ᠡᠽᠧᠺᠢᠶᠧᠯ ᠬᠣᠷᠢᠨ ᠨᠢᠭᠡ
ᠪᠤᠷᠬᠠᠨ ᠤ ᠰᠢᠳᠬᠡᠯ ᠦᠨ ᠢᠯᠳᠦ ᠪᠣᠯᠬᠤ ᠪᠠᠪᠢᠯᠣᠨ
1 ᠶᠣᠬᠣᠸᠠ ᠶᠢᠨ ᠦᠭᠡ ᠨᠠᠳᠠ ᠳᠤ ᠢᠷᠡᠪᠡ᠄ 2 《ᠬᠥᠮᠦᠨ ᠦ ᠬᠦᠦ ᠡ᠂ ᠨᠢᠭᠤᠷ ᠢᠶᠠᠨ ᠶᠧᠷᠦ᠋ᠰᠠᠯᠧᠮ ᠵᠦᠭ ᠬᠠᠷᠠᠭᠤᠯᠵᠤ᠂ ᠠᠷᠢᠭᠤᠨ ᠭᠠᠵᠠᠷ ᠤᠨ ᠡᠰᠡᠷᠭᠦ ᠲᠤᠩ᠋ᠬᠠᠭᠯᠠᠨ᠂ ᠢᠰᠷᠧᠯ ᠨᠤᠲᠤᠭ ᠤᠨ ᠡᠰᠡᠷᠭᠦ ᠡᠰᠢ ᠦᠵᠡᠭᠦᠯᠵᠦ᠂ 3 ᠢᠰᠷᠧᠯ ᠨᠤᠲᠤᠭ ᠤᠨ ᠬᠢᠨ ᠳᠤ ᠶᠠᠷᠢ᠄ 〈ᠶᠣᠬᠣᠸᠠ ᠡᠢᠨ ᠬᠦ ᠠᠢᠯᠠᠳᠴᠤ ᠪᠠᠢᠨ᠎ᠠ᠄ ᠬᠠᠷ᠎ᠠ᠂ ᠪᠢ ᠴᠢᠮᠠᠶᠢ ᠡᠰᠡᠷᠭᠦᠴᠡᠵᠦ ᠪᠠᠢᠨ᠎ᠠ᠃ ᠪᠢ ᠥᠪᠡᠷ ᠦᠨ ᠢᠯᠳᠦ ᠶᠢ ᠬᠤᠢ ᠠᠴᠠ ᠨᠢ ᠰᠤᠭᠤᠯᠵᠤ᠂ ᠴᠢᠮ᠎ᠠ ᠠᠴᠠ ᠵᠥᠪᠲᠡᠨ ᠢ᠂ ᠪᠤᠷᠤᠭᠤᠲᠠᠨ ᠢ ᠲᠠᠰᠤᠯᠤᠨ᠎ᠠ᠃ 4 ᠴᠢᠮ᠎ᠠ ᠠᠴᠠ ᠵᠥᠪᠲᠡᠨ ᠪᠣᠯᠣᠨ ᠪᠤᠷᠤᠭᠤᠲᠠᠨ ᠢ ᠲᠠᠰᠤᠯᠬᠤ ᠪᠠᠷ ᠢᠯᠳᠦ ᠮᠢᠨᠢ ᠬᠤᠢ ᠠᠴᠠ ᠪᠠᠨ ᠰᠤᠭᠤᠯᠤᠭᠳᠠᠨ᠂ ᠡᠮᠦᠨᠡᠲᠦ ᠡᠴᠡ ᠤᠮᠠᠷᠠᠲᠤ ᠬᠦᠷᠲᠡᠯᠡᠬᠢ ᠮᠢᠬᠠᠨ ᠪᠡᠶᠡᠲᠦ ᠪᠦᠬᠦᠨ ᠢ ᠴᠣᠬᠢᠨ᠎ᠠ᠃ 5 ᠲᠡᠭᠡᠬᠦ ᠳᠦ ᠶᠣᠬᠣᠸᠠ ᠪᠢ ᠢᠯᠳᠦ ᠪᠡᠨ ᠬᠤᠢ ᠠᠴᠠ ᠨᠢ ᠰᠤᠭᠤᠯᠤᠭᠰᠠᠨ ᠭᠡᠳᠡᠭ ᠢ ᠮᠢᠬᠠᠨ ᠪᠡᠶᠡᠲᠦ ᠪᠦᠬᠦᠨ ᠮᠡᠳᠡᠬᠦ ᠪᠣᠯᠣᠨ᠎ᠠ᠃ ᠲᠡᠷᠡ ᠢᠯᠳᠦ ᠳᠠᠬᠢᠨ ᠬᠤᠢ ᠳᠠᠭᠠᠨ ᠣᠷᠣᠬᠤ ᠦᠭᠡᠢ᠃〉 6 ᠡᠢᠮᠦ ᠡᠴᠡ ᠭᠠᠰᠠᠯᠠ᠂ ᠬᠥᠮᠦᠨ ᠦ ᠬᠦᠦ ᠴᠢ ᠡᠯᠢᠭᠡ ᠡᠮᠲᠡᠷᠡᠮᠡᠷ᠂ ᠭᠠᠰᠢᠭᠤᠨ ᠵᠣᠪᠠᠯᠠᠩ ᠲᠠᠢ ᠪᠠᠷ ᠲᠡᠳᠡᠨ ᠦ ᠨᠢᠳᠦᠨ ᠳᠡᠭᠡᠷ᠎ᠡ ᠭᠠᠰᠠᠯᠠ᠃ 7 ᠬᠡᠷᠪᠡ ᠲᠡᠳᠡ᠄ 〈ᠴᠢ ᠶᠠᠭᠤᠨ ᠳᠤ ᠭᠠᠰᠠᠯᠤᠨ᠎ᠠ ᠪᠤᠢ︖〉 ᠭᠡᠪᠡᠯ᠂ ᠴᠢ᠄ 〈ᠢᠷᠡᠵᠦ ᠪᠠᠢᠭ᠎ᠠ ᠮᠡᠳᠡᠭᠡᠨ ᠦ ᠤᠴᠢᠷ ᠢᠶᠠᠷ ᠶᠤᠮ᠃ ᠬᠠᠮᠤᠭ ᠵᠢᠷᠦᠬᠡ ᠦᠬᠦᠵᠦ᠂ ᠬᠠᠮᠤᠭ ᠭᠠᠷ ᠰᠤᠯᠠᠷᠠᠵᠤ᠂ ᠬᠠᠮᠤᠭ ᠤᠷᠮ᠎ᠠ ᠮᠣᠬᠣᠵᠤ᠂ ᠬᠠᠮᠤᠭ ᠡᠪᠦᠳᠦᠭ ᠤᠰᠤ ᠪᠣᠯᠣᠨ᠎ᠠ᠃ ᠬᠠᠷ᠎ᠠ᠂ ᠲᠡᠷᠡ ᠢᠷᠡᠵᠦ ᠪᠡᠶᠡᠯᠡᠭᠦᠯᠦᠨ᠎ᠡ᠂ ᠡᠵᠡᠨ ᠶᠣᠬᠣᠸᠠ ᠠᠢᠯᠠᠳᠴᠤ ᠪᠠᠢᠨ᠎ᠠ〉 ᠭᠡᠭᠡᠷᠡᠢ᠃》
8 ᠶᠣᠬᠣᠸᠠ ᠶᠢᠨ ᠦᠭᠡ ᠨᠠᠳᠠ ᠳᠤ ᠢᠷᠡᠵᠦ᠄ 9 《ᠬᠥᠮᠦᠨ ᠦ ᠬᠦᠦ ᠡ᠂ ᠡᠰᠢ ᠦᠵᠡᠭᠦᠯ᠄ 〈ᠶᠣᠬᠣᠸᠠ ᠡᠢᠨ ᠬᠦ ᠠᠢᠯᠠᠳᠴᠤ ᠪᠠᠢᠨ᠎ᠠ ᠢᠯᠳᠦ︕ ᠢᠯᠳᠦ ᠢᠷᠯᠡᠭᠳᠡᠵᠦ᠂ ᠥᠩᠭᠡᠯᠡᠭᠳᠡᠭᠰᠡᠨ
10 ᠬᠢᠳᠤᠬᠤ ᠪᠠᠷ ᠢᠷᠯᠡᠭᠳᠡᠵᠦ ᠭᠢᠯᠪᠢᠭᠡᠨ ᠮᠡᠲᠦ ᠭᠢᠯᠪᠠᠬᠤ ᠶᠢᠨ ᠲᠤᠯᠠᠳᠠ ᠥᠩᠭᠡᠯᠡᠭᠳᠡᠪᠡ᠃
ᠪᠦᠬᠦ ᠮᠣᠳᠣᠨ ᠤ ᠲᠥᠷᠥᠯ ᠢ ᠲᠡᠷᠡ ᠢᠯᠳᠦ ᠪᠠᠰᠤᠮᠵᠢᠯᠠᠵᠤ ᠪᠠᠢᠲᠠᠯ᠎ᠠ᠂ ᠪᠢᠳᠡ ᠬᠦᠦ ᠶᠦᠳᠠ ᠶᠢᠨ ᠢᠶᠠᠨ ᠲᠠᠶᠠᠭ ᠢᠶᠠᠷ ᠪᠠᠶᠠᠰᠤᠨ᠎ᠠ ᠭᠡᠵᠢ ᠤᠤ︖ 11 ᠢᠯᠳᠦ ᠨᠢ ᠥᠩᠭᠡᠯᠡᠭᠴᠢ ᠶᠢᠨ ᠭᠠᠷ ᠲᠤ ᠪᠠᠷᠢᠭᠳᠠᠨ᠎ᠠ᠂ ᠠᠯᠠᠭᠤᠷᠴᠢᠨ ᠤ ᠭᠠᠷ ᠲᠤ ᠣᠷᠣᠬᠤ ᠪᠠᠷ ᠢᠷᠯᠡᠭᠳᠡᠵᠦ ᠥᠩᠭᠡᠯᠡᠭᠳᠡᠨᠡ᠃ 12 ᠬᠠᠰᠬᠢᠷᠤᠨ ᠤᠬᠢᠯᠠ᠂ ᠬᠥᠮᠦᠨ ᠦ ᠬᠦᠦ ᠡ᠃ ᠢᠯᠳᠦ ᠠᠷᠠᠳ ᠲᠦᠮᠡᠨ ᠦ ᠮᠢᠨᠢ ᠳᠡᠭᠡᠷ᠎ᠡ᠂ ᠢᠰᠷᠧᠯ ᠤᠨ ᠪᠦᠬᠦ ᠨᠣᠶᠠᠨ ᠤ ᠳᠡᠭᠡᠷ᠎ᠡ ᠪᠠᠢᠨ᠎ᠠ᠃ ᠲᠡᠳᠡᠨ ᠢ ᠠᠷᠠᠳ ᠲᠦᠮᠡᠨ ᠦ ᠪᠠᠨ ᠬᠠᠮᠲᠤ ᠢᠯᠳᠦᠨ ᠳᠦ ᠲᠤᠰᠢᠶᠠᠭᠰᠠᠨ ᠤᠴᠢᠷ ᠠᠴᠠ ᠴᠢ ᠴᠡᠭᠡᠵᠢ ᠪᠠᠨ ᠳᠡᠯᠡᠳ᠃ 13 ᠡᠳᠡᠭᠡᠷ ᠰᠣᠷᠢᠯᠲᠠ ᠵᠠᠪᠠᠯ ᠢᠷᠡᠨ᠎ᠡ᠃ ᠢᠯᠳᠦ ᠶᠦᠳᠠ ᠶᠢᠨ ᠲᠠᠶᠠᠭ ᠢ ᠪᠠᠰᠤᠮᠵᠢᠯᠠᠪᠠᠯ ᠶᠠᠭᠤ ᠪᠣᠯᠬᠤ ᠪᠤᠢ︖ ᠲᠠᠶᠠᠭ ᠠᠯᠠᠭ᠎ᠠ ᠪᠣᠯᠬᠤ ᠨᠢ ᠡ᠃〉》 ᠡᠵᠡᠨ ᠶᠣᠬᠣᠸᠠ ᠠᠢᠯᠠᠳᠴᠤ ᠪᠠᠢᠨ᠎ᠠ᠃ 14 《ᠡᠢᠮᠦ ᠡᠴᠡ ᠬᠥᠮᠦᠨ ᠦ ᠬᠦᠦ ᠴᠢ ᠨᠢᠳᠤᠷᠭ᠎ᠠ ᠪᠠᠨ ᠵᠠᠩᠭᠢᠳᠤᠨ ᠡᠰᠢ ᠦᠵᠡᠭᠦᠯ᠂ ᠢᠯᠳᠦ ᠠᠪᠴᠤ ᠬᠣᠶᠠᠷ ᠭᠤᠷᠪᠠ ᠤᠳᠠᠭ᠎ᠠ ᠴᠠᠪᠴᠢ᠃ ᠡᠨᠡ ᠨᠢ ᠠᠯᠠᠯᠭ᠎ᠠ ᠶᠢᠨ ᠢᠯᠳᠦ᠂ ᠠᠰᠤᠷᠤ ᠣᠯᠠᠨ ᠢ ᠪᠦᠰᠡᠯᠡᠭᠡᠳ ᠠᠯᠠᠬᠤ ᠢᠯᠳᠦ ᠶᠤᠮ᠃ 15 ᠲᠡᠳᠡᠨ ᠦ ᠵᠢᠷᠦᠬᠡ ᠦᠬᠦᠵᠦ᠂ ᠣᠯᠠᠨ ᠬᠥᠮᠦᠨ ᠤᠨᠠᠨ᠎ᠠ᠃ ᠬᠠᠭᠠᠯᠭ᠎ᠠ ᠪᠣᠯᠭᠠᠨ ᠳᠤᠨᠢ ᠪᠢ ᠬᠢᠳᠤᠬᠤ ᠢᠯᠳᠦ ᠲᠠᠯᠪᠢᠭᠰᠠᠨ᠃ ᠥ︕ ᠲᠡᠭᠦᠨ ᠢ ᠭᠢᠯᠪᠢᠭᠡᠨ ᠮᠡᠲᠦ ᠭᠢᠯᠪᠠᠬᠤ ᠪᠠᠷ ᠬᠢᠵᠦ᠂ ᠬᠢᠳᠤᠯᠭ᠎ᠠ ᠶᠢᠨ ᠲᠥᠯᠥᠭᠡ ᠢᠷᠯᠡᠵᠡᠢ᠃ 16 ᠢᠯᠳᠦ ᠡ᠂ ᠪᠠᠷᠠᠭᠤᠨ ᠲᠡᠰᠢ᠂ ᠵᠡᠭᠦᠨ ᠲᠡᠰᠢ ᠴᠠᠪᠴᠢ᠃ ᠢᠷ ᠴᠢᠨᠢ ᠬᠠᠮᠢᠭᠠᠰᠢ ᠪᠠᠨ ᠴᠢᠭᠯᠡᠪᠡᠯ ᠲᠡᠰᠢ ᠶᠠᠪᠤ᠃ 17 ᠪᠢ ᠪᠠᠰᠠ ᠨᠢᠳᠤᠷᠭ᠎ᠠ ᠪᠠᠨ ᠵᠠᠩᠭᠢᠳᠤᠨ᠂ ᠠᠭᠤᠷ ᠢᠶᠠᠨ ᠭᠦᠢᠴᠡᠳ ᠭᠠᠷᠭᠠᠨ᠎ᠠ᠃ ᠶᠣᠬᠣᠸᠠ ᠪᠢ ᠠᠢᠯᠠᠳᠤᠯ᠎ᠠ᠃》
