1 2 3 4 5 6 7 8 9 10 11 12 13 14 15 16 17 18 19 20 21 22 23 24 25 26 27 28 29 30 31 32 33 34 35 36 37 38 39 40 41 42 43 44 45 46 47 48


ᠡᠽᠧᠺᠢᠶᠧᠯ ᠳᠥᠴᠢ
 ᠰᠢᠨ᠎ᠡ ᠥᠷᠭᠥᠭᠡᠨ ᠦ ᠦᠵᠡᠭᠳᠡᠯ

1 ᠪᠢᠳᠡᠨ ᠦ ᠴᠥᠯᠡᠭᠳᠡᠭᠰᠡᠨ ᠦ ᠬᠣᠷᠢᠨ ᠲᠠᠪᠤᠳᠠᠬᠢ ᠵᠢᠯ᠂ ᠲᠡᠷᠡ ᠵᠢᠯ ᠤᠨ ᠡᠬᠢᠨ ᠳᠤ᠂ ᠲᠡᠷᠡ ᠰᠠᠷ᠎ᠠ ᠶᠢᠨ ᠠᠷᠪᠠᠨ ᠳᠤ ᠪᠤᠶᠤ ᠬᠣᠲᠠ ᠡᠵᠡᠯᠡᠭᠳᠡᠭᠰᠡᠨ ᠡᠴᠡ ᠬᠣᠢᠰᠢ ᠠᠷᠪᠠᠨ ᠳᠥᠷᠪᠡᠳᠡᠬᠢ ᠵᠢᠯ ᠤᠨ ᠶᠠᠭ ᠲᠡᠷᠡ ᠡᠳᠦᠷ᠂ ᠶᠣᠬᠣᠸᠠ ᠶᠢᠨ ᠮᠤᠲᠤᠷ ᠮᠢᠨᠦ ᠳᠡᠭᠡᠷ᠎ᠡ ᠢᠷᠡᠵᠦ᠂ ᠨᠠᠮᠠᠶᠢ ᠲᠡᠨᠳᠡ ᠠᠪᠠᠴᠢᠪᠠ᠃ 2 ᠪᠤᠷᠬᠠᠨ ᠤ ᠦᠵᠡᠭᠳᠡᠯ ᠦᠨ ᠳᠣᠲᠣᠷ᠎ᠠ ᠲᠡᠷᠡ ᠨᠠᠮᠠᠶᠢ ᠢᠰᠷᠧᠯ ᠤᠨ ᠨᠤᠲᠤᠭ ᠲᠤ ᠠᠪᠠᠴᠢᠨ᠂ ᠮᠠᠰᠢ ᠥᠨᠳᠥᠷ ᠠᠭᠤᠯᠠᠨ ᠳᠡᠭᠡᠷ᠎ᠡ ᠪᠠᠭᠤᠯᠭᠠᠪᠠ᠃ ᠡᠮᠦᠨ᠎ᠡ ᠵᠦᠭ ᠲᠦ ᠬᠣᠲᠠ ᠮᠡᠲᠦ ᠨᠢᠭᠡᠨ ᠪᠠᠷᠢᠯᠭ᠎ᠠ ᠪᠠᠢᠪᠠ᠃ 3 ᠲᠡᠷᠡ ᠨᠠᠮᠠᠶᠢ ᠲᠡᠰᠢ ᠠᠪᠠᠴᠢᠬᠤ ᠳᠤ᠂ ᠪᠢ ᠲᠡᠨᠳᠡ ᠬᠦᠷᠡᠯ ᠮᠡᠲᠦ ᠬᠠᠷᠠᠭᠳᠠᠳᠠᠭ ᠬᠥᠮᠦᠨ ᠢ ᠬᠠᠷᠠᠪᠠ᠃ ᠲᠡᠷᠡ ᠪᠡᠷ ᠭᠠᠷ ᠲᠠᠭᠠᠨ ᠣᠯᠣᠰᠣᠨ ᠬᠡᠮᠵᠢᠭᠦᠷ ᠪᠠ ᠬᠡᠮᠵᠢᠭᠦᠷ ᠰᠠᠪᠠᠭ᠎ᠠ ᠪᠠᠷᠢᠨ ᠡᠭᠦᠳᠡᠨ ᠳᠦ ᠵᠣᠭᠰᠣᠵᠤ ᠪᠠᠢᠪᠠ᠃ 4 ᠲᠡᠷᠡ ᠬᠥᠮᠦᠨ ᠨᠠᠳᠠ ᠳᠤ᠄ 《ᠬᠥᠮᠦᠨ ᠦ ᠬᠦᠦ ᠡ᠂ ᠴᠢᠮ᠎ᠠ ᠳᠤ ᠦᠵᠡᠭᠦᠯᠬᠦ ᠪᠦᠬᠦᠨ ᠢ ᠮᠢᠨᠢ ᠨᠢᠳᠦ ᠪᠡᠷ ᠢᠶᠠᠨ ᠬᠠᠷᠠᠵᠤ᠂ ᠴᠢᠬᠢ ᠪᠠᠷ ᠢᠶᠠᠨ ᠰᠣᠨᠣᠰᠣᠨ᠂ ᠡᠭᠦᠨ ᠳᠦ ᠰᠠᠨᠠᠭ᠎ᠠ ᠲᠠᠯᠪᠢ᠃ ᠡᠭᠦᠨ ᠢ ᠦᠵᠡᠭᠦᠯᠬᠦ ᠪᠡᠷ ᠴᠢᠮᠠᠶᠢ ᠡ᠊ᠨᠳᠡ ᠠᠪᠴᠢᠷᠠᠭᠰᠠᠨ᠂ ᠴᠢ ᠦᠵᠡᠵᠦ ᠪᠠᠢᠭ᠎ᠠ ᠪᠦᠬᠦᠨ ᠢᠶᠡᠨ ᠢᠰᠷᠧᠯ ᠤᠨ ᠭᠡᠷ ᠲᠦ ᠮᠡᠳᠡᠭᠦᠯ》 ᠭᠡᠪᠡ᠃
 ᠭᠠᠳᠠᠭᠠᠳᠤ ᠬᠦᠷᠢᠶᠡᠨ ᠦ ᠬᠠᠭᠠᠯᠭ᠎ᠠ ᠨᠤᠭᠤᠳ

