1 2 3 4 5 6 7 8 9 10 11 12 13 14 15 16 17 18 19 20 21 22 23 24 25 26 27 28 29 30 31 32 33 34 35 36 37 38 39 40 41 42 43 44 45 46 47 48


ᠡᠽᠧᠺᠢᠶᠧᠯ ᠠᠷᠪᠠ ᠶᠢᠰᠦ
 ᠤᠳᠤᠷᠢᠳᠤᠭᠴᠢᠳ ᠤᠨ ᠲᠤᠬᠠᠢ ᠭᠠᠰᠢᠭᠤᠳᠠᠯ
1 ᠴᠢ ᠢᠰᠷᠧᠯ ᠤᠨ ᠨᠣᠶᠠᠳ ᠤᠨ ᠲᠥᠯᠥᠭᠡ ᠭᠠᠰᠢᠭᠤᠳᠠᠯ ᠤᠨ ᠳᠠᠭᠤᠤ ᠵᠣᠬᠢᠶᠠ᠄
2 《ᠡᠬᠡ ᠴᠢᠨᠢ ᠬᠡᠨ ᠪᠢᠯᠡ︖ ᠡᠮ᠎ᠡ ᠠᠷᠰᠯᠠᠨ︕ ᠠᠷᠰᠯᠠᠨ ᠨᠤᠭᠤᠳ ᠤᠨ ᠳᠤᠮᠳᠠ ᠠᠮᠠᠷᠠᠵᠤ ᠬᠦᠴᠦᠲᠦ ᠠᠷᠰᠯᠠᠨ ᠨᠤᠭᠤᠳ ᠤᠨ ᠳᠤᠮᠳᠠ ᠭᠦᠶᠦᠭ ᠤᠳ ᠢᠶᠠᠨ ᠥᠰᠭᠡᠪᠡ᠃
3 ᠭᠦᠶᠦᠭ ᠤᠳ ᠤᠨ ᠬᠢᠨᠢ ᠨᠢᠭᠡ ᠨᠢ ᠥᠰᠴᠦ ᠥᠨᠳᠡᠢᠭᠡᠳ ᠬᠦᠴᠦᠲᠦ ᠠᠷᠰᠯᠠᠨ ᠪᠣᠯᠵᠤ ᠣᠯᠵᠠ ᠪᠠᠨ ᠲᠠᠰᠤᠳᠠᠴᠢᠬᠤ ᠶᠢ ᠰᠤᠷᠤᠭᠠᠳ᠂ ᠬᠥᠮᠦᠨ ᠵᠠᠯᠭᠢᠪᠠ᠃
4 ᠦᠨᠳᠦᠰᠦᠲᠡᠨ ᠨᠦᠭᠦᠳ ᠰᠣᠨᠣᠰᠣᠭᠠᠳ ᠲᠡᠭᠦᠨ ᠢ ᠤᠷᠠᠬᠠᠳᠠᠨ ᠪᠠᠷᠢᠵᠤ᠂ ᠳᠡᠭᠡᠭᠡ ᠪᠡᠷ ᠴᠢᠷᠦᠨ ᠶᠧᠵᠢᠫᠲ ᠲᠤ ᠠᠪᠠᠴᠢᠪᠠ᠃
5 ᠬᠦᠯᠢᠶᠡᠭᠰᠡᠨ ᠴᠤ ᠨᠠᠢᠳᠠᠪᠤᠷᠢ ᠦᠭᠡᠢ ᠪᠣᠯᠬᠤ ᠶᠢ ᠡᠮ᠎ᠡ ᠠᠷᠰᠯᠠᠨ ᠮᠡᠳᠡᠭᠡᠳ ᠭᠦᠶᠦᠭ ᠤᠳ ᠠᠴᠠ ᠪᠠᠨ ᠥᠭᠡᠷ᠎ᠡ ᠨᠢᠭᠡ ᠶᠢ ᠬᠦᠴᠦᠲᠦ ᠠᠷᠰᠯᠠᠨ ᠪᠣᠯᠭᠠᠪᠠ᠃
