ᠡᠽᠧᠺᠢᠶᠧᠯ ᠳᠥᠴᠢᠨ ᠵᠢᠷᠭᠤᠭ᠎ᠠ
1 ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 《ᠳᠣᠲᠣᠭᠠᠳᠤ ᠬᠦᠷᠢᠶᠡᠨ ᠦ ᠵᠡᠭᠦᠨᠰᠢ ᠬᠠᠷᠠᠭᠰᠠᠨ ᠬᠠᠭᠠᠯᠭ᠎ᠠ ᠨᠢ ᠠᠵᠢᠯ ᠤᠨ ᠵᠢᠷᠭᠤᠭᠠᠨ ᠡᠳᠦᠷ ᠲᠦ ᠬᠠᠭᠠᠯᠲᠠᠲᠠᠢ ᠪᠠᠢᠵᠤ᠂ ᠠᠮᠠᠷᠠᠯ ᠤᠨ ᠡᠳᠦᠷ ᠨᠡᠭᠡᠭᠡᠯᠲᠡᠲᠡᠢ ᠪᠠᠢᠬᠤ ᠪᠣᠯᠣᠨ᠎ᠠ᠂ ᠰᠢᠨ᠎ᠡ ᠰᠠᠷ᠎ᠠ ᠶᠢᠨ ᠪᠠᠶᠠᠷ ᠤᠨ ᠡᠳᠦᠷ ᠴᠤ ᠨᠡᠭᠡᠭᠡᠯᠲᠡᠲᠡᠢ ᠪᠠᠢᠬᠤ ᠶᠣᠰᠣᠲᠠᠢ᠃ 2 ᠬᠠᠭᠠᠨ ᠭᠠᠳᠠᠨ᠎ᠠ ᠠᠴᠠ ᠬᠠᠭᠠᠯᠭᠠᠨ ᠵᠠᠮ ᠤᠨ ᠬᠣᠩᠭᠢᠯ ᠢᠶᠠᠷ ᠣᠷᠣᠵᠤ᠂ ᠬᠠᠭᠠᠯᠭᠠᠨ ᠤ ᠪᠠᠭᠠᠨ᠎ᠠ ᠶᠢᠨ ᠳᠡᠷᠭᠡᠳᠡ ᠵᠣᠭᠰᠣᠪᠠᠯ᠂ ᠲᠠᠬᠢᠯᠴᠢᠳ ᠲᠡᠭᠦᠨ ᠦ ᠠᠪᠴᠢᠷᠠᠭᠰᠠᠨ ᠰᠢᠲᠠᠭᠠᠯᠭᠠᠲᠤ ᠲᠠᠬᠢᠯ ᠪᠣᠯᠣᠨ ᠡᠪ ᠦᠨ ᠲᠠᠬᠢᠯ ᠤᠳ ᠢ ᠡᠷᠭᠦᠬᠦ ᠪᠣᠯᠣᠨ᠎ᠠ᠂ ᠬᠠᠭᠠᠨ ᠬᠠᠭᠠᠯᠭᠠᠨ ᠤ ᠪᠣᠱᠣᠭᠠᠨ ᠳᠡᠭᠡᠷ᠎ᠡ ᠮᠥᠷᠭᠥᠭᠡᠳ ᠭᠠᠳᠠᠭᠰᠢ ᠭᠠᠷᠬᠤ ᠪᠣᠯᠣᠨ᠎ᠠ᠃ ᠬᠠᠭᠠᠯᠭ᠎ᠠ ᠦᠳᠡᠰᠢ ᠬᠦᠷᠲᠡᠯ᠎ᠡ ᠬᠠᠭᠠᠭᠳᠠᠬᠤ ᠦᠭᠡᠢ᠃ 3 ᠨᠤᠲᠤᠭ ᠤᠨ ᠠᠷᠠᠳ ᠲᠦᠮᠡᠨ ᠴᠤ ᠠᠮᠠᠷᠠᠯ ᠤᠨ ᠡᠳᠦᠷ ᠪᠠ ᠰᠢᠨ᠎ᠡ ᠰᠠᠷ᠎ᠠ ᠶᠢᠨ ᠪᠠᠶᠠᠷ ᠢᠶᠠᠷ ᠨᠥᠭᠥᠭᠡ ᠬᠠᠭᠠᠯᠭᠠᠨ ᠵᠠᠮ ᠤᠨ ᠣᠷᠣᠬᠤ ᠡᠭᠦᠳᠡᠨ ᠳᠦ ᠶᠣᠬᠣᠸᠠ ᠶᠢᠨ ᠡᠮᠦᠨ᠎ᠡ ᠮᠥᠷᠭᠥᠬᠦ ᠪᠣᠯᠣᠨ᠎ᠠ᠃ 4 ᠠᠮᠠᠷᠠᠯ ᠤᠨ ᠡᠳᠦᠷ ᠬᠠᠭᠠᠨ ᠤ ᠶᠣᠬᠣᠸᠠ ᠳᠤ ᠡᠷᠭᠦᠬᠦ ᠰᠢᠲᠠᠭᠠᠯᠭᠠᠲᠤ ᠲᠠᠬᠢᠯ ᠨᠢ ᠰᠣᠭᠣᠭ ᠦᠭᠡᠢ ᠵᠢᠷᠭᠤᠭᠠᠨ ᠬᠤᠷᠠᠭ᠎ᠠ ᠪᠣᠯᠣᠨ ᠰᠣᠭᠣᠭ ᠦᠭᠡᠢ ᠨᠢᠭᠡ ᠬᠤᠴᠠ ᠶᠤᠮ᠃ 5 ᠢᠳᠡᠭᠡᠨ ᠡᠷᠭᠦᠯ ᠨᠢ ᠲᠡᠷᠡ ᠬᠤᠴᠠ ᠲᠠᠢ ᠬᠠᠮᠲᠤ ᠨᠢᠭᠡ ᠡᠹᠠ ᠭᠤᠯᠢᠷ᠂ ᠲᠡᠳᠡᠭᠡᠷ ᠬᠤᠷᠠᠭ᠎ᠠ ᠲᠠᠢ ᠬᠠᠮᠲᠤ ᠴᠢᠳᠠᠯ ᠤᠨ ᠢᠶᠠᠨ ᠬᠢᠷᠢ ᠪᠠᠷ ᠥᠭᠬᠦ ᠭᠤᠯᠢᠷ ᠬᠢᠭᠡᠳ ᠨᠢᠭᠡ ᠡᠹᠠ ᠳᠤ ᠨᠢᠭᠡ ᠾᠢᠨ ᠲᠣᠰᠣ ᠪᠠᠢᠬᠤ ᠶᠣᠰᠣᠲᠠᠢ᠃ 6 ᠰᠢᠨ᠎ᠡ ᠰᠠᠷ᠎ᠠ ᠶᠢᠨ ᠪᠠᠶᠠᠷ ᠤᠨ ᠡᠳᠦᠷ ᠲᠦ ᠰᠣᠭᠣᠭ ᠦᠭᠡᠢ ᠨᠢᠭᠡ ᠵᠠᠯᠠᠭᠤ ᠪᠤᠬ᠎ᠠ᠂ ᠰᠣᠭᠣᠭ ᠦᠭᠡᠢ ᠵᠢᠷᠭᠤᠭᠠᠨ ᠬᠤᠷᠠᠭ᠎ᠠ ᠪᠠ ᠨᠢᠭᠡ ᠬᠤᠴᠠ ᠶᠢ ᠡᠷᠭᠦᠬᠦ ᠶᠣᠰᠣᠲᠠᠢ᠃ 7 ᠢᠳᠡᠭᠡᠨ ᠡᠷᠭᠦᠯ ᠨᠢ ᠨᠥᠭᠥᠭᠡ ᠪᠤᠬ᠎ᠠ ᠲᠠᠢ ᠬᠠᠮᠲᠤ ᠨᠢᠭᠡ ᠡᠹᠠ ᠭᠤᠯᠢᠷ᠂ ᠨᠥᠭᠥᠭᠡ ᠬᠤᠴᠠ ᠲᠠᠢ ᠬᠠᠮᠲᠤ ᠨᠢᠭᠡ ᠡᠹᠠ ᠭᠤᠯᠢᠷ᠂ ᠲᠡᠳᠡᠭᠡᠷ ᠬᠤᠷᠠᠭ᠎ᠠ ᠲᠠᠢ ᠬᠠᠮᠲᠤ ᠴᠢᠳᠠᠯ ᠤᠨ ᠢᠶᠠᠨ ᠬᠢᠷᠢ ᠪᠠᠷ ᠥᠭᠬᠦ ᠭᠤᠯᠢᠷ ᠬᠢᠭᠡᠳ ᠨᠢᠭᠡ ᠡᠹᠠ ᠳᠤ ᠨᠢᠭᠡ ᠾᠢᠨ ᠲᠣᠰᠣ ᠪᠠᠢᠬᠤ ᠶᠣᠰᠣᠲᠠᠢ᠃ 8 ᠬᠠᠭᠠᠨ ᠣᠷᠣᠬᠤ ᠳᠠᠭᠠᠨ ᠬᠠᠭᠠᠯᠭᠠᠨ ᠵᠠᠮ ᠤᠨ ᠬᠣᠩᠭᠢᠯ ᠢᠶᠠᠷ ᠣᠷᠣᠵᠤ᠂ ᠮᠥᠨ ᠲᠡᠷᠡ ᠵᠠᠮ ᠢᠶᠠᠷ ᠢᠶᠠᠨ ᠭᠠᠷᠬᠤ ᠶᠣᠰᠣᠲᠠᠢ᠃
9 ᠬᠠᠷᠢᠨ ᠨᠤᠲᠤᠭ ᠤᠨ ᠠᠷᠠᠳ ᠣᠯᠠᠨ ᠲᠣᠭᠲᠠᠭᠰᠠᠨ ᠪᠠᠶᠠᠷ ᠢᠶᠠᠷ ᠶᠣᠬᠣᠸᠠ ᠶᠢᠨ ᠡᠮᠦᠨ᠎ᠡ ᠢᠷᠡᠬᠦ ᠲᠣᠬᠢᠶᠠᠯᠳᠤᠯ ᠳᠤ᠂ ᠬᠣᠢᠨ᠎ᠠ ᠬᠠᠭᠠᠯᠭ᠎ᠠ ᠪᠠᠷ ᠣᠷᠣᠵᠤ ᠮᠥᠷᠭᠥᠯ ᠦᠢᠯᠡᠳᠦᠭᠰᠡᠨ ᠬᠥᠮᠦᠨ ᠨᠢ ᠡᠮᠦᠨ᠎ᠡ ᠬᠠᠭᠠᠯᠭ᠎ᠠ ᠪᠠᠷ ᠭᠠᠷᠬᠤ ᠪᠥᠭᠡᠳ ᠡᠮᠦᠨ᠎ᠡ ᠬᠠᠭᠠᠯᠭ᠎ᠠ ᠪᠠᠷ ᠣᠷᠣᠭᠰᠠᠨ ᠬᠥᠮᠦᠨ ᠨᠢ ᠬᠣᠢᠨ᠎ᠠ ᠬᠠᠭᠠᠯᠭ᠎ᠠ ᠪᠠᠷ ᠭᠠᠷᠬᠤ ᠶᠣᠰᠣᠲᠠᠢ᠃ ᠬᠡᠨ ᠴᠤ ᠣᠷᠣᠭᠰᠠᠨ ᠬᠠᠭᠠᠯᠭ᠎ᠠ ᠪᠠᠷ ᠢᠶᠠᠨ ᠭᠠᠷᠴᠤ ᠪᠣᠯᠬᠤ ᠦᠭᠡᠢ᠃ ᠬᠠᠷᠢᠨ ᠴᠢᠭ ᠢᠶᠠᠷ ᠢᠶᠠᠨ ᠶᠠᠪᠤᠭᠰᠠᠭᠠᠷ ᠭᠠᠷᠬᠤ ᠶᠣᠰᠣᠲᠠᠢ᠃ 10 ᠬᠠᠭᠠᠨ ᠲᠡᠳᠡᠨ ᠦ ᠳᠤᠮᠳᠠ ᠪᠠᠢᠭᠰᠠᠭᠠᠷ᠂ ᠲᠡᠳᠡ ᠣᠷᠣᠬᠤ ᠳᠤ ᠣᠷᠣᠵᠤ᠂ ᠲᠡᠳᠡ ᠭᠠᠷᠬᠤ ᠳᠤ ᠭᠠᠷᠬᠤ ᠶᠣᠰᠣᠲᠠᠢ᠃
11 ᠪᠠᠶᠠᠷ ᠨᠠᠭᠠᠳᠤᠮ ᠪᠣᠯᠣᠨ ᠲᠣᠭᠲᠠᠭᠰᠠᠨ ᠪᠠᠶᠠᠷ ᠳᠡᠭᠡᠷᠡᠬᠢ ᠢᠳᠡᠭᠡᠨ ᠡᠷᠭᠦᠯ ᠨᠢ ᠨᠢᠭᠡ ᠪᠤᠬ᠎ᠠ ᠲᠠᠢ ᠬᠠᠮᠲᠤ ᠨᠢᠭᠡ ᠡᠹᠠ ᠭᠤᠯᠢᠷ᠂ ᠨᠢᠭᠡ ᠬᠤᠴᠠ ᠲᠠᠢ ᠬᠠᠮᠲᠤ ᠨᠢᠭᠡ ᠡᠹᠠ ᠭᠤᠯᠢᠷ᠂ ᠬᠤᠷᠠᠭ᠎ᠠ ᠨᠤᠭᠤᠳ ᠲᠠᠢ ᠬᠠᠮᠲᠤ ᠴᠢᠳᠠᠯ ᠤᠨ ᠢᠶᠠᠨ ᠬᠢᠷᠢ ᠪᠠᠷ ᠥᠭᠬᠦ ᠭᠤᠯᠢᠷ ᠬᠢᠭᠡᠳ ᠨᠢᠭᠡ ᠡᠹᠠ ᠳᠤ ᠨᠢᠭᠡ ᠾᠢᠨ ᠲᠣᠰᠣ ᠪᠠᠢᠬᠤ ᠶᠣᠰᠣᠲᠠᠢ᠃ 12 ᠬᠠᠭᠠᠨ ᠰᠠᠢᠨ ᠳᠤᠷ᠎ᠠ ᠶᠢᠨ ᠰᠢᠲᠠᠭᠠᠯᠭᠠᠲᠤ ᠲᠠᠬᠢᠯ᠂ ᠡᠰᠡᠪᠡᠯ ᠰᠠᠢᠨ ᠳᠤᠷ᠎ᠠ ᠶᠢᠨ ᠡᠪ ᠦᠨ ᠲᠠᠬᠢᠯ ᠢ ᠶᠣᠬᠣᠸᠠ ᠳᠤ ᠡᠷᠭᠦᠬᠦ ᠭᠡᠪᠡᠯ᠂ ᠲᠡᠭᠦᠨ ᠳᠦ ᠵᠡᠭᠦᠨᠰᠢ ᠬᠠᠷᠠᠭᠰᠠᠨ ᠬᠠᠭᠠᠯᠭ᠎ᠠ ᠶᠢ ᠨᠡᠭᠡᠭᠡᠵᠦ ᠥᠭ᠃ ᠲᠡᠷᠡ ᠰᠢᠲᠠᠭᠠᠯᠭᠠᠲᠤ ᠲᠠᠬᠢᠯ ᠪᠣᠯᠣᠨ ᠡᠪ ᠦᠨ ᠲᠠᠬᠢᠯ ᠢ ᠠᠮᠠᠷᠠᠯ ᠤᠨ ᠡᠳᠦᠷ ᠡᠷᠭᠦᠳᠡᠭ ᠰᠢᠭ ᠢᠶᠠᠨ ᠡᠷᠭᠦᠭᠰᠡᠨ ᠦ ᠳᠠᠷᠠᠭ᠎ᠠ ᠭᠠᠷᠴᠤ ᠶᠠᠪᠤᠪᠠᠯ᠂ ᠲᠡᠷᠡ ᠭᠠᠷᠤᠭᠰᠠᠨ ᠤ ᠳᠠᠷᠠᠭ᠎ᠠ ᠬᠠᠭᠠᠯᠭ᠎ᠠ ᠬᠠᠭᠠᠭᠳᠠᠬᠤ ᠪᠣᠯᠣᠨ᠎ᠠ᠃
13 ᠴᠢ ᠡᠳᠦᠷ ᠪᠦᠷᠢ ᠨᠢᠭᠡ ᠰᠣᠭᠣᠭ ᠦᠭᠡᠢ ᠬᠤᠷᠠᠭ᠎ᠠ ᠶᠢ ᠶᠣᠬᠣᠸᠠ ᠳᠤ ᠰᠢᠲᠠᠭᠠᠯᠭᠠᠲᠤ ᠲᠠᠬᠢᠯ ᠪᠣᠯᠭᠠᠨ ᠪᠡᠯᠡᠳᠬᠡᠬᠦ ᠶᠣᠰᠣᠲᠠᠢ᠃ ᠥᠷᠯᠥᠭᠡ ᠪᠦᠷᠢ ᠡᠭᠦᠨ ᠢ ᠪᠡᠯᠡᠳᠬᠡ᠃ 14 ᠮᠥᠨ ᠡᠭᠦᠨ ᠦ ᠬᠠᠮᠲᠤ ᠥᠷᠯᠥᠭᠡ ᠪᠦᠷᠢ ᠢᠳᠡᠭᠡᠨ ᠡᠷᠭᠦᠯ ᠳᠦ ᠡᠹᠠ ᠶᠢᠨ ᠵᠢᠷᠭᠤᠭᠠᠨ ᠤ ᠨᠢᠭᠡ 25 ᠶᠢᠨ ᠰᠠᠢᠨ ᠭᠤᠯᠢᠷ ᠢ ᠾᠢᠨ ᠤ ᠭᠤᠷᠪᠠᠨ ᠤ ᠨᠢᠭᠡ ᠶᠢᠨ ᠴᠢᠭᠢᠭᠰᠢᠭᠦᠯᠬᠦ ᠲᠣᠰᠣ ᠲᠠᠢ ᠬᠠᠮᠲᠤ ᠪᠡᠯᠡᠳᠬᠡ᠃ ᠶᠣᠬᠣᠸᠠ ᠳᠤ ᠡᠷᠭᠦᠬᠦ ᠢᠳᠡᠭᠡᠨ ᠲᠠᠬᠢᠯ ᠤᠨ ᠲᠠᠯ᠎ᠠ ᠪᠠᠷ ᠬᠢ ᠦᠶ᠎ᠡ ᠶᠢᠨ ᠦᠶ᠎ᠡ ᠳᠦ ᠦᠷᠭᠦᠯᠵᠢᠯᠡᠬᠦ ᠲᠣᠭᠲᠠᠭᠠᠯ ᠨᠢ ᠡᠨᠡ ᠶᠤᠮ᠃ 15 ᠡᠢᠨ ᠬᠦ ᠪᠠᠢᠩ᠋ᠭᠤ ᠶᠢᠨ ᠰᠢᠲᠠᠭᠠᠯᠭᠠᠲᠤ ᠲᠠᠬᠢᠯ ᠳᠤ ᠥᠷᠯᠥᠭᠡ ᠪᠦᠷᠢ ᠬᠤᠷᠠᠭ᠎ᠠ᠂ ᠢᠳᠡᠭᠡᠨ ᠡᠷᠭᠦᠯ ᠪᠠ ᠲᠣᠰᠣ ᠶᠢ ᠪᠡᠯᠡᠳᠬᠡᠬᠦ ᠶᠣᠰᠣᠲᠠᠢ᠃》
16 ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 《ᠬᠡᠷᠪᠡ ᠬᠠᠭᠠᠨ ᠬᠥᠪᠡᠭᠦᠳ ᠦᠨ ᠢᠶᠠᠨ ᠠᠯᠢ ᠨᠢᠭᠡᠨ ᠳᠦᠨᠢ ᠥᠪ ᠡᠴᠡ ᠪᠡᠨ ᠪᠡᠯᠡᠭ ᠥᠭᠪᠡᠯ᠂ ᠲᠡᠷᠡ ᠪᠡᠯᠡᠭ ᠲᠡᠭᠦᠨ ᠦ ᠦᠷ᠎ᠡ ᠬᠣᠢᠴᠢ ᠶᠢᠨ ᠥᠪ ᠡᠵᠡᠮᠰᠢᠯ ᠪᠣᠯᠣᠨ᠎ᠠ᠃ 17 ᠬᠡᠷᠪᠡ ᠲᠡᠷᠡ ᠪᠡᠷ ᠵᠠᠷᠤᠴᠠ ᠨᠠᠷ ᠤᠨ ᠢᠶᠠᠨ ᠨᠢᠭᠡᠨ ᠳᠦ ᠥᠪ ᠡᠴᠡ ᠪᠡᠨ ᠪᠡᠯᠡᠭ ᠥᠭᠪᠡᠯ᠂ ᠲᠡᠷᠡ ᠪᠡᠯᠡᠭ ᠨᠢ ᠴᠢᠯᠥᠭᠡᠯᠡᠯᠲᠡ ᠶᠢᠨ ᠵᠢᠯ ᠪᠣᠯᠲᠠᠯ᠎ᠠ ᠲᠡᠷᠡ ᠵᠠᠷᠤᠴᠠ ᠶᠢᠨ ᠬᠢ ᠪᠠᠢᠵᠤ᠂ ᠳᠠᠷᠠᠭ᠎ᠠ ᠨᠢ ᠬᠠᠭᠠᠨ ᠳᠤ ᠪᠤᠴᠠᠭᠠᠭᠳᠠᠬᠤ ᠪᠣᠯᠣᠨ᠎ᠠ᠃ ᠲᠡᠭᠦᠨ ᠦ ᠥᠪ ᠵᠥᠪᠬᠡᠨ ᠲᠡᠭᠦᠨ ᠦ ᠬᠥᠪᠡᠭᠦᠳ ᠲᠦ ᠬᠠᠷᠢᠶᠠᠯᠠᠭᠳᠠᠬᠤ ᠶᠣᠰᠣᠲᠠᠢ᠃ 18 ᠬᠠᠭᠠᠨ ᠠᠷᠠᠳ ᠲᠦᠮᠡᠨ ᠢ ᠡᠵᠡᠮᠰᠢᠯ ᠡᠴᠡ ᠨᠢ ᠬᠥᠭᠡᠭᠡᠨ ᠭᠠᠷᠭᠠᠵᠤ᠂ ᠥᠪ ᠢ ᠨᠢ ᠪᠤᠯᠢᠶᠠᠵᠤ ᠪᠣᠯᠬᠤ ᠦᠭᠡᠢ᠃ ᠲᠡᠷᠡ ᠬᠥᠪᠡᠭᠦᠳ ᠲᠡᠭᠡᠨ ᠥᠪᠡᠷ ᠦᠨ ᠢᠶᠠᠨ ᠡᠵᠡᠮᠰᠢᠯ ᠡᠴᠡ ᠯᠠ ᠥᠪ ᠥᠭᠬᠦ ᠶᠣᠰᠣᠲᠠᠢ᠃ ᠲᠡᠢᠨ ᠬᠦ ᠠᠷᠠᠳ ᠲᠦᠮᠡᠨ ᠦ ᠮᠢᠨᠢ ᠬᠡᠨ ᠨᠢ ᠴᠤ ᠡᠵᠡᠮᠰᠢᠯ ᠡᠴᠡ ᠪᠡᠨ ᠪᠦᠦ ᠰᠠᠯᠤᠭ᠃》
19 ᠨᠥᠭᠥᠭᠡ ᠬᠥᠮᠦᠨ ᠨᠠᠮᠠᠶᠢ ᠳᠠᠭᠠᠭᠤᠯᠤᠨ ᠬᠠᠭᠠᠯᠭᠠᠨ ᠤ ᠬᠠᠵᠠᠭᠤ ᠳᠠᠬᠢ ᠡᠭᠦᠳᠡ ᠪᠡᠷ ᠳᠠᠮᠵᠢᠵᠤ᠂ ᠬᠣᠢᠰᠢ ᠪᠠᠨ ᠬᠠᠷᠠᠭᠰᠠᠨ ᠲᠠᠬᠢᠯᠴᠢᠳ ᠤᠨ ᠠᠷᠢᠭᠤᠨ ᠥᠷᠥᠭᠡ ᠨᠦᠭᠦᠳ ᠲᠦ ᠠᠪᠴᠢᠷᠠᠪᠠ᠃ ᠬᠠᠷ᠎ᠠ᠂ ᠪᠠᠷᠠᠭᠤᠨ ᠵᠠᠬ᠎ᠠ ᠳᠤ ᠨᠢᠭᠡᠨ ᠭᠠᠵᠠᠷ ᠪᠠᠢᠪᠠ᠃ 20 ᠲᠡᠷᠡ ᠨᠠᠳᠠ ᠳᠤ᠄ 《ᠡᠨᠡ ᠪᠣᠯ ᠲᠠᠬᠢᠯᠴᠢᠳ ᠭᠡᠮ ᠦᠨ ᠲᠥᠯᠥᠭᠡᠬᠢ ᠲᠠᠬᠢᠯ᠂ ᠨᠢᠭᠦᠯ ᠦᠨ ᠲᠥᠯᠥᠭᠡᠬᠢ ᠲᠠᠬᠢᠯ ᠢ ᠴᠢᠨᠠᠵᠤ᠂ ᠢᠳᠡᠭᠡᠨ ᠡᠷᠭᠦᠯ ᠢ ᠪᠣᠯᠭᠣᠬᠤ ᠭᠠᠵᠠᠷ ᠶᠤᠮ᠃ ᠲᠡᠳᠡ ᠡᠳᠡᠭᠡᠷ ᠢ ᠭᠠᠳᠠᠨᠠᠬᠢ ᠬᠦᠷᠢᠶᠡᠨ ᠳᠦ ᠠᠪᠠᠴᠢᠭᠰᠠᠨ ᠤ ᠤᠯᠠᠮ ᠢᠶᠠᠷ ᠠᠷᠠᠳ ᠣᠯᠠᠨ ᠳᠤ ᠠᠷᠢᠭᠤᠨ ᠨᠥᠯᠥᠭᠡ ᠶᠢ ᠬᠦᠷᠭᠡᠬᠦ ᠦᠭᠡᠢ ᠶᠢᠨ ᠲᠤᠯᠠᠳᠠ ᠡ᠊ᠨᠳᠡ ᠴᠢᠨᠠᠳᠠᠭ ᠶᠤᠮ》 ᠭᠡᠪᠡ᠃