18 ᠶᠣᠬᠣᠸᠠ ᠶᠢᠨ ᠦᠭᠡ ᠨᠠᠳᠠ ᠳᠤ ᠢᠷᠡᠪᠡ᠄ 19 《ᠬᠥᠮᠦᠨ ᠦ ᠬᠦᠦ ᠴᠢ᠂ ᠪᠠᠪᠢᠯᠣᠨ ᠤ ᠬᠠᠭᠠᠨ ᠤ ᠢᠯᠳᠦ ᠣᠷᠣᠵᠤ ᠢᠷᠡᠬᠦ ᠬᠣᠶᠠᠷ ᠵᠠᠮ ᠳᠤ ᠲᠡᠮᠳᠡᠭ ᠲᠠᠯᠪᠢ᠃ ᠲᠡᠷᠡ ᠬᠣᠶᠠᠷ ᠵᠠᠮ ᠨᠢᠭᠡ ᠴᠡᠭ ᠡᠴᠡ ᠭᠠᠷᠬᠤ ᠪᠣᠯᠣᠨ᠎ᠠ᠃ ᠵᠠᠮ ᠤᠨ ᠲᠡᠮᠳᠡᠭ ᠢ ᠬᠢᠵᠦ᠂ ᠲᠡᠭᠦᠨ ᠢ ᠬᠣᠲᠠ ᠤᠷᠤᠭᠤ ᠴᠢᠭᠯᠡᠬᠦ ᠰᠠᠯᠠᠭ᠎ᠠ ᠵᠠᠮ ᠤᠨ ᠡᠬᠢᠨ ᠳᠤ ᠲᠠᠯᠪᠢ᠃ 20 ᠨᠢᠭᠡ ᠵᠠᠮ ᠨᠢ ᠠᠮᠣᠨᠴᠤᠳ ᠤᠨ ᠷᠠᠪᠠ ᠤᠷᠤᠭᠤ᠂ ᠨᠥᠭᠥᠭᠡ ᠨᠢ ᠶᠦᠳᠠ ᠪᠣᠯᠣᠨ ᠪᠡᠬᠢᠯᠡᠭᠳᠡᠭᠰᠡᠨ ᠶᠧᠷᠦ᠋ᠰᠠᠯᠧᠮ ᠤᠷᠤᠭᠤ ᠴᠢᠭᠯᠡᠨ᠎ᠡ᠂ ᠡᠳᠡᠭᠡᠷ ᠢᠯᠳᠦᠨ ᠦ ᠵᠠᠮ ᠢ ᠴᠢ ᠲᠡᠮᠳᠡᠭᠯᠡ᠃ 21 ᠪᠠᠪᠢᠯᠣᠨ ᠤ ᠬᠠᠭᠠᠨ ᠵᠠᠮ ᠤᠨ ᠠᠭᠤᠯᠵᠠᠷ ᠳᠡᠭᠡᠷ᠎ᠡ᠂ ᠬᠣᠶᠠᠷ ᠵᠠᠮ ᠤᠨ ᠡᠬᠢᠨ ᠳᠤ ᠵᠣᠭᠰᠣᠨ ᠲᠥᠯᠭᠡᠳᠡᠭᠦᠯᠵᠦ᠂ ᠰᠤᠮᠤ ᠪᠠᠨ ᠰᠡᠭᠰᠦᠷᠦᠨ᠂ ᠭᠡᠷ ᠦᠨ ᠰᠢᠲᠦᠭᠡᠨ ᠨᠦᠭᠦᠳ ᠡᠴᠡ ᠠᠰᠠᠭᠤᠵᠤ᠂ ᠲᠠᠬᠢᠯ ᠤᠨ ᠡᠯᠢᠭᠡ ᠶᠢ ᠦᠵᠡᠬᠦ ᠪᠣᠯᠣᠨ᠎ᠠ᠃ 22 〈ᠶᠧᠷᠦ᠋ᠰᠠᠯᠧᠮ ᠤᠷᠤᠭᠤ〉 ᠭᠡᠰᠡᠨ ᠲᠥᠯᠭᠡ ᠪᠠᠷᠠᠭᠤᠨ ᠭᠠᠷ ᠲᠤᠨᠢ ᠪᠠᠭᠤᠬᠤ ᠲᠤᠯᠠ ᠲᠡᠷᠡ ᠪᠡᠷ ᠨᠤᠷᠠᠭᠠᠭᠤᠷ ᠢ ᠲᠠᠯᠪᠢᠵᠤ᠂ ᠠᠯᠠᠯᠭ᠎ᠠ ᠶᠢᠨ ᠲᠤᠰᠢᠶᠠᠯ ᠪᠠᠭᠤᠯᠭᠠᠨ᠎ᠠ᠃ ᠲᠡᠳᠡ ᠴᠢᠩᠭ᠍᠎ᠠ ᠳᠠᠭᠤ ᠪᠠᠷ ᠤᠤᠬᠠᠢᠯᠠᠵᠤ᠂ ᠨᠤᠷᠠᠭᠠᠭᠤᠷ ᠢ ᠬᠠᠭᠠᠯᠭᠠᠨ ᠤ ᠡᠮᠦᠨ᠎ᠡ ᠪᠠᠢᠷᠢᠯᠠᠭᠤᠯᠤᠭᠠᠳ᠂ ᠪᠦᠰᠡᠯᠡᠯᠲᠡ ᠪᠣᠰᠬᠠᠵᠤ᠂ ᠴᠠᠮᠬᠠᠭ ᠤᠳ ᠢ ᠪᠠᠷᠢᠨ᠎ᠠ᠃ 23 ᠬᠣᠲᠠ ᠶᠢᠨ ᠬᠢᠨ ᠤᠷᠢᠳᠤ ᠨᠢ ᠲᠡᠭᠦᠨ ᠳᠦ ᠦᠨᠡᠨᠴᠢ ᠪᠠᠢᠬᠤ ᠪᠠᠷ ᠲᠠᠩ᠋ᠭᠠᠷᠢᠭᠯᠠᠭᠰᠠᠨ ᠤᠴᠢᠷ ᠲᠡᠷᠡ ᠲᠥᠯᠭᠡ ᠶᠢ ᠬᠤᠳᠠᠯ ᠭᠡᠵᠦ ᠦᠵᠡᠨ᠎ᠡ᠂ ᠬᠠᠷᠢᠨ ᠪᠠᠪᠢᠯᠣᠨ ᠤ ᠬᠠᠭᠠᠨ ᠪᠤᠷᠤᠭᠤ ᠶᠢ ᠨᠢ ᠰᠠᠨᠠᠭᠤᠯᠵᠤ᠂ ᠲᠡᠳᠡᠨ ᠢ ᠣᠯᠵᠠᠯᠠᠨ᠎ᠠ᠃
24 ᠲᠡᠢᠮᠦ ᠡᠴᠡ ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 〈ᠲᠠ ᠨᠠᠷ ᠢᠯᠡᠷᠬᠡᠢ ᠤᠷᠪᠠᠯᠲᠠ ᠪᠠᠷ ᠢᠶᠠᠨ ᠠᠯᠳᠠᠭ᠎ᠠ ᠪᠤᠷᠤᠭᠤ ᠪᠠᠨ ᠮᠡᠳᠡᠭᠦᠯᠵᠦ᠂ ᠪᠦᠬᠦ ᠦᠢᠯᠡᠰ ᠢᠶᠡᠷ ᠢᠶᠠᠨ ᠨᠢᠭᠦᠯ ᠢᠶᠡᠨ ᠢᠯᠡᠴᠢᠯᠡᠵᠦ᠂ ᠡᠳᠡᠭᠡᠷ ᠢᠶᠡᠷ ᠲᠡᠭᠦᠨ ᠦ ᠠᠩ᠋ᠬᠠᠷᠤᠯ ᠢ ᠲᠠᠲᠠᠭᠰᠠᠨ ᠤᠴᠢᠷ ᠲᠡᠭᠦᠨ ᠦ ᠭᠠᠷ ᠲᠤ ᠪᠠᠷᠢᠭᠳᠠᠨ᠎ᠠ᠃ 25 ᠢᠰᠷᠧᠯ ᠤᠨ ᠨᠣᠶᠠᠨ᠂ ᠴᠠᠭᠠᠵᠠᠯᠠᠭᠳᠠᠬᠤ 10 ᠪᠤᠷᠤᠭᠤᠲᠠᠨ ᠴᠢ᠂ ᠴᠢᠮᠠᠶᠢ ᠰᠢᠳᠬᠡᠬᠦ ᠴᠠᠭ ᠡᠳᠦᠷ ᠢᠷᠡᠯ᠎ᠡ᠃〉 26 ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 〈ᠲᠣᠯᠣᠭᠠᠢ ᠶᠢᠨ ᠣᠷᠢᠶᠠᠯᠲᠠ ᠪᠠᠨ ᠪᠠᠭᠤᠯᠭᠠᠵᠤ᠂ ᠲᠢᠲᠢᠮ ᠢᠶᠠᠨ ᠠᠪ᠃ ᠶᠠᠭᠤ ᠨᠢ ᠴᠤ ᠤᠷᠢᠳᠤ ᠶᠢᠨ ᠬᠢ ᠰᠢᠭ᠋ ᠢᠶᠠᠨ ᠦᠯᠡᠳᠡᠬᠦ ᠦᠭᠡᠢ᠃ ᠳᠣᠣᠷᠠᠳᠤ ᠨᠢᠭᠡᠨ ᠨᠢ ᠳᠡᠭᠡᠭᠰᠢᠯᠡᠨ᠎ᠡ᠂ ᠳᠡᠭᠡᠳᠦ ᠨᠢᠭᠡᠨ ᠨᠢ ᠳᠣᠷᠣᠭᠰᠢᠯᠠᠨ᠎ᠠ᠃ 27 ᠰᠦᠢᠷᠡᠯ᠂ ᠰᠦᠢᠷᠡᠯ᠂ ᠪᠢ ᠲᠡᠭᠦᠨ ᠢ ᠰᠦᠢᠷᠡᠯ ᠪᠣᠯᠭᠠᠨ᠎ᠠ᠂ ᠲᠡᠷᠡ ᠠᠯᠠᠭ᠎ᠠ ᠪᠣᠯᠣᠨ᠎ᠠ᠃ ᠭᠡᠪᠡᠴᠦ ᠡᠷᠬᠡᠲᠦ ᠨᠢᠭᠡᠨ ᠨᠢ ᠢᠷᠡᠪᠡᠯ᠂ ᠪᠢ ᠲᠡᠭᠦᠨ ᠢ ᠣᠯᠭᠣᠨ᠎ᠠ᠃〉
28 ᠬᠥᠮᠦᠨ ᠦ ᠬᠦᠦ ᠴᠢ ᠡᠰᠢ ᠦᠵᠡᠭᠦᠯ᠄ 〈ᠡᠵᠡᠨ ᠶᠣᠬᠣᠸᠠ ᠠᠮᠣᠨᠴᠤᠳ ᠤᠨ ᠲᠤᠬᠠᠢ ᠪᠠ ᠳᠣᠷᠣᠮᠵᠢᠯᠠᠯ ᠤᠨ ᠬᠢᠨᠢ ᠲᠤᠬᠠᠢ ᠡᠢᠨ ᠬᠦ ᠠᠢᠯᠠᠳᠴᠤ ᠪᠠᠢᠨ᠎ᠠ᠄ ᠢᠯᠳᠦ᠂ ᠢᠯᠳᠦ ᠬᠢᠳᠤᠬᠤ ᠪᠠᠷ ᠰᠤᠭᠤᠯᠤᠭᠳᠠᠭᠰᠠᠨ᠂ ᠰᠥᠨᠥᠭᠡᠬᠦ ᠪᠡᠷ ