ᠡᠽᠧᠺᠢᠶᠧᠯ ᠭᠤᠴᠢᠨ ᠳᠥᠷᠪᠡ
ᠬᠣᠨᠢᠴᠢᠳ ᠪᠠ ᠬᠣᠨᠢᠨ ᠰᠦᠷᠦᠭ
1 ᠶᠣᠬᠣᠸᠠ ᠶᠢᠨ ᠦᠭᠡ ᠨᠠᠳᠠ ᠳᠤ ᠢᠷᠡᠪᠡ᠄ 2 《ᠬᠥᠮᠦᠨ ᠦ ᠬᠦᠦ ᠡ᠂ ᠢᠰᠷᠧᠯ ᠤᠨ ᠬᠣᠨᠢᠴᠢᠳ ᠤᠨ ᠡᠰᠡᠷᠭᠦ ᠡᠰᠢ ᠦᠵᠡᠭᠦᠯ᠃ ᠡᠰᠢ ᠦᠵᠡᠭᠦᠯᠵᠦ᠂ ᠲᠡᠳᠡᠨ ᠳᠦ ᠶᠠᠷᠢ᠄ 〈ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠂ ᠥᠪᠡᠷᠰᠡᠳ ᠢ ᠪᠠᠨ ᠯᠠ ᠬᠣᠨᠢᠴᠢᠯᠠᠳᠠᠭ ᠢᠰᠷᠧᠯ ᠤᠨ ᠬᠣᠨᠢᠴᠢᠳ ᠭᠠᠰᠯᠠᠩᠲᠠᠶᠠ ᠡ︕ ᠬᠣᠨᠢᠴᠢᠳ ᠬᠣᠨᠢᠨ ᠰᠦᠷᠦᠭ ᠢᠶᠡᠨ ᠬᠣᠨᠢᠴᠢᠯᠠᠬᠤ ᠶᠣᠰᠣᠲᠠᠢ ᠪᠤᠰᠤ ᠤᠤ︖ 3 ᠲᠠ ᠨᠠᠷ ᠥᠭᠡᠬᠦ ᠢᠳᠡᠵᠦ᠂ ᠨᠣᠣᠰᠣ ᠪᠠᠷ ᠬᠤᠪᠴᠠᠰᠤᠯᠠᠨ᠂ ᠲᠠᠷᠭᠤᠨ ᠬᠣᠨᠢ ᠶᠢ ᠨᠢᠲᠤᠯᠳᠠᠭ ᠪᠣᠯᠪᠠᠴᠤ ᠬᠣᠨᠢᠨ ᠰᠦᠷᠦᠭ ᠢᠶᠡᠨ ᠬᠣᠨᠢᠴᠢᠯᠠᠳᠠᠭ ᠦᠭᠡᠢ᠃ 4 ᠲᠠ ᠨᠠᠷ ᠳᠣᠷᠣᠢ ᠶᠢ ᠨᠢ ᠲᠡᠩᠬᠡᠷᠡᠭᠦᠯᠦᠭᠰᠡᠨ ᠦᠭᠡᠢ᠂ ᠡᠪᠡᠳᠴᠢᠲᠡᠢ ᠶᠢ ᠨᠢ ᠡᠮᠴᠢᠯᠡᠭᠰᠡᠨ ᠦᠭᠡᠢ᠂ ᠪᠡᠷᠲᠡᠭᠰᠡᠨ ᠢ ᠨᠢ ᠪᠣᠭᠣᠭᠰᠠᠨ ᠦᠭᠡᠢ᠂ ᠪᠤᠲᠠᠷᠠᠭᠰᠠᠨ ᠢ ᠨᠢ ᠪᠤᠴᠠᠭᠠᠵᠤ ᠠᠪᠴᠢᠷᠠᠭ᠎ᠠ ᠦᠭᠡᠢ᠂ ᠲᠥᠭᠡᠷᠢᠭᠰᠡᠨ ᠢ ᠨᠢ ᠡᠷᠢᠭᠰᠡᠨ ᠦᠭᠡᠢ᠃ ᠬᠠᠷᠢᠨ ᠲᠡᠳᠡᠨ ᠢ ᠬᠠᠷᠭᠢᠰ ᠬᠠᠲᠠᠭᠤ ᠪᠠᠷ ᠨᠣᠶᠠᠷᠬᠠᠪᠠ᠃ 5 ᠬᠣᠨᠢᠴᠢᠨ ᠦᠭᠡᠢ ᠲᠤᠯᠠ ᠲᠡᠳᠡ ᠪᠤᠲᠠᠷᠠᠭᠰᠠᠨ ᠪᠠ ᠪᠤᠲᠠᠷᠠᠭᠠᠳ ᠬᠡᠭᠡᠷ᠎ᠡ ᠶᠢᠨ ᠪᠦᠬᠦ ᠠᠷᠢᠶᠠᠲᠠᠨ ᠤ ᠢᠳᠡᠰᠢ ᠪᠣᠯᠪᠠ᠃ 6 ᠮᠢᠨᠦ ᠬᠣᠨᠢᠨ ᠰᠦᠷᠦᠭ ᠪᠦᠬᠦ ᠠᠭᠤᠯᠠ᠂ ᠪᠦᠬᠦ ᠥᠨᠳᠥᠷᠯᠢᠭ ᠢᠶᠠᠷ ᠲᠡᠨᠦᠭᠦᠴᠢᠯᠡᠪᠡ᠃ ᠮᠢᠨᠦ ᠬᠣᠨᠢᠨ ᠰᠦᠷᠦᠭ ᠪᠦᠬᠦ ᠭᠠᠵᠠᠷ ᠢᠶᠠᠷ ᠲᠠᠷᠬᠠᠭᠰᠠᠨ ᠴᠤ ᠲᠡᠳᠡᠨ ᠢ ᠡᠷᠢᠭ᠍ᠴᠢ ᠠᠯᠠᠭ᠎ᠠ᠂ ᠬᠠᠢᠭᠴᠢ ᠠᠯᠠᠭ᠎ᠠ ᠪᠠᠢᠪᠠ᠃〉》
7 ᠲᠡᠢᠮᠦ ᠡᠴᠡ ᠬᠣᠨᠢᠴᠢᠳ ᠡ᠂ ᠶᠣᠬᠣᠸᠠ ᠶᠢᠨ ᠦᠭᠡ ᠶᠢ ᠰᠣᠨᠣᠰ᠂ 8 ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 《ᠮᠢᠨᠦ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ ᠬᠣᠨᠢᠴᠢᠨ ᠦᠭᠡᠢ ᠪᠣᠯᠬᠣᠷ ᠬᠣᠨᠢᠨ ᠰᠦᠷᠦᠭ ᠮᠢᠨᠢ ᠣᠯᠵᠠ ᠪᠣᠯᠪᠠ᠃ ᠬᠣᠨᠢᠨ ᠰᠦᠷᠦᠭ ᠮᠢᠨᠢ ᠬᠡᠭᠡᠷ᠎ᠡ ᠶᠢᠨ ᠪᠦᠬᠦ ᠠᠷᠢᠶᠠᠲᠠᠨ ᠤ ᠢᠳᠡᠰᠢ ᠪᠣᠯᠣᠭᠰᠠᠨ᠃ ᠮᠢᠨᠦ ᠬᠣᠨᠢᠴᠢᠳ ᠬᠣᠨᠢᠨ ᠰᠦᠷᠦᠭ ᠢ ᠮᠢᠨᠢ ᠡᠷᠢᠭᠡ ᠦᠭᠡᠢ᠂ ᠥᠪᠡᠷᠰᠡᠳ ᠢ ᠪᠠᠨ ᠯᠠ ᠬᠣᠨᠢᠴᠢᠯᠠᠨ᠂ ᠬᠣᠨᠢᠨ ᠰᠦᠷᠦᠭ ᠢ ᠮᠢᠨᠢ ᠬᠣᠨᠢᠴᠢᠯᠠᠭᠰᠠᠨ ᠦᠭᠡᠢ᠃ 9 ᠡᠢᠮᠦ ᠡᠴᠡ ᠬᠣᠨᠢᠴᠢᠳ ᠲᠠ ᠨᠠᠷ ᠶᠣᠬᠣᠸᠠ ᠶᠢᠨ ᠦᠭᠡ ᠶᠢ ᠰᠣᠨᠣᠰ᠄ 10 ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 〈ᠬᠠᠷ᠎ᠠ᠂ ᠪᠢ ᠬᠣᠨᠢᠴᠢᠳ ᠤᠨ ᠡᠰᠡᠷᠭᠦ ᠪᠠᠢᠨ᠎ᠠ᠂ ᠪᠢ ᠲᠡᠳᠡᠨ ᠡᠴᠡ ᠬᠣᠨᠢᠳ ᠢᠶᠠᠨ ᠨᠡᠬᠡᠵᠦ᠂ ᠲᠡᠳᠡᠨ ᠢᠶᠡᠷ ᠬᠣᠨᠢᠳ ᠢᠶᠠᠨ ᠬᠣᠨᠢᠴᠢᠯᠠᠭᠤᠯᠬᠤ ᠪᠠᠨ ᠪᠣᠯᠢᠬᠤ ᠲᠤᠯᠠ ᠲᠡᠳᠡ ᠥᠪᠡᠷᠰᠡᠳ ᠢ ᠪᠠᠨ ᠴᠤ ᠬᠣᠨᠢᠴᠢᠯᠠᠵᠤ ᠴᠢᠳᠠᠬᠤ ᠦᠭᠡᠢ ᠪᠣᠯᠣᠨ᠎ᠠ᠂ ᠲᠡᠢᠨ ᠬᠦ ᠪᠢ ᠬᠣᠨᠢᠨ ᠰᠦᠷᠦᠭ ᠢᠶᠡᠨ ᠲᠡᠳᠡᠨ ᠦ ᠠᠮᠠᠨ ᠠᠴᠠ ᠠᠪᠤᠷᠠᠵᠤ᠂ ᠲᠡᠳᠡᠨ ᠦ ᠢᠳᠡᠰᠢ ᠪᠣᠯᠭᠠᠬᠤ ᠦᠭᠡᠢ〉》 ᠭᠡᠪᠡ᠃
11 ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 《ᠬᠠᠷ᠎ᠠ᠂ ᠪᠢ ᠥᠪᠡᠷ ᠢᠶᠡᠨ ᠬᠣᠨᠢᠳ ᠢᠶᠠᠨ ᠡᠷᠢᠵᠦ ᠬᠠᠢᠨ᠎ᠠ᠃ 12 ᠬᠣᠨᠢᠴᠢᠨ ᠪᠤᠲᠠᠷᠠᠭᠰᠠᠨ ᠬᠣᠨᠢᠳ ᠤᠨ ᠢᠶᠠᠨ ᠳᠤᠮᠳᠠ ᠪᠠᠢᠵᠤ᠂ ᠬᠣᠨᠢᠳ ᠲᠠᠭᠠᠨ ᠰᠠᠨᠠᠭ᠎ᠠ ᠲᠠᠯᠪᠢᠳᠠᠭ ᠤᠨ ᠠᠳᠠᠯᠢ᠂ ᠪᠢ ᠬᠣᠨᠢᠳ ᠲᠠᠭᠠᠨ ᠰᠠᠨᠠᠭ᠎ᠠ ᠲᠠᠯᠪᠢᠳᠠᠭ᠂ ᠡᠭᠦᠯᠡ ᠲᠠᠢ᠂ ᠪᠦᠷᠬᠦᠭ ᠡᠳᠦᠷ ᠢᠶᠡᠷ ᠲᠠᠷᠬᠠᠭᠰᠠᠨ ᠬᠠᠮᠤᠭ ᠭᠠᠵᠠᠷ ᠠᠴᠠ ᠨᠢ ᠲᠡᠳᠡᠨ ᠢ ᠠᠪᠤᠷᠠᠨ᠎ᠠ᠃ 13 ᠪᠢ ᠲᠡᠳᠡᠨ ᠢ ᠦᠨᠳᠦᠰᠦᠲᠡᠨ ᠨᠦᠭᠦᠳ ᠡᠴᠡ ᠭᠠᠷᠭᠠᠨ᠂ ᠭᠦᠷᠦᠨ ᠨᠦᠭᠦᠳ ᠡᠴᠡ ᠴᠤᠭᠯᠠᠭᠤᠯᠵᠤ᠂ ᠤᠤᠭᠠᠯ ᠨᠤᠲᠤᠭ ᠲᠤᠨᠢ ᠠᠪᠠᠴᠢᠨ᠎ᠠ᠃ ᠢᠰᠷᠧᠯ ᠤᠨ ᠠᠭᠤᠯᠠᠰ᠂ ᠬᠥᠨᠳᠡᠢ ᠬᠢᠭᠡᠳ ᠬᠥᠮᠦᠨ ᠣᠷᠣᠰᠢᠨ ᠪᠠᠢᠭ᠎ᠠ ᠪᠦᠬᠦ ᠭᠠᠵᠠᠷ ᠲᠤ ᠲᠡᠳᠡᠨ ᠢ ᠬᠣᠨᠢᠴᠢᠯᠠᠨᠠ᠃ 14 ᠪᠢ ᠲᠡᠳᠡᠨ ᠢ ᠰᠠᠢᠨ ᠪᠡᠯᠴᠢᠭᠡᠷ ᠲᠦ ᠬᠣᠨᠢᠴᠢᠯᠠᠬᠤ ᠪᠥᠭᠡᠳ ᠪᠡᠯᠴᠢᠭᠡᠷᠯᠡᠬᠦ ᠭᠠᠵᠠᠷ ᠨᠢ ᠢᠰᠷᠧᠯ ᠤᠨ ᠥᠨᠳᠥᠷ ᠠᠭᠤᠯᠠ ᠪᠣᠯᠣᠨ᠎ᠠ᠃ ᠲᠡᠨᠳᠡ ᠲᠡᠳᠡ ᠰᠠᠢᠨ ᠪᠡᠯᠴᠢᠭᠡᠷ ᠲᠦ ᠬᠡᠪᠲᠡᠵᠦ᠂ ᠢᠰᠷᠧᠯ ᠤᠨ ᠠᠭᠤᠯᠠᠰ ᠤᠨ ᠰᠢᠮᠡᠲᠡᠢ ᠪᠡᠯᠴᠢᠭᠡᠷ ᠲᠦ ᠢᠳᠡᠰᠢᠯᠡᠬᠦ ᠪᠣᠯᠣᠨ᠎ᠠ᠃ 15 ᠪᠢ ᠥᠪᠡᠷ ᠢᠶᠡᠨ ᠰᠦᠷᠦᠭ ᠢᠶᠡᠨ ᠬᠣᠨᠢᠴᠢᠯᠠᠵᠤ᠂ ᠪᠢ ᠥᠪᠡᠷ ᠢᠶᠡᠨ ᠲᠡᠳᠡᠨ ᠢ ᠬᠣᠲᠠᠯᠠᠭᠤᠯᠤᠨᠠ᠃》 ᠡᠵᠡᠨ ᠶᠣᠬᠣᠸᠠ ᠠᠢᠯᠠᠳᠴᠤ ᠪᠠᠢᠨ᠎ᠠ᠃ 16 《ᠪᠢ ᠲᠥᠭᠡᠷᠢᠭᠰᠡᠨ ᠢ ᠨᠢ ᠬᠠᠢᠨ᠂ ᠪᠤᠲᠠᠷᠠᠭᠰᠠᠨ ᠢ ᠨᠢ ᠪᠤᠴᠠᠭᠠᠨ ᠠᠪᠴᠢᠷᠠᠵᠤ᠂ ᠪᠡᠷᠲᠡᠭᠰᠡᠨ ᠢ ᠨᠢ ᠪᠣᠭᠣᠨ᠂ ᠡᠪᠡᠳᠴᠢᠲᠡᠢ ᠶᠢ ᠨᠢ ᠲᠡᠩᠬᠡᠷᠡᠭᠦᠯᠦᠨ᠎ᠡ᠂ ᠬᠠᠷᠢᠨ ᠲᠠᠷᠭᠤ ᠲᠠᠢ᠂ ᠬᠦᠴᠦ ᠲᠠᠢ ᠶᠢ ᠨᠢ ᠤᠰᠠᠳᠬᠠᠨ᠎ᠠ 16 ᠃ ᠡᠢᠨ ᠬᠦ ᠪᠢ ᠲᠡᠳᠡᠨ ᠢ ᠰᠢᠳᠤᠷᠭᠤ ᠪᠠᠷ ᠬᠣᠨᠢᠴᠢᠯᠠᠨᠠ᠃
17 ᠬᠣᠨᠢᠨ ᠰᠦᠷᠦᠭ ᠮᠢᠨᠢ ᠡ᠂ ᠲᠠ ᠨᠠᠷ ᠤᠨ ᠲᠤᠬᠠᠢ ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 〈ᠬᠠᠷ᠎ᠠ᠂ ᠪᠢ ᠬᠣᠨᠢ ᠬᠣᠨᠢᠨ ᠤ ᠬᠣᠭᠣᠷᠣᠨᠳᠣᠬᠢ ᠶᠢ᠂ ᠬᠤᠴᠠ ᠤᠬᠤᠨ᠎ᠠ ᠶᠢᠨ ᠬᠣᠭᠣᠷᠣᠨᠳᠣᠬᠢ ᠶᠢ ᠰᠢᠭᠦᠬᠦ ᠪᠣᠯᠣᠨ᠎ᠠ᠃ 18 ᠰᠠᠢᠨ ᠪᠡᠯᠴᠢᠭᠡᠷ ᠲᠦ ᠢᠳᠡᠰᠢᠯᠡᠬᠦ ᠴᠢᠨᠢ ᠪᠠᠭᠠᠳᠠᠭᠠᠳ᠂ ᠦᠯᠡᠳᠡᠭᠰᠡᠨ ᠪᠡᠯᠴᠢᠭᠡᠷ ᠢᠶᠡᠨ ᠬᠥᠯ ᠢᠶᠡᠷ ᠢᠶᠠᠨ ᠲᠠᠯᠬᠢᠯᠠᠨᠠ ᠭᠡᠵᠢ ᠤᠤ︖ ᠲᠤᠩ᠋ᠭᠠᠯᠠᠭ ᠤᠰᠤ ᠶᠢ ᠤᠤᠭᠤᠬᠤ ᠴᠢᠨᠢ ᠪᠠᠭᠠᠳᠠᠭᠠᠳ᠂ ᠦᠯᠡᠳᠡᠭᠰᠡᠨ ᠢ ᠨᠢ ᠬᠥᠯ ᠢᠶᠡᠷ ᠢᠶᠠᠨ ᠪᠤᠯᠠᠩ᠋ᠭᠢᠷᠲᠤᠭᠤᠯᠤᠨᠠ ᠭᠡᠵᠢ ᠤᠤ︖ 19 ᠮᠢᠨᠦ ᠬᠣᠨᠢᠳ ᠬᠥᠯ ᠢᠶᠡᠷ ᠢᠶᠠᠨ ᠲᠠᠯᠬᠢᠯᠠᠭᠰᠠᠨ ᠢ ᠴᠢᠨᠢ ᠢᠳᠡᠵᠦ᠂ ᠬᠥᠯ ᠢᠶᠡᠷ ᠢᠶᠠᠨ ᠪᠤᠯᠠᠩᠭᠢᠷᠲᠤᠭᠤᠯᠤᠭᠰᠠᠨ ᠢ ᠴᠢᠨᠢ ᠤᠤᠭᠤᠬᠤ ᠶᠣᠰᠣᠲᠠᠢ ᠤᠤ︖〉》
