᠤᠭᠠᠯᠢᠴᠢᠳ ᠤᠨ ᠲᠤᠬᠠᠢ ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠂ ᠲᠡᠳᠡ ᠲᠦᠭᠰᠢᠭᠦᠷᠢ ᠲᠠᠢ ᠪᠠᠷ ᠬᠣᠭᠣᠯᠠ ᠪᠠᠨ ᠢᠳᠡᠵᠦ᠂ ᠠᠢᠳᠠᠰ ᠲᠠᠢ ᠪᠠᠷ ᠤᠰᠤ ᠪᠠᠨ ᠤᠤᠭᠤᠬᠤ ᠪᠣᠯᠣᠨ᠎ᠠ᠃ ᠤᠴᠢᠷ ᠨᠢ ᠲᠡᠳᠡᠨ ᠦ ᠨᠤᠲᠤᠭ ᠰᠠᠭᠤᠭᠠᠯᠢᠴᠢᠳ ᠪᠦᠭᠦᠳᠡ ᠶᠢᠨ ᠢᠶᠠᠨ ᠬᠦᠴᠦᠷᠬᠡᠭᠯᠡᠯ ᠡᠴᠡ ᠪᠣᠯᠵᠤ᠂ ᠠᠭᠤᠯᠳᠠᠭ ᠪᠦᠬᠦᠨ ᠢᠶᠡᠨ ᠠᠯᠳᠠᠨ᠎ᠠ᠃ 20 ᠬᠥᠮᠦᠨ ᠰᠠᠭᠤᠳᠠᠭ ᠬᠣᠲᠠ ᠨᠤᠭᠤᠳ ᠪᠠᠯᠭᠠᠰᠤ ᠪᠣᠯᠵᠤ᠂ ᠨᠤᠲᠤᠭ ᠨᠢ ᠡᠵᠡᠭᠦᠢᠷᠡᠨ᠎ᠡ᠃ ᠲᠡᠢᠨ ᠬᠦ ᠲᠠ ᠨᠠᠷ ᠨᠠᠮᠠᠶᠢ ᠶᠣᠬᠣᠸᠠ ᠭᠡᠳᠡᠭ ᠢ ᠮᠡᠳᠡᠬᠦ ᠪᠣᠯᠣᠨ᠎ᠠ〉 ᠭᠡᠵᠦ ᠬᠡᠯᠡ》 ᠭᠡᠯᠡ᠃
ᠶᠣᠬᠣᠸᠠ ᠶᠢᠨ ᠦᠭᠡ ᠪᠡᠶᠡᠯᠡᠭᠳᠡᠨ᠎ᠡ
21 ᠶᠣᠬᠣᠸᠠ ᠶᠢᠨ ᠦᠭᠡ ᠨᠠᠳᠠ ᠳᠤ ᠢᠷᠡᠵᠦ᠄ 22 《ᠬᠥᠮᠦᠨ ᠦ ᠬᠦᠦ᠂ ᠢᠰᠷᠧᠯ ᠤᠨ ᠨᠤᠲᠤᠭ ᠳᠠᠶᠠᠭᠠᠷ ᠶᠠᠭᠠᠬᠢᠭᠠᠳ 〈ᠡᠳᠦᠷ ᠬᠣᠨᠣᠭ ᠥᠩᠭᠡᠷᠡᠵᠦ᠂ ᠦᠵᠡᠭᠳᠡᠯ ᠤᠳ ᠪᠡᠶᠡᠯᠡᠭᠳᠡᠭᠡ ᠦᠭᠡᠢ ᠪᠠᠢᠭᠰᠠᠭᠠᠷ〉 ᠭᠡᠳᠡᠭ ᠵᠦᠢᠷ ᠦᠭᠡ ᠪᠠᠢᠨ᠎ᠠ ᠪᠤᠢ︖ 23 ᠲᠡᠢᠮᠦ ᠡᠴᠡ ᠴᠢ ᠲᠡᠳᠡᠨ ᠳᠦ᠄ 〈ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠂ ᠪᠢ ᠡᠨᠡ ᠵᠦᠢᠷ ᠦᠭᠡ ᠶᠢ ᠡᠴᠦᠰᠯᠡᠭᠦᠯᠵᠦ᠂ ᠢᠰᠷᠧᠯ ᠳᠤ ᠬᠥᠮᠦᠰ ᠡᠨᠡ ᠵᠦᠢᠷ ᠦᠭᠡ ᠶᠢ ᠵᠣᠭᠰᠣᠭᠠᠨ᠎ᠠ〉᠂ ᠬᠠᠷᠢᠨ ᠲᠡᠳᠡᠨ ᠳᠦ᠄ 〈ᠪᠦᠬᠦ ᠦᠵᠡᠭᠳᠡᠯ ᠪᠡᠶᠡᠯᠡᠭᠳᠡᠬᠦ ᠡᠳᠦᠷ ᠬᠣᠨᠣᠭ ᠣᠢᠷᠠᠲᠤᠯ᠎ᠠ〉 ᠭᠡᠵᠦ ᠬᠡᠯᠡ᠃ 24 〈ᠢᠰᠷᠧᠯ ᠤᠨ ᠭᠡᠷ ᠦᠨ ᠳᠣᠲᠣᠷ᠎ᠠ ᠳᠠᠬᠢᠵᠤ ᠬᠣᠭᠣᠰᠣᠨ ᠦᠵᠡᠭᠳᠡᠯ ᠪᠤᠶᠤ ᠵᠢᠰᠤᠷᠳᠠᠬᠤ ᠮᠡᠷᠭᠡ ᠪᠠᠢᠵᠤ ᠪᠣᠯᠬᠤ ᠦᠭᠡᠢ᠃ 25 ᠤᠴᠢᠷ ᠨᠢ ᠶᠣᠬᠣᠸᠠ ᠪᠢ ᠶᠠᠷᠢᠬᠤ ᠦᠭᠡ ᠪᠡᠨ ᠶᠠᠷᠢᠬᠤ ᠳᠤ᠂ ᠲᠡᠷᠡ ᠨᠢ ᠬᠣᠢᠰᠢᠯᠠᠯ ᠦᠭᠡᠢ ᠪᠡᠶᠡᠯᠡᠭᠳᠡᠨ᠎ᠡ᠃ ᠲᠡᠷᠰᠯᠡᠭᠦᠦ ᠭᠡᠷ ᠦᠨ ᠬᠢᠨ ᠡ᠂ ᠴᠢᠨᠦ ᠡᠳᠦᠷ ᠤᠳ ᠲᠤ ᠪᠢ ᠦᠭᠡ ᠪᠡᠨ ᠠᠢᠯᠠᠳᠴᠤ᠂ ᠲᠡᠭᠦᠨ ᠢ ᠪᠠᠨ ᠪᠡᠶᠡᠯᠡᠭᠦᠯᠦᠨ᠎ᠡ᠂ ᠡᠵᠡᠨ ᠶᠣᠬᠣᠸᠠ ᠠᠢᠯᠠᠳᠴᠤ ᠪᠠᠢᠨ᠎ᠠ〉 ᠭᠡᠵᠦ ᠬᠡᠯᠡ》 ᠭᠡᠪᠡ᠃
26 ᠶᠣᠬᠣᠸᠠ ᠶᠢᠨ ᠦᠭᠡ ᠨᠠᠳᠠ ᠳᠤ ᠢᠷᠡᠵᠦ᠄ 27 《ᠬᠥᠮᠦᠨ ᠦ ᠬᠦᠦ ᠡ᠂ ᠢᠰᠷᠧᠯ ᠤᠨ ᠭᠡᠷ ᠦᠨ ᠬᠢᠨ᠄ 〈ᠲᠡᠭᠦᠨ ᠦ ᠦᠵᠡᠳᠡᠭ ᠦᠵᠡᠭᠳᠡᠯ ᠪᠣᠯ ᠣᠳᠣ ᠠᠴᠠ ᠣᠯᠠᠨ ᠵᠢᠯ ᠤᠨ ᠬᠣᠢᠨᠠᠬᠢ ᠦᠶ᠎ᠡ ᠶᠢᠨ ᠬᠢ᠂ ᠲᠡᠷᠡ ᠠᠯᠤᠰ ᠢᠷᠡᠭᠡᠳᠦᠢ ᠶᠢᠨ ᠲᠤᠬᠠᠢ ᠡᠰᠢ ᠦᠵᠡᠭᠦᠯᠵᠦ ᠪᠠᠢᠨ᠎ᠠ〉 ᠭᠡᠯᠴᠡᠵᠦ ᠪᠠᠢᠨ᠎ᠠ︕ 28 ᠲᠡᠢᠮᠦ ᠡᠴᠡ ᠴᠢ ᠲᠡᠳᠡᠨ ᠳᠦ᠂ ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 〈ᠮᠢᠨᠦ ᠦᠭᠡᠰ ᠦᠨ ᠠᠯᠢ ᠨᠢ ᠴᠤ ᠬᠣᠢᠰᠢᠯᠠᠬᠤ ᠦᠭᠡᠢ᠂ ᠶᠠᠷᠢᠬᠤ ᠦᠭᠡ ᠪᠦᠷᠢ ᠮᠢᠨᠢ ᠪᠡᠶᠡᠯᠡᠭᠳᠡᠨ᠎ᠡ᠂ ᠡᠵᠡᠨ ᠶᠣᠬᠣᠸᠠ ᠠᠢᠯᠠᠳᠴᠤ ᠪᠠᠢᠨ᠎ᠠ〉 ᠭᠡᠵᠦ ᠬᠡᠯᠡ》 ᠭᠡᠪᠡ᠃