5 ᠬᠠᠷᠠ᠂ ᠲᠡᠨᠳᠡ ᠥᠷᠭᠥᠭᠡᠨ ᠦ ᠭᠠᠳᠠᠨ᠎ᠠ ᠲᠠᠯ᠎ᠠ ᠶᠢ ᠬᠦᠷᠢᠶᠡᠯᠡᠭᠰᠡᠨ ᠨᠢᠭᠡᠨ ᠬᠡᠷᠡᠮ ᠪᠠᠢᠪᠠ᠃ ᠨᠥᠭᠥᠭᠡ ᠬᠥᠮᠦᠨ ᠦ ᠭᠠᠷ ᠲᠤ ᠵᠢᠷᠭᠤᠭᠠᠨ ᠲᠣᠬᠣᠢ ᠤᠷᠲᠤ ᠬᠡᠮᠵᠢᠭᠦᠷ ᠰᠠᠪᠠᠭ᠎ᠠ ᠪᠠᠢᠪᠠ᠃ ᠡᠨᠡ ᠬᠦ ᠲᠣᠬᠣᠢ ᠨᠢ ᠨᠢᠭᠡ ᠲᠣᠬᠣᠢ ᠶᠢᠨ ᠭᠠᠳᠠᠨ᠎ᠠ ᠠᠯᠠᠭᠠᠨ ᠤ ᠡᠩ ᠦᠨ ᠬᠡᠮᠵᠢᠶ᠎ᠡ ᠲᠠᠢ᠃ ᠲᠡᠷᠡ ᠪᠡᠷ ᠬᠡᠷᠡᠮ ᠦᠨ ᠵᠤᠵᠠᠭᠠᠨ ᠢ ᠬᠡᠮᠵᠢᠬᠦ ᠳᠦ᠂ ᠨᠢᠭᠡ ᠰᠠᠪᠠᠭ᠎ᠠ ᠪᠠᠢᠵᠤ᠂ ᠥᠨᠳᠥᠷ ᠨᠢ ᠨᠢᠭᠡ ᠰᠠᠪᠠᠭ᠎ᠠ ᠪᠠᠢᠵᠠᠢ᠃ 6 ᠲᠡᠷᠡ ᠵᠡᠭᠦᠨᠰᠢ ᠬᠠᠷᠠᠭᠰᠠᠨ ᠬᠠᠭᠠᠯᠭ᠎ᠠ ᠤᠷᠤᠭᠤ ᠣᠴᠢᠵᠤ᠂ ᠱᠠᠲᠤ ᠪᠠᠷ ᠨᠢ ᠥᠭᠰᠥᠨ᠂ ᠬᠠᠭᠠᠯᠭᠠᠨ ᠤ ᠪᠣᠱᠣᠭ᠎ᠠ ᠶᠢ ᠬᠡᠮᠵᠢᠬᠦ ᠳᠦ᠂ ᠵᠤᠵᠠᠭᠠᠨ ᠨᠢ ᠨᠢᠭᠡ ᠰᠠᠪᠠᠭ᠎ᠠ ᠪᠠᠢᠪᠠ᠃ 7 ᠬᠠᠷᠠᠭᠤᠯ ᠤᠨ ᠥᠷᠥᠭᠡᠨ ᠦ ᠤᠷᠲᠤ ᠨᠢ ᠨᠢᠭᠡ ᠰᠠᠪᠠᠭ᠎ᠠ᠂ ᠥᠷᠭᠡᠨ ᠨᠢ ᠨᠢᠭᠡ ᠰᠠᠪᠠᠭ᠎ᠠ ᠪᠥᠭᠡᠳ ᠬᠠᠷᠠᠭᠤᠯ ᠤᠨ ᠥᠷᠥᠭᠡ ᠨᠦᠭᠦᠳ ᠦᠨ ᠬᠣᠭᠣᠷᠣᠨᠳᠣᠬᠢ ᠬᠠᠨ᠎ᠠ ᠶᠢᠨ ᠵᠤᠵᠠᠭᠠᠨ ᠨᠢ ᠲᠠᠪᠤᠨ ᠲᠣᠬᠣᠢ ᠪᠠᠢᠪᠠ᠃ ᠥᠷᠭᠥᠭᠡ ᠤᠷᠤᠭᠤ ᠬᠠᠨᠳᠤᠭᠰᠠᠨ ᠬᠣᠩᠭᠢᠯ ᠤᠷᠤᠭᠤ ᠬᠠᠷᠠᠬᠤ ᠬᠠᠭᠠᠯᠭᠠᠨ ᠤ ᠪᠣᠱᠣᠭ᠎ᠠ ᠶᠢᠨ ᠵᠤᠵᠠᠭᠠᠨ ᠨᠢ ᠨᠢᠭᠡ ᠰᠠᠪᠠᠭ᠎ᠠ ᠪᠠᠢᠪᠠ᠃ 8 ᠬᠠᠭᠠᠯᠭᠠᠨ ᠤ ᠬᠣᠩᠭᠢᠯ ᠢ ᠬᠡᠮᠵᠢᠬᠦ ᠳᠦ᠂ 9 ᠨᠠᠢ᠌ᠮᠠᠨ ᠲᠣᠬᠣᠢ ᠤᠷᠲᠤ᠂ ᠬᠠᠵᠠᠭᠤ ᠶᠢᠨ ᠪᠠᠭᠠᠨ᠎ᠠ ᠨᠤᠭᠤᠳ ᠨᠢ ᠬᠣᠶᠠᠷ ᠲᠣᠬᠣᠢ ᠥᠷᠭᠡᠨ ᠪᠠᠢᠪᠠ᠃ ᠬᠠᠭᠠᠯᠭᠠᠨ ᠤ ᠬᠣᠩᠭᠢᠯ ᠥᠷᠭᠥᠭᠡ ᠤᠷᠤᠭᠤ ᠬᠠᠷᠠᠭᠰᠠᠨ ᠪᠠᠢᠪᠠ᠃ 10 ᠵᠡᠭᠦᠨᠰᠢ ᠬᠠᠷᠠᠭᠰᠠᠨ ᠬᠠᠭᠠᠯᠭᠠᠨ ᠤ ᠬᠠᠷᠠᠭᠤᠯ ᠤᠨ ᠥᠷᠥᠭᠡ ᠨᠦᠭᠦᠳ ᠨᠢ ᠬᠣᠶᠠᠷ ᠲᠠᠯ᠎ᠠ ᠳᠤ ᠲᠤᠰ ᠪᠦᠷᠢ ᠭᠤᠷᠪᠠ ᠪᠠᠢᠭᠰᠠᠨ᠃ ᠲᠡᠷᠡ ᠭᠤᠷᠪᠠ ᠶᠢᠨ ᠬᠡᠮᠵᠢᠶ᠎ᠡ ᠨᠢ ᠠᠳᠠᠯᠢ ᠪᠥᠭᠡᠳ ᠬᠣᠭᠣᠷᠣᠨᠳᠣᠬᠢ ᠬᠠᠨ᠎ᠠ ᠨᠤᠭᠤᠳ ᠤᠨ ᠬᠢᠨᠢ ᠬᠡᠮᠵᠢᠶ᠎ᠡ ᠴᠤ ᠬᠣᠶᠠᠷ ᠲᠠᠯ᠎ᠠ ᠳᠠᠭᠠᠨ ᠪᠦᠷ ᠠᠳᠠᠯᠢ᠃ 11 ᠬᠠᠭᠠᠯᠭᠠᠨ ᠤ ᠥᠷᠭᠡᠨ ᠢ ᠬᠡᠮᠵᠢᠬᠦ ᠳᠦ᠂ ᠠᠷᠪᠠᠨ ᠲᠣᠬᠣᠢ ᠪᠠᠢᠵᠤ᠂ ᠬᠠᠭᠠᠯᠭᠠᠨ ᠵᠠᠮ ᠤᠨ ᠥᠷᠭᠡᠨ ᠨᠢ ᠠᠷᠪᠠᠨ ᠭᠤᠷᠪᠠᠨ ᠲᠣᠬᠣᠢ ᠪᠣᠯᠪᠠ᠃ 12 ᠬᠠᠷᠠᠭᠤᠯ ᠤᠨ ᠥᠷᠥᠭᠡ ᠨᠦᠭᠦᠳ ᠦᠨ ᠨᠢᠭᠤᠷ ᠲᠠᠯ᠎ᠠ ᠳᠤ ᠨᠢᠭᠡ ᠲᠣᠬᠣᠢ ᠥᠨᠳᠥᠷ ᠲᠤᠰᠠᠭᠠᠷᠯᠠᠬᠤ ᠬᠠᠨ᠎ᠠ ᠪᠠᠢᠪᠠ᠃ ᠥᠷᠥᠭᠡ ᠨᠦᠭᠦᠳ ᠨᠢ ᠳᠥᠷᠪᠡᠯᠵᠢᠨ᠂ ᠲᠠᠯ᠎ᠠ ᠪᠦᠷᠢ ᠳᠡᠭᠡᠨ ᠵᠢᠷᠭᠤᠭᠠᠨ ᠲᠣᠬᠣᠢ᠃ 13 ᠨᠢᠭᠡ ᠬᠠᠷᠠᠭᠤᠯ ᠤᠨ ᠥᠷᠥᠭᠡᠨ ᠦ ᠳᠡᠭᠡᠪᠦᠷ ᠡᠴᠡ ᠬᠠᠷᠠᠯᠳᠤᠭ᠎ᠠ ᠬᠠᠷᠠᠭᠤᠯ ᠤᠨ ᠥᠷᠥᠭᠡᠨ ᠦ ᠳᠡᠭᠡᠪᠦᠷ ᠬᠦᠷᠲᠡᠯᠡᠬᠢ ᠵᠠᠢ ᠶᠢ ᠬᠡᠮᠵᠢᠬᠦ ᠳᠦ᠂ ᠬᠣᠷᠢᠨ ᠲᠠᠪᠤᠨ ᠲᠣᠬᠣᠢ ᠪᠠᠢᠪᠠ᠃ ᠥᠷᠥᠭᠡ ᠨᠦᠭᠦᠳ ᠦᠨ ᠡᠭᠦᠳᠡ ᠨᠢ ᠥᠭᠡᠳᠡ ᠥᠭᠡᠳᠡ ᠡᠴᠡ ᠪᠡᠨ ᠬᠠᠷᠠᠵᠤ ᠪᠠᠢᠪᠠ᠃ 14 ᠬᠠᠭᠠᠯᠭᠠᠨ ᠵᠠᠮ ᠤᠨ ᠤᠷᠲᠤ ᠨᠢ ᠵᠢᠷᠠᠨ ᠲᠣᠬᠣᠢ᠂ ᠡᠷᠭᠢᠨ ᠲᠣᠭᠣᠷᠢᠨ ᠳᠤᠨᠢ ᠬᠦᠷᠢᠶ᠎ᠡ ᠪᠠᠢᠪᠠ᠃ 15 ᠬᠠᠭᠠᠯᠭᠠᠨ ᠵᠠᠮ ᠤᠨ ᠡᠬᠢᠨ ᠡᠴᠡ ᠬᠣᠩᠭᠢᠯ ᠤᠨ ᠤᠷᠳᠤ ᠲᠠᠯ᠎ᠠ ᠬᠦᠷᠲᠡᠯ᠎ᠡ ᠲᠠᠪᠢᠨ ᠲᠣᠬᠣᠢ ᠪᠠᠢᠪᠠ᠃ 16 ᠬᠠᠷᠠᠭᠤᠯ ᠤᠨ ᠥᠷᠥᠭᠡ ᠪᠣᠯᠭᠠᠨ ᠤ ᠭᠠᠳᠠᠨᠠᠬᠢ ᠬᠠᠨ᠎ᠠ ᠳᠤ᠂ ᠮᠥᠨ ᠥᠷᠥᠭᠡ ᠨᠦᠭᠦᠳ ᠦᠨ ᠬᠣᠭᠣᠷᠣᠨᠳᠣᠬᠢ ᠬᠠᠨ᠎ᠠ ᠪᠣᠯᠣᠨ ᠬᠣᠩᠭᠢᠯ ᠳᠤ ᠴᠣᠩ᠋ᠬᠣ ᠲᠠᠢ᠂ ᠡᠭᠦᠳᠡᠨ ᠦ ᠬᠠᠵᠠᠭᠤ ᠶᠢᠨ ᠪᠠᠭᠠᠨ᠎ᠠ ᠪᠣᠯᠭᠠᠨ ᠳᠠᠯᠳᠠᠤ ᠮᠣᠳᠣᠨ ᠤ ᠰᠡᠢᠯᠪᠦᠷᠢ ᠲᠠᠢ᠃

17 ᠲᠡᠷᠡ ᠨᠠᠮᠠᠶᠢ ᠭᠠᠳᠠᠨᠠᠬᠢ ᠬᠦᠷᠢᠶ᠎ᠡ ᠤᠷᠤᠭᠤ ᠠᠪᠠᠴᠢᠪᠠ᠃ ᠲᠡᠨᠳᠡ ᠪᠢ ᠥᠷᠥᠭᠡ ᠨᠦᠭᠦᠳ ᠢ ᠬᠠᠷᠠᠪᠠ᠃ ᠬᠦᠷᠢᠶ᠎ᠡ ᠶᠢ ᠲᠣᠭᠣᠷᠢᠭᠰᠠᠨ ᠴᠢᠯᠠᠭᠤᠨ ᠵᠠᠮ ᠤᠨ ᠬᠠᠵᠠᠭᠤ ᠪᠠᠷ ᠭᠤᠴᠢᠨ ᠥᠷᠥᠭᠡ ᠪᠠᠢᠵᠠᠢ᠃ 18 ᠡᠨᠡ ᠴᠢᠯᠠᠭᠤᠨ ᠵᠠᠮ ᠨᠢ ᠳᠣᠣᠷ᠎ᠠ ᠵᠠᠮ ᠪᠥᠭᠡᠳ ᠬᠠᠭᠠᠯᠭᠠᠨ ᠵᠠᠮ ᠲᠠᠢ ᠵᠠᠯᠭᠠᠯᠳᠤᠭᠰᠠᠨ ᠬᠡᠰᠡᠭ ᠦᠨ ᠥᠷᠭᠡᠨ ᠨᠢ ᠬᠠᠭᠠᠯᠭᠠᠨ ᠵᠠᠮ ᠤᠨ ᠤᠷᠲᠤ ᠲᠠᠢ ᠲᠡᠩᠴᠡᠨ᠎ᠡ᠃ 19 ᠳᠣᠣᠷᠠᠳᠤ ᠬᠠᠭᠠᠯᠭᠠᠨ ᠵᠠᠮ ᠤᠨ ᠳᠣᠲᠣᠷ᠎ᠠ ᠲᠠᠯ᠎ᠠ ᠠᠴᠠ ᠳᠣᠲᠣᠭᠠᠳᠤ ᠬᠦᠷᠢᠶᠡᠨ ᠦ ᠬᠠᠭᠠᠯᠭᠠᠨ ᠵᠠᠮ ᠤᠨ ᠭᠠᠳᠠᠨ᠎ᠠ ᠲᠠᠯ᠎ᠠ ᠬᠦᠷᠲᠡᠯᠡᠬᠢ ᠵᠠᠢ ᠶᠢ ᠬᠡᠮᠵᠢᠬᠦ ᠳᠦ᠂ ᠵᠡᠭᠦᠨᠰᠢ ᠪᠣᠯᠣᠨ ᠬᠣᠢᠰᠢ ᠪᠦᠷ ᠵᠠᠭᠤᠨ ᠲᠣᠬᠣᠢ ᠪᠠᠢᠪᠠ᠃

20 ᠲᠡᠷᠡ ᠪᠡᠷ ᠬᠣᠢᠰᠢ ᠬᠠᠷᠠᠭᠰᠠᠨ ᠭᠠᠳᠠᠨᠠᠬᠢ ᠬᠦᠷᠢᠶᠡᠨ ᠦ ᠬᠠᠭᠠᠯᠭᠠᠨ ᠵᠠᠮ ᠤᠨ ᠤᠷᠲᠤ ᠥᠷᠭᠡᠨ ᠢ ᠬᠡᠮᠵᠢᠬᠦ ᠳᠦ᠂ 21 ᠤᠷᠲᠤ ᠨᠢ ᠲᠠᠪᠢᠨ ᠲᠣᠬᠣᠢ᠂ ᠥᠷᠭᠡᠨ ᠨᠢ ᠬᠣᠷᠢᠨ ᠲᠠᠪᠤᠨ ᠲᠣᠬᠣᠢ ᠪᠠᠢᠵᠠᠢ᠃ ᠲᠡᠷᠡ ᠨᠢ ᠬᠣᠶᠠᠷ ᠲᠠᠯ᠎ᠠ ᠳᠠᠭᠠᠨ ᠭᠤᠷᠪᠠ ᠭᠤᠷᠪᠠᠨ ᠬᠠᠷᠠᠭᠤᠯ ᠤᠨ ᠥᠷᠥᠭᠡ ᠲᠠᠢ᠂ ᠥᠷᠥᠭᠡ ᠨᠦᠭᠦᠳ᠂ ᠬᠣᠭᠣᠷᠣᠨᠳᠣᠬᠢ ᠬᠠᠨ᠎ᠠ ᠨᠤᠭᠤᠳ᠂ ᠬᠣᠩᠭᠢᠯ ᠨᠢ ᠵᠡᠭᠦᠨᠰᠢ ᠬᠠᠷᠠᠭᠰᠠᠨ ᠬᠠᠭᠠᠯᠭᠠᠨ ᠤ ᠬᠢ ᠲᠠᠢ ᠠᠳᠠᠯᠢ᠃ 22 ᠲᠡᠭᠦᠨ ᠦ ᠴᠣᠩ᠋ᠬᠣ ᠨᠤᠭᠤᠳ᠂ ᠬᠣᠩᠭᠢᠯ᠂ ᠳᠠᠯᠳᠠᠤ ᠮᠣᠳᠣᠨ ᠤ ᠰᠡᠢᠯᠪᠦᠷᠢ ᠨᠢ ᠴᠤ ᠵᠡᠭᠦᠨᠰᠢ ᠬᠠᠷᠠᠭᠰᠠᠨ ᠬᠠᠭᠠᠯᠭᠠᠨ ᠤ ᠬᠢ ᠲᠠᠢ ᠠᠳᠠᠯᠢ ᠬᠡᠮᠵᠢᠶ᠎ᠡ ᠲᠠᠢ᠃ ᠳᠣᠯᠣᠭᠠᠨ ᠭᠢᠰᠬᠢᠭᠦᠷ ᠢᠶᠡᠷ ᠥᠭᠰᠥᠪᠡᠯ ᠬᠠᠭᠠᠯᠭ᠎ᠠ ᠪᠤᠢ᠂ ᠡᠰᠡᠷᠭᠦ ᠲᠠᠯ᠎ᠠ ᠳᠤᠨᠢ ᠬᠣᠩᠭᠢᠯ ᠪᠠᠢᠪᠠ᠃ 23 ᠳᠣᠲᠣᠭᠣᠳᠤ ᠬᠦᠷᠢᠶᠡᠨ ᠳᠦᠨᠢ ᠵᠡᠭᠦᠨ ᠲᠠᠯ᠎ᠠ ᠶᠢᠨ ᠬᠠᠭᠠᠯᠭᠠᠨ ᠤ ᠬᠢ ᠰᠢᠭ᠋ ᠬᠣᠢᠲᠤ ᠲᠠᠯ᠎ᠠ ᠶᠢᠨ ᠬᠠᠭᠠᠯᠭᠠᠨ ᠤ ᠥᠭᠡᠳᠡ ᠡᠴᠡ ᠬᠠᠷᠠᠭᠰᠠᠨ ᠥᠭᠡᠷ᠎ᠡ ᠨᠢᠭᠡ ᠬᠠᠭᠠᠯᠭ᠎ᠠ ᠪᠠᠢᠪᠠ᠃ ᠲᠡᠷᠡ ᠬᠣᠶᠠᠷ ᠬᠠᠭᠠᠯᠭᠠᠨ ᠤ ᠵᠠᠢ ᠶᠢ ᠬᠡᠮᠵᠢᠬᠦ ᠳᠦ᠂ ᠵᠠᠭᠤᠨ ᠲᠣᠬᠣᠢ ᠪᠠᠢᠪᠠ᠃

24 ᠲᠡᠷᠡ ᠨᠠᠮᠠᠶᠢ ᠡᠮᠦᠨᠡᠰᠢ ᠠᠪᠠᠴᠢᠬᠤ ᠳᠤ᠂ ᠲᠡᠨᠳᠡ ᠪᠢ ᠡᠮᠦᠨᠡᠰᠢ ᠬᠠᠷᠠᠭᠰᠠᠨ ᠬᠠᠭᠠᠯᠭ᠎ᠠ ᠶᠢ ᠬᠠᠷᠠᠪᠠ᠃ ᠲᠡᠭᠦᠨ ᠦ ᠬᠠᠵᠠᠭᠤ ᠶᠢᠨ ᠪᠠᠭᠠᠨ᠎ᠠ ᠨᠤᠭᠤᠳ ᠪᠣᠯᠣᠨ ᠬᠣᠩᠭᠢᠯ ᠨᠢ ᠡᠮᠦᠨᠡᠬᠢ ᠶᠢᠨ ᠬᠢ ᠲᠠᠢ ᠠᠳᠠᠯᠢ ᠬᠡᠮᠵᠢᠶ᠎ᠡ ᠲᠠᠢ᠃ 25 ᠬᠠᠭᠠᠯᠭᠠᠨ ᠵᠠᠮ ᠪᠠ ᠬᠣᠩᠭᠢᠯ ᠤᠨ ᠬᠣᠶᠠᠷ ᠲᠠᠯ᠎ᠠ ᠳᠠᠬᠢ ᠴᠣᠩ᠋ᠬᠣ ᠨᠤᠭᠤᠳ ᠴᠤ ᠡᠮᠦᠨᠡᠬᠢ ᠴᠣᠩ᠋ᠬᠣ ᠨᠤᠭᠤᠳ ᠲᠠᠢ ᠠᠳᠠᠯᠢ ᠪᠠᠢᠪᠠ᠃ ᠲᠡᠷᠡ ᠬᠠᠭᠠᠯᠭᠠᠨ ᠵᠠᠮ ᠤᠨ ᠤᠷᠲᠤ ᠨᠢ ᠲᠠᠪᠢᠨ ᠲᠣᠬᠣᠢ᠂ ᠥᠷᠭᠡᠨ ᠨᠢ ᠬᠣᠷᠢᠨ ᠲᠠᠪᠤᠨ ᠲᠣᠬᠣᠢ ᠪᠠᠢᠪᠠ᠃ 26 ᠳᠣᠯᠣᠭᠠᠨ ᠭᠢᠰᠬᠢᠭᠦᠷ ᠢᠶᠡᠷ ᠥᠭᠰᠥᠪᠡᠯ ᠬᠠᠭᠠᠯᠭ᠎ᠠ ᠪᠤᠢ᠂ ᠡᠰᠡᠷᠭᠦ ᠲᠠᠯ᠎ᠠ ᠳᠤᠨᠢ ᠬᠣᠩᠭᠢᠯ ᠪᠠᠢᠪᠠ᠃ ᠬᠣᠩᠭᠢᠯ ᠤᠨ ᠬᠣᠶᠠᠷ ᠲᠠᠯ᠎ᠠ ᠶᠢᠨ ᠪᠠᠭᠠᠨ᠎ᠠ ᠪᠦᠷᠢ ᠳᠠᠯᠳᠠᠤ ᠮᠣᠳᠣᠨ ᠤ ᠰᠡᠢᠯᠪᠦᠷᠢ ᠲᠠᠢ᠃ 27 ᠳᠣᠲᠣᠭᠠᠳᠤ ᠬᠦᠷᠢᠶᠡᠨ ᠳᠦ ᠡᠮᠦᠨᠡᠰᠢ ᠬᠠᠷᠠᠭᠰᠠᠨ ᠥᠭᠡᠷ᠎ᠡ ᠨᠢᠭᠡ ᠬᠠᠭᠠᠯᠭ᠎ᠠ ᠪᠠᠢᠪᠠ᠃ ᠲᠡᠷᠡ ᠪᠡᠷ ᠡᠨᠡ ᠬᠠᠭᠠᠯᠭᠠᠨ ᠠᠴᠠ ᠡᠮᠦᠨᠡᠰᠢ ᠬᠠᠷᠠᠭᠰᠠᠨ ᠭᠠᠳᠠᠨᠠᠬᠢ ᠬᠠᠭᠠᠯᠭ᠎ᠠ ᠬᠦᠷᠬᠦ ᠵᠠᠢ ᠶᠢ ᠬᠡᠮᠵᠢᠬᠦ ᠳᠦ᠂ ᠵᠠᠭᠤᠨ ᠲᠣᠬᠣᠢ ᠪᠠᠢᠪᠠ᠃
 ᠳᠣᠲᠣᠭᠣᠳᠤ ᠬᠦᠷᠢᠶᠡᠨ ᠦ ᠬᠠᠭᠠᠯᠭ᠎ᠠ ᠨᠤᠭᠤᠳ

28 ᠲᠡᠷᠡ ᠨᠠᠮᠠᠶᠢ ᠡᠮᠦᠨᠡᠰᠢ ᠬᠠᠷᠠᠭᠰᠠᠨ ᠬᠠᠭᠠᠯᠭ᠎ᠠ ᠪᠠᠷ ᠳᠣᠲᠣᠭᠠᠳᠤ ᠬᠦᠷᠢᠶᠡᠨ ᠳᠦ ᠠᠪᠠᠴᠢᠪᠠ᠃ ᠲᠡᠷᠡ ᠪᠡᠷ ᠡᠮᠦᠨ᠎ᠡ ᠲᠠᠯ᠎ᠠ ᠶᠢᠨ ᠬᠠᠭᠠᠯᠭᠠᠨ ᠵᠠᠮ ᠢ ᠬᠡᠮᠵᠢᠬᠦ ᠳᠦ᠂ 29 ᠤᠷᠲᠤ ᠨᠢ ᠲᠠᠪᠢᠨ ᠲᠣᠬᠣᠢ᠂ ᠥᠷᠭᠡᠨ ᠨᠢ ᠬᠣᠷᠢᠨ ᠲᠠᠪᠤᠨ ᠲᠣᠬᠣᠢ ᠪᠠᠢᠪᠠ᠃ ᠲᠡᠭᠦᠨ ᠦ ᠬᠠᠷᠠᠭᠤᠯ ᠤᠨ ᠥᠷᠥᠭᠡ ᠨᠦᠭᠦᠳ᠂ ᠬᠣᠭᠣᠷᠣᠨᠳᠣᠬᠢ ᠬᠠᠨ᠎ᠠ ᠨᠤᠭᠤᠳ ᠪᠠ ᠬᠣᠩᠭᠢᠯ ᠨᠢ ᠡᠮᠦᠨᠡᠬᠢ ᠲᠠᠢ ᠠᠳᠠᠯᠢ ᠬᠡᠮᠵᠢᠶ᠎ᠡ ᠲᠠᠢ᠃ ᠬᠠᠭᠠᠯᠭᠠᠨ ᠵᠠᠮ ᠪᠣᠯᠣᠨ ᠬᠣᠩᠭᠢᠯ ᠨᠢ ᠡᠮᠦᠨᠡᠬᠢ ᠲᠠᠢ ᠠᠳᠠᠯᠢ᠂ ᠬᠣᠶᠠᠷ ᠲᠠᠯ᠎ᠠ ᠳᠠᠭᠠᠨ ᠴᠣᠩ᠋ᠬᠣ ᠲᠠᠢ ᠪᠠᠢᠪᠠ᠃ 30 〔ᠳᠣᠲᠣᠭᠣᠳᠤ ᠬᠦᠷᠢᠶᠡᠨ ᠦ ᠭᠤᠷᠪᠠᠨ ᠲᠠᠯ᠎ᠠ ᠶᠢᠨ ᠬᠣᠩᠭᠢᠯ ᠤᠨ ᠤᠷᠲᠤ ᠨᠢ ᠬᠣᠷᠢᠨ ᠲᠠᠪᠤᠨ ᠲᠣᠬᠣᠢ᠂ ᠥᠷᠭᠡᠨ ᠨᠢ ᠲᠠᠪᠤᠨ ᠲᠣᠬᠣᠢ ᠪᠠᠢᠪᠠ᠃ 20 31 ᠬᠣᠩᠭᠢᠯ ᠤᠳ ᠭᠠᠳᠠᠨᠠᠬᠢ ᠬᠦᠷᠢᠶ᠎ᠡ ᠤᠷᠤᠭᠤ ᠬᠠᠷᠠᠭᠰᠠᠨ ᠪᠥᠭᠡᠳ ᠬᠠᠵᠠᠭᠤ ᠶᠢᠨ ᠪᠠᠭᠠᠨ᠎ᠠ ᠨᠤᠭᠤᠳ ᠨᠢ ᠳᠠᠯᠳᠠᠤ ᠮᠣᠳᠣᠨ ᠤ ᠰᠡᠢᠯᠪᠦᠷᠢ ᠲᠠᠢ᠂ ᠱᠠᠲᠤ ᠨᠢ ᠨᠠᠢ᠌ᠮᠠᠨ ᠭᠢᠰᠬᠢᠭᠦᠷ ᠲᠡᠢ ᠪᠠᠢᠪᠠ᠃

32 ᠲᠡᠷᠡ ᠨᠠᠮᠠᠶᠢ ᠳᠣᠲᠣᠭᠠᠳᠤ ᠬᠦᠷᠢᠶᠡᠨ ᠦ ᠵᠡᠭᠦᠨ ᠲᠠᠯ᠎ᠠ ᠳᠤ ᠠᠪᠠᠴᠢᠪᠠ᠃ ᠲᠡᠷᠡ ᠪᠡᠷ ᠬᠠᠭᠠᠯᠭᠠᠨ ᠵᠠᠮ ᠢ ᠬᠡᠮᠵᠢᠬᠦ ᠳᠦ᠂ 33 ᠤᠷᠲᠤ ᠨᠢ ᠲᠠᠪᠢᠨ ᠲᠣᠬᠣᠢ᠂ ᠥᠷᠭᠡᠨ ᠨᠢ ᠬᠣᠷᠢᠨ ᠲᠠᠪᠤᠨ ᠲᠣᠬᠣᠢ ᠪᠠᠢᠪᠠ᠃ ᠲᠡᠭᠦᠨ ᠦ ᠬᠠᠷᠠᠭᠤᠯ ᠤᠨ ᠥᠷᠥᠭᠡ ᠨᠦᠭᠦᠳ᠂ ᠬᠣᠭᠣᠷᠣᠨᠳᠣᠬᠢ ᠬᠠᠨ᠎ᠠ ᠨᠤᠭᠤᠳ ᠪᠠ ᠬᠣᠩᠭᠢᠯ ᠨᠢ ᠡᠮᠦᠨᠡᠬᠢ ᠲᠠᠢ ᠠᠳᠠᠯᠢ ᠬᠡᠮᠵᠢᠶ᠎ᠡ ᠲᠠᠢ᠃ ᠬᠠᠭᠠᠯᠭᠠᠨ ᠵᠠᠮ ᠪᠣᠯᠣᠨ ᠬᠣᠩᠭᠢᠯ ᠨᠢ ᠡᠮᠦᠨᠡᠬᠢ ᠲᠠᠢ ᠠᠳᠠᠯᠢ᠂ ᠬᠣᠶᠠᠷ ᠲᠠᠯ᠎ᠠ ᠳᠠᠭᠠᠨ ᠴᠣᠩ᠋ᠬᠣ ᠲᠠᠢ ᠪᠠᠢᠪᠠ᠃ 34 ᠬᠣᠩᠭᠢᠯ ᠤᠳ ᠭᠠᠳᠠᠨᠠᠬᠢ ᠬᠦᠷᠢᠶ᠎ᠡ ᠤᠷᠤᠭᠤ ᠬᠠᠷᠠᠭᠰᠠᠨ ᠪᠥᠭᠡᠳ ᠬᠣᠶᠠᠷ ᠲᠠᠯ᠎ᠠ ᠶᠢᠨ ᠪᠠᠭᠠᠨ᠎ᠠ ᠨᠤᠭᠤᠳ ᠨᠢ ᠳᠠᠯᠳᠠᠤ ᠮᠣᠳᠣᠨ ᠤ ᠰᠡᠢᠯᠪᠦᠷᠢ ᠲᠠᠢ᠂ ᠱᠠᠲᠤ ᠨᠢ ᠨᠠᠢ᠌ᠮᠠᠨ ᠭᠢᠰᠬᠢᠭᠦᠷ ᠲᠡᠢ ᠪᠠᠢᠪᠠ᠃

35 ᠳᠠᠷᠠᠭ᠎ᠠ ᠨᠢ ᠲᠡᠷᠡ ᠨᠠᠮᠠᠶᠢ ᠬᠣᠢᠰᠢ ᠬᠠᠷᠠᠭᠰᠠᠨ ᠬᠠᠭᠠᠯᠭᠠᠨ ᠵᠠᠮ ᠤᠷᠤᠭᠤ ᠠᠪᠠᠴᠢᠪᠠ᠃ ᠲᠡᠷᠡ ᠬᠡᠮᠵᠢᠬᠦ ᠳᠦ᠂ 36 ᠤᠷᠲᠤ ᠨᠢ ᠲᠠᠪᠢᠨ ᠲᠣᠬᠣᠢ᠂ ᠥᠷᠭᠡᠨ ᠨᠢ ᠬᠣᠷᠢᠨ ᠲᠠᠪᠤᠨ ᠲᠣᠬᠣᠢ᠃ ᠲᠡᠭᠦᠨ ᠦ ᠬᠠᠷᠠᠭᠤᠯ ᠤᠨ ᠥᠷᠥᠭᠡ ᠨᠦᠭᠦᠳ᠂ ᠬᠣᠭᠣᠷᠣᠨᠳᠣᠬᠢ ᠬᠠᠨ᠎ᠠ ᠨᠤᠭᠤᠳ ᠪᠠ ᠬᠣᠩᠭᠢᠯ ᠨᠢ ᠡᠮᠦᠨᠡᠬᠢ ᠲᠠᠢ ᠠᠳᠠᠯᠢ ᠬᠡᠮᠵᠢᠶ᠎ᠡ ᠲᠠᠢ᠃ ᠬᠠᠭᠠᠯᠭᠠᠨ ᠵᠠᠮ ᠨᠢ ᠬᠣᠶᠠᠷ ᠲᠠᠯ᠎ᠠ ᠳᠠᠭᠠᠨ ᠴᠣᠩ᠋ᠬᠣ ᠲᠠᠢ ᠪᠠᠢᠪᠠ᠃ 37 ᠬᠣᠩᠭᠢᠯ ᠤᠳ ᠭᠠᠳᠠᠨᠠᠬᠢ ᠬᠦᠷᠢᠶ᠎ᠡ ᠤᠷᠤᠭᠤ ᠬᠠᠷᠠᠭᠰᠠᠨ ᠪᠥᠭᠡᠳ ᠬᠣᠶᠠᠷ ᠲᠠᠯ᠎ᠠ ᠶᠢᠨ ᠪᠠᠭᠠᠨ᠎ᠠ ᠨᠤᠭᠤᠳ ᠨᠢ ᠳᠠᠯᠳᠠᠤ ᠮᠣᠳᠣᠨ ᠤ ᠰᠡᠢᠯᠪᠦᠷᠢ ᠲᠠᠢ᠂ ᠱᠠᠲᠤ ᠨᠢ ᠨᠠᠢ᠌ᠮᠠᠨ ᠭᠢᠰᠬᠢᠭᠦᠷ ᠲᠡᠢ ᠪᠠᠢᠪᠠ᠃
 ᠲᠠᠬᠢᠯ ᠪᠡᠯᠡᠳᠬᠡᠬᠦ ᠥᠷᠥᠭᠡ ᠨᠦᠭᠦᠳ

38 ᠲᠡᠷᠡ ᠬᠦ ᠬᠠᠭᠠᠯᠭᠠᠨ ᠵᠠᠮ ᠤᠨ ᠬᠡᠷᠡᠮ ᠦᠨ ᠬᠠᠵᠠᠭᠤ ᠳᠤ ᠡᠭᠦᠳᠡ ᠪᠦᠬᠦᠢ ᠥᠷᠥᠭᠡ ᠪᠠᠢᠪᠠ᠃ ᠲᠡᠨᠳᠡ ᠰᠢᠲᠠᠭᠠᠯᠭᠠᠲᠤ ᠲᠠᠬᠢᠯ ᠢ ᠤᠬᠢᠶᠠᠳᠠᠭ᠃ 39 ᠬᠠᠭᠠᠯᠭᠠᠨ ᠵᠠᠮ ᠤᠨ ᠬᠣᠩᠭᠢᠯ ᠳᠣᠲᠣᠷ᠎ᠠ ᠬᠣᠶᠠᠷ ᠲᠠᠯ᠎ᠠ ᠳᠤᠨᠢ ᠲᠤᠰ ᠪᠦᠷᠢ ᠬᠣᠶᠠᠷ ᠰᠢᠷᠡᠭᠡ ᠪᠠᠢᠪᠠ᠃ ᠲᠡᠳᠡᠭᠡᠷ ᠦᠨ ᠳᠡᠭᠡᠷ᠎ᠡ ᠰᠢᠲᠠᠭᠠᠯᠭᠠᠲᠤ ᠲᠠᠬᠢᠯ᠂ ᠨᠢᠭᠦᠯ ᠦᠨ ᠲᠥᠯᠥᠭᠡᠬᠢ ᠲᠠᠬᠢᠯ᠂ ᠭᠡᠮ ᠦᠨ ᠲᠥᠯᠥᠭᠡᠬᠢ ᠲᠠᠬᠢᠯ ᠢ ᠨᠢᠲᠤᠯᠳᠠᠭ᠃ 40 ᠬᠣᠢᠰᠢ ᠬᠠᠷᠠᠭᠰᠠᠨ ᠬᠠᠭᠠᠯᠭ᠎ᠠ ᠤᠷᠤᠭᠤ ᠣᠷᠣᠬᠤ ᠱᠠᠲᠤᠨ ᠤ ᠬᠣᠶᠠᠷ ᠲᠠᠯ᠎ᠠ ᠳᠤ ᠲᠤᠰ ᠪᠦᠷᠢ ᠬᠣᠶᠠᠷ ᠰᠢᠷᠡᠭᠡ ᠪᠠᠢᠪᠠ᠃ 41 ᠡᠢᠨ ᠬᠦ ᠬᠠᠭᠠᠯᠭᠠᠨ ᠵᠠᠮ ᠤᠨ ᠭᠠᠳᠠᠨ᠎ᠠ ᠳᠥᠷᠪᠡᠨ ᠰᠢᠷᠡᠭᠡ᠂ ᠳᠣᠲᠣᠷ᠎ᠠ ᠳᠥᠷᠪᠡᠨ ᠰᠢᠷᠡᠭᠡ᠂ ᠨᠡᠢᠲᠡ ᠨᠠᠢ᠌ᠮᠠᠨ ᠲᠠᠬᠢᠯ ᠨᠢᠲᠤᠯᠳᠠᠭ ᠰᠢᠷᠡᠭᠡ ᠪᠠᠢᠵᠠᠢ᠃ 42 ᠰᠢᠲᠠᠭᠠᠯᠭᠠᠲᠤ ᠲᠠᠬᠢᠯ ᠳᠤ ᠵᠣᠷᠢᠭᠤᠯᠤᠭᠰᠠᠨ ᠳᠥᠷᠪᠡᠨ ᠴᠠᠪᠴᠢᠮᠠᠯ ᠴᠢᠯᠠᠭᠤᠨ ᠰᠢᠷᠡᠭᠡ ᠪᠠᠢᠪᠠ᠃ ᠤᠷᠲᠤ ᠨᠢ ᠨᠢᠭᠡ ᠲᠣᠬᠣᠢ ᠬᠠᠭᠠᠰ᠂ ᠥᠷᠭᠡᠨ ᠨᠢ ᠨᠢᠭᠡ ᠲᠣᠬᠣᠢ ᠬᠠᠭᠠᠰ᠂ ᠥᠨᠳᠥᠷ ᠨᠢ ᠨᠢᠭᠡ ᠲᠣᠬᠣᠢ ᠪᠥᠭᠡᠳ ᠳᠡᠭᠡᠷ᠎ᠡ ᠨᠢ ᠰᠢᠲᠠᠭᠠᠯᠭᠠᠲᠤ ᠲᠠᠬᠢᠯ ᠪᠤᠶᠤ ᠥᠭᠡᠷ᠎ᠡ ᠲᠠᠬᠢᠯ ᠢ ᠨᠢᠲᠤᠯᠬᠤ ᠳᠤ ᠬᠡᠷᠡᠭᠯᠡᠳᠡᠭ ᠪᠠᠭᠠᠵᠢ ᠶᠢ ᠲᠠᠯᠪᠢᠳᠠᠭ ᠠᠵᠢ᠃ 43 ᠬᠣᠩᠭᠢᠯ ᠤᠨ ᠳᠣᠲᠣᠷ᠎ᠠ ᠬᠠᠨ᠎ᠠ ᠶᠢ ᠲᠣᠭᠣᠷᠢᠨ ᠠᠯᠠᠭᠠᠨ ᠤ ᠡᠩ ᠦᠨ ᠬᠡᠮᠵᠢᠶ᠎ᠡ ᠲᠠᠢ ᠬᠣᠣᠰ ᠭᠣᠬ᠎ᠠ ᠲᠠᠢ ᠳᠡᠭᠡᠭᠡ ᠨᠦᠭᠦᠳ ᠡᠯᠭᠦᠭᠡᠰᠦᠲᠡᠢ ᠪᠠᠢᠵᠤ᠂ ᠰᠢᠷᠡᠭᠡᠨ ᠳᠡᠭᠡᠷ᠎ᠡ ᠲᠠᠬᠢᠯ ᠤᠨ ᠮᠢᠬ᠎ᠠ ᠪᠠᠢᠯ᠎ᠠ᠃
 ᠲᠠᠬᠢᠯᠴᠢᠳ ᠤᠨ ᠥᠷᠥᠭᠡ ᠨᠦᠭᠦᠳ