20 ᠲᠡᠢᠮᠦ ᠡᠴᠡ ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 《ᠬᠠᠷ᠎ᠠ᠂ ᠪᠢ ᠥᠪᠡᠷ ᠢᠶᠡᠨ ᠲᠠᠷᠭᠤᠨ ᠬᠣᠨᠢ ᠪᠣᠯᠣᠨ ᠡᠴᠡᠩᠬᠡᠢ ᠬᠣᠨᠢᠨ ᠤ ᠬᠣᠭᠣᠷᠣᠨᠳᠣᠬᠢ ᠶᠢ ᠰᠢᠭᠦᠨ᠎ᠡ᠃ 21 ᠲᠠ ᠨᠠᠷ ᠬᠠᠮᠤᠭ ᠰᠤᠯᠠ ᠳᠣᠷᠣᠢ ᠪᠠᠨ ᠲᠠᠰᠢᠶ᠎ᠠ ᠪᠣᠯᠣᠨ ᠮᠥᠷᠥ ᠪᠡᠷ ᠢᠶᠠᠨ ᠲᠦᠯᠬᠢᠨ᠂ ᠡᠪᠡᠷ ᠢᠶᠡᠷ ᠢᠶᠠᠨ ᠮᠥᠷᠭᠥᠵᠦ ᠭᠠᠳᠠᠭᠰᠢ ᠪᠤᠲᠠᠷᠠᠭᠠᠳᠠᠭ᠃ 22 ᠲᠡᠢᠮᠦ ᠡᠴᠡ ᠪᠢ ᠥᠪᠡᠷ ᠦᠨ ᠢᠶᠠᠨ ᠰᠦᠷᠦᠭ ᠢ ᠠᠪᠤᠷᠠᠨ᠎ᠠ᠂ ᠲᠡᠳᠡ ᠳᠠᠬᠢᠨ ᠣᠯᠵᠠ ᠪᠣᠯᠬᠤ ᠦᠭᠡᠢ᠃ ᠪᠢ ᠬᠣᠨᠢ ᠬᠣᠨᠢᠨ ᠤ ᠬᠣᠭᠣᠷᠣᠨᠳᠣᠬᠢ ᠶᠢ ᠰᠢᠭᠦᠨ᠎ᠡ᠃
23 ᠪᠢ ᠲᠡᠳᠡᠨ ᠦ ᠳᠡᠭᠡᠷ᠎ᠡ ᠨᠢᠭᠡᠨ ᠬᠣᠨᠢᠴᠢᠨ ᠢ ᠲᠣᠮᠢᠯᠠᠬᠤ ᠪᠥᠭᠡᠳ ᠲᠡᠷᠡ ᠪᠡᠷ ᠲᠡᠳᠡᠨ ᠢ ᠬᠣᠨᠢᠴᠢᠯᠠᠬᠤ ᠪᠣᠯᠣᠨ᠎ᠠ᠃ ᠲᠡᠷᠡ ᠪᠣᠯ ᠮᠢᠨᠦ ᠵᠠᠷᠤᠴᠠ ᠳ᠋ᠠᠸᠢᠳ᠋ ᠶᠤᠮ᠂ ᠲᠡᠷᠡ ᠲᠡᠳᠡᠨ ᠢ ᠬᠣᠨᠢᠴᠢᠯᠠᠵᠤ᠂ ᠲᠡᠳᠡᠨ ᠦ ᠬᠣᠨᠢᠴᠢᠨ ᠪᠣᠯᠣᠨ᠎ᠠ᠃ 24 ᠶᠣᠬᠣᠸᠠ ᠪᠢ ᠲᠡᠳᠡᠨ ᠦ ᠪᠤᠷᠬᠠᠨ ᠪᠣᠯᠵᠤ᠂ ᠮᠢᠨᠦ ᠵᠠᠷᠤᠴᠠ ᠳ᠋ᠠᠸᠢᠳ᠋ ᠲᠡᠳᠡᠨ ᠦ ᠳᠤᠮᠳᠠ ᠬᠠᠭᠠᠨ ᠪᠣᠯᠣᠨ᠎ᠠ᠃ ᠶᠣᠬᠣᠸᠠ ᠪᠢ ᠡᠭᠦᠨ ᠢ ᠶᠠᠷᠢᠯ᠎ᠠ᠃
25 ᠪᠢ ᠲᠡᠳᠡᠨ ᠲᠡᠢ ᠡᠩᠬᠡ ᠲᠠᠢᠪᠤᠩ ᠤᠨ ᠭᠡᠷ᠎ᠡ ᠪᠠᠢᠭᠤᠯᠵᠤ᠂ ᠬᠥᠨᠥᠭᠡᠯᠲᠦ ᠠᠷᠢᠶᠠᠲᠠᠳ ᠢ ᠡᠨᠡ ᠨᠤᠲᠤᠭ ᠠᠴᠠ ᠠᠷᠢᠯᠭᠠᠨ᠎ᠠ᠃ ᠢᠩᠭᠢᠭᠰᠡᠨ ᠢᠶᠡᠷ ᠲᠡᠳᠡ ᠴᠥᠯ ᠳᠤ ᠠᠶᠤᠯ ᠦᠭᠡᠢ ᠠᠮᠢᠳᠤᠷᠠᠬᠤ ᠪᠥᠭᠡᠳ ᠣᠢ ᠳᠤ ᠤᠨᠲᠠᠨ᠎ᠠ᠃ 26 ᠪᠢ ᠲᠡᠳᠡᠨ ᠢ ᠪᠣᠯᠣᠨ ᠲᠣᠯᠣᠭᠠᠳ ᠤᠨ ᠮᠢᠨᠢ ᠡᠷᠭᠢᠨ ᠲᠣᠭᠣᠷᠢᠨ ᠳᠠᠬᠢ ᠭᠠᠵᠠᠷ ᠤᠳ ᠢ ᠢᠪᠡᠭᠡᠯ ᠪᠣᠯᠭᠠᠨ᠎ᠠ᠃ ᠪᠢ ᠤᠯᠠᠷᠢᠯ ᠳᠤᠨᠢ ᠪᠣᠷᠣᠭᠠᠨ ᠣᠷᠣᠭᠤᠯᠵᠤ᠂ ᠲᠡᠷᠡ ᠨᠢ ᠢᠪᠡᠭᠡᠯ ᠦᠨ ᠪᠣᠷᠣᠭᠠᠨ ᠪᠠᠢᠬᠤ ᠪᠣᠯᠣᠨ᠎ᠠ᠃ 27 ᠬᠡᠭᠡᠷ᠎ᠡ ᠲᠠᠯ᠎ᠠ ᠶᠢᠨ ᠮᠣᠳᠣᠳ ᠵᠢᠮᠢᠰ ᠢᠶᠠᠨ ᠭᠠᠷᠭᠠᠨ᠂ ᠭᠠᠵᠠᠷ ᠨᠢ ᠭᠠᠷᠤᠯᠲᠠ ᠪᠠᠨ ᠭᠠᠷᠭᠠᠵᠤ᠂ ᠲᠡᠳᠡ ᠠᠶᠤᠯ ᠦᠭᠡᠢ ᠪᠣᠯᠣᠨ᠎ᠠ᠃ ᠪᠢ ᠪᠤᠭᠤᠯᠠᠭ᠎ᠠ ᠶᠢ ᠨᠢ ᠡᠪᠳᠡᠵᠦ᠂ ᠲᠡᠳᠡᠨ ᠢ ᠪᠣᠭᠣᠯᠴᠢᠯᠠᠭᠴᠢ ᠶᠢᠨ ᠬᠢᠨᠢ ᠭᠠᠷ ᠠᠴᠠ ᠠᠪᠤᠷᠠᠬᠤ ᠳᠤ᠂ ᠲᠡᠳᠡ ᠨᠠᠮᠠᠶᠢ ᠶᠣᠬᠣᠸᠠ ᠭᠡᠳᠡᠭ ᠢ ᠮᠡᠳᠡᠬᠦ ᠪᠣᠯᠣᠨ᠎ᠠ᠃ 28 ᠲᠡᠳᠡ ᠦᠨᠳᠦᠰᠦᠲᠡᠨ ᠨᠦᠭᠦᠳ ᠲᠦ ᠣᠯᠵᠠ ᠪᠣᠯᠬᠤ ᠪᠠᠨ ᠪᠣᠯᠢᠵᠤ᠂ ᠵᠡᠷᠯᠢᠭ ᠠᠷᠢᠶᠠᠲᠠᠳ ᠲᠡᠳᠡᠨ ᠢ ᠵᠠᠯᠭᠢᠬᠤ ᠦᠭᠡᠢ᠃ ᠲᠡᠳᠡ ᠠᠶᠤᠯ ᠦᠭᠡᠢ ᠠᠮᠢᠳᠤᠷᠠᠵᠤ᠂ ᠬᠡᠨ ᠴᠤ ᠲᠡᠳᠡᠨ ᠢ ᠠᠶᠤᠯᠭᠠᠬᠤ ᠦᠭᠡᠢ᠃ 29 ᠪᠢ ᠠᠯᠳᠠᠷ ᠲᠠᠢ ᠪᠣᠯᠬᠤ ᠲᠠᠷᠢᠶᠠᠯᠠᠩ ᠢ ᠲᠡᠳᠡᠨ ᠳᠦ ᠪᠠᠢᠭᠤᠯᠵᠤ ᠥᠭᠭᠥᠨ᠎ᠡ᠃ ᠲᠡᠳᠡ ᠳᠠᠬᠢᠨ ᠲᠡᠷᠡ ᠭᠠᠵᠠᠷ ᠳᠠᠬᠢ ᠥᠯᠥᠰᠬᠥᠯᠡᠩ ᠳᠤ ᠥᠷᠲᠥᠬᠦ ᠦᠭᠡᠢ᠂ ᠬᠠᠷᠢᠴᠤᠳ ᠤᠨ ᠪᠠᠰᠤᠮᠵᠢᠯᠠᠯ ᠢ ᠡᠭᠦᠷᠬᠦ ᠦᠭᠡᠢ᠃ 30 ᠲᠡᠢᠨ ᠬᠦ ᠲᠡᠳᠡᠨ ᠦ ᠪᠤᠷᠬᠠᠨ ᠶᠣᠬᠣᠸᠠ ᠪᠢ ᠲᠡᠳᠡᠨ ᠲᠡᠢ ᠬᠠᠮᠲᠤ ᠪᠠᠢᠭ᠎ᠠ ᠶᠢ᠂ ᠢᠰᠷᠧᠯ ᠤᠨ ᠭᠡᠷ ᠪᠣᠯ ᠮᠢᠨᠦ ᠠᠷᠠᠳ ᠲᠦᠮᠡᠨ ᠭᠡᠳᠡᠭ ᠢ ᠲᠡᠳᠡ ᠮᠡᠳᠡᠬᠦ ᠪᠣᠯᠣᠨ᠎ᠠ᠃》 ᠡᠵᠡᠨ ᠶᠣᠬᠣᠸᠠ ᠠᠢᠯᠠᠳᠴᠤ ᠪᠠᠢᠨ᠎ᠠ᠃ 31 《ᠲᠠ ᠨᠠᠷ ᠪᠣᠯ ᠮᠢᠨᠦ ᠬᠣᠨᠢᠳ᠂ ᠮᠢᠨᠦ ᠪᠡᠯᠴᠢᠭᠡᠷ ᠳᠠᠬᠢ ᠰᠦᠷᠦᠭ᠂ ᠲᠠ ᠨᠠᠷ ᠪᠣᠯ ᠬᠥᠮᠦᠨ᠂ ᠪᠢ ᠪᠣᠯ ᠲᠠ ᠨᠠᠷ ᠤᠨ ᠪᠤᠷᠬᠠᠨ》 ᠭᠡᠵᠦ ᠡᠵᠡᠨ ᠶᠣᠬᠣᠸᠠ ᠠᠢᠯᠠᠳᠴᠤ ᠪᠠᠢᠨ᠎ᠠ᠃