ᠡᠽᠧᠺᠢᠶᠧᠯ ᠭᠤᠴᠢᠨ ᠲᠠᠪᠤ
ᠡᠳᠣᠮ ᠤᠨ ᠲᠤᠬᠠᠢ ᠡᠰᠢ ᠦᠵᠡᠭᠦᠯᠦᠯᠭᠡ
1 ᠶᠣᠬᠣᠸᠠ ᠶᠢᠨ ᠦᠭᠡ ᠨᠠᠳᠠ ᠳᠤ ᠢᠷᠡᠪᠡ᠄
2 《ᠬᠥᠮᠦᠨ ᠦ ᠬᠦᠦ ᠡ᠂ ᠰᠧᠷ ᠠᠭᠤᠯᠠ ᠤᠷᠤᠭᠤ ᠨᠢᠭᠤᠷ ᠢᠶᠠᠨ ᠬᠠᠨᠳᠤᠭᠤᠯᠤᠨ᠂ ᠲᠡᠭᠦᠨ ᠦ ᠡᠰᠡᠷᠭᠦ ᠡᠰᠢ ᠦᠵᠡᠭᠦᠯᠵᠦ᠂
3 ᠲᠡᠭᠦᠨ ᠳᠦ ᠶᠠᠷᠢ᠂ ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 〈ᠬᠠᠷ᠎ᠠ᠂ ᠪᠢ ᠴᠢᠨᠦ ᠡᠰᠡᠷᠭᠦ ᠪᠠᠢᠨ᠎ᠠ᠂ ᠰᠧᠷ ᠠᠭᠤᠯᠠ ᠡ ᠪᠢ ᠴᠢᠮ᠎ᠠ ᠤᠷᠤᠭᠤ ᠮᠤᠲᠤᠷ ᠢᠶᠠᠨ ᠰᠤᠩ᠋ᠭᠠᠨ᠂ ᠴᠢᠮᠠᠶᠢ ᠡᠵᠡᠭᠦᠢᠷᠡᠭᠦᠯᠵᠦ ᠬᠣᠭᠣᠰᠣᠷᠠᠭᠤᠯᠤᠨ᠎ᠠ᠃
4 ᠪᠢ ᠬᠣᠲᠠ ᠨᠤᠭᠤᠳ ᠢ ᠴᠢᠨᠢ ᠪᠠᠯᠭᠠᠰᠤ ᠪᠣᠯᠭᠠᠵᠤ᠂ ᠴᠢ ᠡᠵᠡᠭᠦᠢᠷᠡᠬᠦ ᠪᠣᠯᠣᠨ᠎ᠠ ᠲᠡᠢᠨ ᠬᠦ ᠴᠢ ᠨᠠᠮᠠᠶᠢ ᠶᠣᠬᠣᠸᠠ ᠭᠡᠳᠡᠭ ᠢ ᠮᠡᠳᠡᠬᠦ ᠪᠣᠯᠣᠨ᠎ᠠ᠃〉
5 ᠡᠷᠲᠡᠨ ᠡᠴᠡ ᠴᠢ ᠳᠠᠢᠰᠤᠩᠨᠠᠯ ᠡᠪᠦᠷᠯᠡᠭᠰᠡᠭᠡᠷ ᠢᠰᠷᠧᠯᠴᠦᠳ ᠢ ᠭᠠᠮᠰᠢᠭ ᠤᠨ ᠬᠢᠨᠢ ᠦᠶ᠎ᠡ ᠳᠦ᠂ ᠰᠢᠳᠬᠡᠯ ᠦᠨ ᠬᠢᠨᠢ ᠴᠠᠭ ᠲᠤ ᠢᠯᠳᠦᠨ ᠦ ᠬᠦᠴᠦᠨ ᠳᠦ ᠲᠤᠰᠢᠶᠠᠭᠰᠠᠨ ᠪᠢᠯᠡ᠃》 6 ᠡᠢᠮᠦ ᠡᠴᠡ ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 《ᠮᠢᠨᠦ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ ᠪᠢ ᠴᠢᠮᠠᠶᠢ ᠴᠢᠰᠤᠨ ᠳᠤ ᠲᠤᠰᠢᠶᠠᠵᠤ᠂ ᠴᠢᠰᠤ ᠴᠢᠮᠠᠶᠢ ᠳᠠᠭᠠᠨ᠎ᠠ᠃ ᠴᠢ ᠴᠢᠰᠤ ᠤᠷᠤᠰᠬᠠᠬᠤ ᠶᠢ ᠵᠢᠭᠰᠢᠭᠡ ᠦᠭᠡᠢ ᠤᠴᠢᠷ ᠠᠴᠠ ᠴᠢᠰᠤ ᠤᠷᠤᠰᠬᠠᠯᠲᠠ ᠴᠢᠮᠠᠶᠢ ᠳᠠᠭᠠᠨ᠎ᠠ᠃ 7 ᠪᠢ ᠰᠧᠷ ᠠᠭᠤᠯᠠ ᠶᠢ ᠡᠵᠡᠭᠦᠢᠷᠡᠭᠦᠯᠦᠨ ᠬᠣᠭᠣᠰᠣᠷᠠᠭᠤᠯᠵᠤ᠂ ᠲᠡᠭᠦᠨ ᠢᠶᠡᠷ ᠢᠷᠡᠵᠦ ᠶᠠᠪᠤᠭᠴᠢ ᠶᠢ ᠲᠡᠨᠳᠡ ᠡᠴᠡ ᠲᠠᠰᠤᠯᠤᠨ᠎ᠠ᠃ 8 ᠪᠢ ᠠᠭᠤᠯᠠᠰ ᠢ ᠨᠢ ᠠᠯᠠᠭᠳᠠᠭᠰᠠᠳ ᠢᠶᠠᠷ ᠳᠦᠭᠦᠷᠭᠡᠨ᠎ᠡ᠃ ᠲᠣᠯᠣᠭᠠᠳ᠂ ᠬᠥᠨᠳᠡᠢ᠂ ᠪᠦᠬᠦ ᠭᠣᠷᠣᠬ᠎ᠠ ᠪᠠᠷ ᠴᠢᠨᠢ ᠢᠯᠳᠦᠨ ᠳᠦ ᠠᠯᠠᠭᠳᠠᠭᠰᠠᠳ ᠤᠨᠠᠨ᠎ᠠ᠃ 9 ᠪᠢ ᠴᠢᠮᠠᠶᠢ ᠡᠭᠦᠷᠢᠳᠡ ᠬᠣᠭᠣᠰᠣᠷᠠᠭᠤᠯᠬᠤ ᠪᠥᠭᠡᠳ ᠬᠣᠲᠠ ᠨᠤᠭᠤᠳ ᠴᠢᠨᠢ ᠳᠠᠬᠢᠨ ᠰᠠᠭᠤᠭᠠᠯᠢᠴᠢᠳ ᠲᠠᠢ ᠪᠣᠯᠬᠤ ᠦᠭᠡᠢ᠃ ᠲᠡᠭᠡᠬᠦ ᠳᠦ ᠲᠠ ᠨᠠᠷ ᠨᠠᠮᠠᠶᠢ ᠶᠣᠬᠣᠸᠠ ᠭᠡᠳᠡᠭ ᠢ ᠮᠡᠳᠡᠬᠦ ᠪᠣᠯᠣᠨ᠎ᠠ᠃
10 ᠶᠣᠬᠣᠸᠠ ᠲᠡᠨᠳᠡ ᠪᠠᠢᠭᠰᠠᠭᠠᠷ ᠪᠠᠢᠬᠤ ᠳᠤ᠂ ᠴᠢ᠄ 〈ᠡᠨᠡ ᠬᠣᠶᠠᠷ ᠦᠨᠳᠦᠰᠦᠲᠡᠨ᠂ ᠡᠨᠡ ᠬᠣᠶᠠᠷ ᠨᠤᠲᠤᠭ ᠮᠢᠨᠦᠬᠢ ᠪᠣᠯᠵᠤ᠂ ᠪᠢᠳᠡ ᠲᠡᠳᠡᠨ ᠢ ᠡᠵᠡᠮᠰᠢᠨ᠎ᠡ〉 ᠭᠡᠵᠦ ᠬᠡᠯᠡᠭᠰᠡᠨ ᠤᠴᠢᠷ ᠠᠴᠠ 11 ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠂ ᠮᠢᠨᠦ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ ᠲᠡᠳᠡᠨ ᠢ ᠦᠵᠡᠨ ᠶᠠᠳᠠᠭᠰᠠᠨ ᠠᠴᠠ ᠪᠣᠯᠵᠤ ᠭᠠᠷᠭᠠᠭᠰᠠᠨ ᠠᠭᠤᠷ ᠬᠢᠯᠢᠩ᠂ ᠠᠲᠠᠭᠠᠷᠬᠠᠯ ᠤᠨ ᠴᠢᠨᠢ ᠳᠠᠭᠠᠤ ᠪᠢ ᠴᠢᠮ᠎ᠠ ᠳᠤ ᠦᠢᠯᠡᠳᠦᠨ᠎ᠡ᠃ ᠴᠢᠮᠠᠶᠢ ᠲᠡᠢᠨ ᠬᠦ ᠰᠢᠳᠬᠡᠬᠦ ᠳᠡᠭᠡᠨ ᠪᠢ ᠲᠡᠳᠡᠨ ᠦ ᠳᠤᠮᠳᠠ ᠥᠪᠡᠷ ᠢ ᠪᠠᠨ ᠮᠡᠳᠡᠭᠦᠯᠬᠦ ᠪᠣᠯᠣᠨ᠎ᠠ᠃ 12 ᠲᠡᠭᠡᠬᠦ ᠳᠦ ᠴᠢ ᠨᠠᠮᠠᠶᠢ ᠶᠣᠬᠣᠸᠠ ᠭᠡᠳᠡᠭ ᠢ ᠮᠡᠳᠡᠬᠦ ᠪᠣᠯᠣᠨ᠎ᠠ᠃ ᠢᠰᠷᠧᠯ ᠤᠨ ᠠᠭᠤᠯᠠᠰ ᠤᠨ ᠲᠤᠬᠠᠢ᠄ 〈ᠲᠡᠳᠡ ᠡᠵᠡᠭᠦᠢᠷᠡᠭᠰᠡᠨ᠂ ᠪᠢᠳᠡᠨ ᠦ ᠢᠳᠡᠰᠢ ᠪᠣᠯᠣᠨ ᠲᠤᠰᠢᠶᠠᠭᠳᠠᠭᠰᠠᠨ〉 ᠭᠡᠵᠦ ᠳᠣᠷᠣᠮᠵᠢᠯᠠᠭᠰᠠᠨ ᠪᠦᠬᠦ ᠦᠭᠡ ᠶᠢ ᠴᠢᠨᠢ ᠪᠢ ᠰᠣᠨᠣᠰᠣᠯ᠎ᠠ᠃ 13 ᠮᠢᠨᠦ ᠡᠰᠡᠷᠭᠦ ᠪᠠᠷᠳᠠᠮᠨᠠᠭᠰᠠᠨ ᠶᠠᠷᠢᠶ᠎ᠠ᠂ ᠮᠢᠨᠦ ᠡᠰᠡᠷᠭᠦ ᠶᠠᠷᠢᠭᠰᠠᠨ ᠣᠯᠠᠨ ᠦᠭᠡ ᠶᠢ ᠴᠢᠨᠢ ᠪᠢ ᠰᠣᠨᠣᠰᠣᠭᠰᠠᠨ᠃》 14 ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 《ᠪᠦᠬᠦ ᠳᠡᠯᠡᠬᠡᠢ ᠪᠠᠶᠠᠷᠯᠠᠬᠤ ᠳᠤ᠂ ᠪᠢ ᠴᠢᠮᠠᠶᠢ ᠬᠣᠭᠣᠰᠣᠷᠠᠭᠤᠯᠬᠤ ᠪᠣᠯᠣᠨ᠎ᠠ᠃ 15 ᠢᠰᠷᠧᠯ ᠤᠨ ᠭᠡᠷ ᠦᠨ ᠥᠪ ᠬᠣᠭᠣᠰᠣᠷᠠᠬᠤ ᠳᠤ᠂ ᠴᠢ ᠪᠠᠶᠠᠷᠯᠠᠭᠰᠠᠨ ᠲᠤᠯᠠ ᠪᠢ ᠴᠢᠮ᠎ᠠ ᠳᠤ ᠲᠡᠭᠦᠨᠴᠢᠯᠡᠨ ᠦᠢᠯᠡᠳᠦᠨ᠎ᠡ᠃ ᠰᠧᠷ ᠠᠭᠤᠯᠠ ᠡ᠂ ᠴᠢ ᠪᠣᠯᠣᠨ ᠪᠦᠬᠦ ᠡᠳᠣᠮ ᠪᠦᠬᠦᠯᠢ ᠪᠠᠷ ᠢᠶᠠᠨ ᠬᠣᠭᠣᠰᠣᠷᠠᠬᠤ ᠪᠣᠯᠣᠨ᠎ᠠ᠃ ᠲᠡᠢᠨ ᠬᠦ ᠲᠡᠳᠡ ᠨᠠᠮᠠᠶᠢ ᠶᠣᠬᠣᠸᠠ ᠭᠡᠳᠡᠭ ᠢ ᠮᠡᠳᠡᠬᠦ ᠪᠣᠯᠣᠨ᠎ᠠ᠃》