21 ᠲᠡᠷᠡ ᠨᠠᠮᠠᠶᠢ ᠭᠠᠷᠭᠠᠨ ᠭᠠᠳᠠᠨᠠᠬᠢ ᠬᠦᠷᠢᠶᠡᠨ ᠳᠦ ᠠᠪᠴᠢᠷᠠᠵᠤ᠂ ᠬᠦᠷᠢᠶᠡᠨ ᠦ ᠳᠥᠷᠪᠡᠨ ᠪᠤᠯᠤᠩ ᠢᠶᠠᠷ ᠲᠣᠭᠣᠷᠢᠭᠤᠯᠬᠤ ᠳᠤ᠂ ᠪᠤᠯᠤᠩ ᠪᠦᠷᠢ ᠳᠤ ᠵᠢᠵᠢᠭ ᠬᠦᠷᠢᠶ᠎ᠡ ᠪᠠᠢᠬᠤ ᠶᠢ ᠪᠢ ᠬᠠᠷᠠᠪᠠ᠃ 22 ᠬᠦᠷᠢᠶᠡᠨ ᠦ ᠳᠥᠷᠪᠡᠨ ᠪᠤᠯᠤᠩ ᠳᠠᠬᠢ ᠵᠢᠵᠢᠭ ᠬᠦᠷᠢᠶ᠎ᠡ ᠨᠢ ᠳᠥᠴᠢᠨ ᠲᠣᠬᠣᠢ ᠤᠷᠲᠤ᠂ ᠭᠤᠴᠢᠨ ᠲᠣᠬᠣᠢ ᠥᠷᠭᠡᠨ ᠪᠥᠭᠡᠳ ᠳᠥᠷᠪᠡᠭᠦᠯᠡ ᠠᠳᠠᠯᠢ ᠬᠡᠮᠵᠢᠶ᠎ᠡ ᠲᠠᠢ ᠪᠠᠢᠪᠠ᠃ 23 ᠳᠥᠷᠪᠡᠨ ᠬᠦᠷᠢᠶᠡᠨ ᠦ ᠳᠣᠲᠣᠷ᠎ᠠ ᠲᠠᠯ᠎ᠠ ᠶᠢ ᠬᠦᠷᠢᠶᠡᠯᠡᠭᠰᠡᠨ ᠴᠢᠯᠠᠭᠤᠨ ᠬᠡᠷᠡᠮ ᠪᠤᠢ᠂ ᠲᠡᠷᠡ ᠬᠡᠷᠡᠮ ᠦᠨ ᠳᠣᠣᠷ᠎ᠠ ᠵᠤᠤᠬ᠎ᠠ ᠪᠠᠢᠪᠠ᠃ 24 ᠨᠥᠭᠥᠭᠡ ᠬᠥᠮᠦᠨ ᠨᠠᠳᠠ ᠳᠤ᠄ 《ᠡᠳᠡᠭᠡᠷ ᠨᠢ ᠥᠷᠭᠥᠭᠡᠨ ᠦ ᠦᠢᠯᠡᠴᠢᠯᠡᠭᠴᠢᠳ ᠤᠨ ᠠᠷᠠᠳ ᠣᠯᠠᠨ ᠤ ᠲᠠᠬᠢᠯ ᠤᠳ ᠢ ᠴᠢᠨᠠᠳᠠᠭ ᠭᠠᠵᠠᠷ ᠶᠤᠮ》 ᠭᠡᠪᠡ᠃