44 ᠳᠣᠲᠣᠭᠠᠳᠤ ᠬᠠᠭᠠᠯᠭᠠᠨ ᠤ ᠭᠠᠳᠠᠨ᠎ᠠ᠂ ᠳᠣᠲᠣᠭᠠᠳᠤ ᠬᠦᠷᠢᠶᠡᠨ ᠳᠣᠲᠣᠷ᠎ᠠ ᠬᠣᠶᠠᠷ ᠥᠷᠥᠭᠡ ᠪᠠᠢᠪᠠ᠃ ᠬᠣᠢᠲᠤ ᠬᠠᠭᠠᠯᠭᠠᠨ ᠤ ᠬᠠᠵᠠᠭᠤ ᠳᠠᠬᠢ ᠥᠷᠥᠭᠡ ᠨᠢ ᠡᠮᠦᠨᠡᠰᠢ᠂ ᠡᠮᠦᠨᠡᠲᠦ ᠬᠠᠭᠠᠯᠭᠠᠨ ᠤ ᠬᠠᠵᠠᠭᠤ ᠳᠠᠬᠢ ᠥᠷᠥᠭᠡ ᠨᠢ ᠬᠣᠢᠰᠢ ᠬᠠᠷᠠᠵᠤ ᠪᠠᠢᠪᠠ᠃ 45 ᠲᠡᠷᠡ ᠪᠡᠷ ᠨᠠᠳᠠ ᠳᠤ᠄ 《ᠡᠮᠦᠨᠡᠰᠢ ᠬᠠᠷᠠᠭᠰᠠᠨ ᠥᠷᠥᠭᠡ ᠨᠢ ᠥᠷᠭᠥᠭᠡᠨ ᠦ ᠠᠯᠪᠠ ᠶᠢ ᠭᠦᠢᠴᠡᠳᠬᠡᠳᠡᠭ ᠲᠠᠬᠢᠯᠴᠢᠳ ᠤᠨ ᠬᠢ᠂ 46 ᠬᠣᠢᠰᠢ ᠬᠠᠷᠠᠭᠰᠠᠨ ᠥᠷᠥᠭᠡ ᠨᠢ ᠲᠠᠬᠢᠯ ᠤᠨ ᠰᠢᠷᠡᠭᠡᠨ ᠦ ᠠᠯᠪᠠ ᠶᠢ ᠭᠦᠢᠴᠡᠳᠬᠡᠳᠡᠭ ᠲᠠᠬᠢᠯᠴᠢᠳ ᠤᠨ ᠬᠢ᠃ ᠲᠡᠷᠡ ᠲᠠᠬᠢᠯᠴᠢᠳ ᠪᠣᠯ ᠽᠠᠳᠣᠺ ᠤᠨ ᠦᠷ᠎ᠡ ᠤᠳᠤᠮ᠂ ᠶᠣᠬᠣᠸᠠ ᠳᠤ ᠦᠢᠯᠡᠴᠢᠯᠡᠬᠦ ᠪᠡᠷ ᠲᠡᠭᠦᠨ ᠳᠦ ᠣᠢᠷᠠᠲᠤᠵᠤ ᠪᠣᠯᠬᠤ ᠯᠧᠸᠢᠴᠦᠳ ᠶᠤᠮ》 ᠭᠡᠪᠡ᠃ 47 ᠲᠡᠷᠡ ᠪᠡᠷ ᠳᠣᠲᠣᠭᠣᠳᠤ ᠬᠦᠷᠢᠶ᠎ᠡ ᠶᠢ ᠬᠡᠮᠵᠢᠬᠦ ᠳᠦ᠂ ᠤᠷᠲᠤ ᠨᠢ ᠵᠠᠭᠤᠨ ᠲᠣᠬᠣᠢ᠂ ᠥᠷᠭᠡᠨ ᠨᠢ ᠵᠠᠭᠤᠨ ᠲᠣᠬᠣᠢ ᠲᠡᠭᠰᠢ ᠳᠥᠷᠪᠡᠯᠵᠢᠨ ᠪᠠᠢᠪᠠ᠃ ᠲᠠᠬᠢᠯ ᠤᠨ ᠰᠢᠷᠡᠭᠡ ᠨᠢ ᠥᠷᠭᠥᠭᠡᠨ ᠦ ᠤᠷᠳᠤ ᠲᠠᠯ᠎ᠠ ᠳᠤ ᠪᠠᠢᠪᠠ᠃
 ᠥᠷᠭᠥᠭᠡ

48 ᠲᠡᠷᠡ ᠨᠠᠮᠠᠶᠢ ᠥᠷᠭᠥᠭᠡᠨ ᠦ ᠬᠣᠩᠭᠢᠯ ᠳᠤ ᠠᠪᠠᠴᠢᠪᠠ᠂ ᠲᠡᠷᠡ ᠪᠡᠷ ᠬᠣᠩᠭᠢᠯ ᠤᠨ ᠬᠠᠵᠠᠭᠤ ᠶᠢᠨ ᠪᠠᠭᠠᠨ᠎ᠠ ᠶᠢ ᠬᠡᠮᠵᠢᠬᠦ ᠳᠦ᠂ ᠲᠤᠰ ᠪᠦᠷᠢ ᠲᠠᠪᠤᠨ ᠲᠣᠬᠣᠢ ᠪᠠᠢᠪᠠ᠃ ᠬᠠᠭᠠᠯᠭᠠᠨ ᠤ ᠥᠷᠭᠡᠨ ᠨᠢ ᠠᠷᠪᠠᠨ ᠳᠥᠷᠪᠡᠨ ᠲᠣᠬᠣᠢ᠂ ᠬᠠᠵᠠᠭᠤ ᠶᠢᠨ ᠬᠠᠨ᠎ᠠ ᠶᠢᠨ ᠵᠤᠵᠠᠭᠠᠨ ᠨᠢ ᠭᠤᠷᠪᠠᠨ ᠲᠣᠬᠣᠢ ᠪᠠᠢᠪᠠ᠃ 49 ᠬᠣᠩᠭᠢᠯ ᠤᠨ ᠤᠷᠲᠤ ᠨᠢ ᠬᠣᠷᠢᠨ ᠲᠣᠬᠣᠢ᠂ ᠥᠷᠭᠡᠨ ᠨᠢ ᠠᠷᠪᠠᠨ ᠬᠣᠶᠠᠷ ᠲᠣᠬᠣᠢ ᠪᠠᠢᠪᠠ᠃ ᠬᠣᠩᠭᠢᠯ ᠤᠷᠤᠭᠤ ᠥᠭᠰᠥᠬᠦ ᠱᠠᠲᠤ ᠠᠷᠪᠠᠨ ᠭᠢᠰᠬᠢᠭᠦᠷ ᠲᠡᠢ ᠪᠥᠭᠡᠳ ᠱᠠᠲᠤᠨ ᠳᠡᠭᠡᠷᠡᠬᠢ ᠬᠠᠵᠠᠭᠤ ᠶᠢᠨ ᠪᠠᠭᠠᠨ᠎ᠠ ᠨᠤᠭᠤᠳ ᠠᠴᠠ ᠭᠠᠳᠠᠨ᠎ᠠ᠂ ᠬᠣᠶᠠᠷ ᠲᠠᠯ᠎ᠠ ᠳᠤᠨᠢ ᠨᠢᠭᠡ ᠨᠢᠭᠡ ᠪᠠᠭᠠᠨ᠎ᠠ ᠪᠠᠢᠪᠠ᠃