6 ᠭᠦᠶᠦᠭ ᠨᠢ ᠠᠷᠰᠯᠠᠨ ᠨᠤᠭᠤᠳ ᠤᠨ ᠳᠤᠮᠳᠠᠭᠤᠷ ᠶᠠᠪᠤᠵᠤ ᠬᠦᠴᠦᠲᠦ ᠠᠷᠰᠯᠠᠨ ᠪᠣᠯᠵᠠᠢ᠂ ᠲᠡᠷᠡ ᠴᠤ ᠣᠯᠵᠠ ᠪᠠᠨ ᠲᠠᠰᠤᠳᠠᠴᠢᠬᠤ ᠶᠢ ᠰᠤᠷᠴᠤ ᠬᠥᠮᠦᠨ ᠵᠠᠯᠭᠢᠨ
7 ᠪᠡᠬᠢᠯᠡᠯᠲᠡ ᠨᠦᠭᠦᠳ ᠢ ᠨᠢ ᠨᠤᠷᠠᠭᠠᠵᠤ 9 ᠂ ᠬᠣᠲᠠ ᠨᠤᠭᠤᠳ ᠢ ᠨᠢ ᠬᠣᠭᠣᠰᠣᠷᠠᠭᠤᠯᠪᠠ᠃ ᠠᠷᠬᠢᠷᠠᠬᠤ ᠳᠠᠭᠤᠨ ᠳᠤᠨᠢ ᠲᠡᠷᠡ ᠨᠤᠲᠤᠭ ᠪᠣᠯᠣᠨ ᠲᠡᠭᠦᠨ ᠦ ᠳᠣᠲᠣᠷᠠᠬᠢ ᠪᠦᠬᠦᠨ ᠠᠢᠳᠠᠰ ᠲᠤ ᠠᠪᠲᠠᠵᠠᠢ᠃
8 ᠦᠨᠳᠦᠰᠦᠲᠡᠨ ᠨᠦᠭᠦᠳ ᠮᠤᠵᠢ ᠨᠤᠭᠤᠳ ᠠᠴᠠ ᠪᠠᠨ ᠲᠠᠯ᠎ᠠ ᠪᠦᠷᠢ ᠡᠴᠡ ᠨᠢ ᠲᠡᠭᠦᠨ ᠳᠡᠭᠡᠷ᠎ᠡ ᠲᠣᠣᠷ ᠢᠶᠠᠨ ᠬᠠᠶᠠᠵᠤ ᠤᠷᠠᠬᠠᠳᠠᠨ ᠪᠠᠷᠢᠪᠠ᠃
9 ᠲᠡᠳᠡ ᠲᠡᠭᠦᠨ ᠢ ᠳᠡᠭᠡᠭᠡ ᠪᠡᠷ ᠴᠢᠷᠦᠨ ᠲᠣᠣᠷ ᠲᠤ ᠬᠢᠵᠦ᠂ ᠪᠠᠪᠢᠯᠣᠨ ᠤ ᠬᠠᠭᠠᠨ ᠳᠤ ᠠᠪᠴᠢᠷᠠᠪᠠ ᠲᠡᠭᠦᠨ ᠢ ᠱᠣᠷᠣᠩ ᠳᠤ ᠬᠣᠷᠢᠭᠰᠠᠨ ᠳᠤ᠂ ᠲᠡᠭᠦᠨ ᠦ ᠳᠠᠭᠤ ᠢᠰᠷᠧᠯ ᠤᠨ ᠠᠭᠤᠯᠠᠨ ᠳᠤ ᠳᠠᠬᠢᠨ ᠰᠣᠨᠣᠰᠳᠠᠬᠤ ᠦᠭᠡᠢ ᠪᠣᠯᠣᠯ᠎ᠠ᠃
10 ᠡᠬᠡ ᠴᠢᠨᠢ ᠦᠵᠦᠮ ᠦᠨ ᠬᠦᠷᠢᠶᠡᠯᠡᠩ ᠦᠨ ᠴᠢᠨᠢ ᠤᠰᠤᠨ ᠤ ᠳᠡᠷᠭᠡᠳᠡ ᠰᠠᠭᠤᠯᠭᠠᠭᠰᠠᠨ ᠦᠵᠦᠮ ᠦᠨ ᠮᠣᠳᠣ ᠠᠳᠠᠯᠢ ᠡᠯᠪᠡᠭ ᠤᠰᠤ ᠲᠠᠢ ᠤᠴᠢᠷ ᠵᠢᠮᠢᠰ ᠶᠡᠬᠡᠲᠡᠢ᠂ ᠰᠠᠯᠠᠭ᠎ᠠ ᠣᠯᠠᠨ ᠲᠠᠢ᠃
11 ᠮᠥᠴᠢᠷ ᠤᠳ ᠨᠢ ᠪᠡᠬᠢ᠂ ᠡᠷᠬᠡ ᠪᠠᠷᠢᠭᠴᠢᠳ ᠤᠨ ᠲᠠᠶᠠᠭ ᠪᠣᠯᠣᠮᠠᠷ ᠥᠳᠬᠡᠨ ᠰᠠᠯᠠᠭ᠎ᠠ ᠨᠤᠭᠤᠳ ᠠᠴᠠ ᠨᠢ ᠨᠢᠭᠡ ᠨᠢ ᠡᠷᠭᠦᠮᠵᠢᠯᠡᠭᠳᠡᠪᠡ ᠥᠨᠳᠥᠷ ᠪᠥᠭᠡᠳ ᠣᠯᠠᠨ ᠮᠥᠴᠢᠷ ᠲᠠᠢ ᠤᠴᠢᠷ ᠲᠣᠳᠣ ᠬᠠᠷᠠᠭᠳᠠᠪᠠ
12 ᠭᠡᠲᠡᠯ᠎ᠡ ᠲᠡᠷᠡ ᠬᠢᠯᠢᠩ ᠤᠨ ᠭᠠᠷ ᠲᠤ ᠰᠤᠭᠤᠯᠤᠭᠳᠠᠨ ᠭᠠᠵᠠᠷ ᠲᠤ ᠬᠠᠶᠠᠭᠳᠠᠪᠠ ᠳᠣᠷᠣᠨ᠎ᠠ ᠶᠢᠨ ᠰᠠᠯᠬᠢ ᠵᠢᠮᠢᠰ ᠢ ᠨᠢ ᠬᠠᠲᠠᠭᠠᠭᠰᠠᠨ ᠳᠤ ᠬᠦᠴᠦᠲᠦ ᠮᠥᠴᠢᠷ ᠤᠳ ᠨᠢ ᠬᠤᠭᠤᠴᠢᠭᠳᠠᠨ᠂ ᠬᠤᠪᠠᠬᠠᠢᠷᠠᠭᠠᠳ ᠭᠠᠯ ᠳᠤ ᠰᠢᠲᠠᠵᠠᠢ᠃
13 ᠣᠳᠣ ᠲᠡᠷᠡ ᠮᠣᠳᠣ ᠴᠥᠯ ᠳᠤ᠂ ᠠᠩ᠋ᠭᠠᠮᠠᠯ ᠬᠠᠭᠤᠷᠠᠢ ᠭᠠᠵᠠᠷ ᠲᠤ ᠰᠠᠭᠤᠯᠭᠠᠭᠳᠠᠵᠠᠢ᠃
14 ᠭᠣᠣᠯ ᠮᠥᠴᠢᠷ ᠤᠳ ᠠᠴᠠ ᠨᠢ ᠭᠠᠯ ᠭᠠᠷᠴᠤ᠂ ᠦᠷ᠎ᠡ ᠵᠢᠮᠢᠰ ᠢ ᠨᠢ ᠰᠢᠲᠠᠭᠠᠭᠰᠠᠨ ᠳᠤ ᠡᠷᠬᠡ ᠪᠠᠷᠢᠭᠴᠢ ᠶᠢᠨ ᠲᠠᠶᠠᠭ ᠪᠣᠯᠬᠤ ᠬᠦᠴᠦᠲᠦ ᠮᠥᠴᠢᠷ ᠠᠯᠠᠭ᠎ᠠ ᠪᠣᠯᠪᠠ᠃》 ᠡᠨᠡ ᠨᠢ ᠭᠠᠰᠢᠭᠤᠳᠠᠯ ᠳᠤ ᠵᠣᠷᠢᠭᠤᠯᠤᠭᠰᠠᠨ ᠭᠠᠰᠢᠭᠤᠳᠠᠯ ᠤᠨ ᠳᠠᠭᠤᠤ ᠶᠤᠮ᠃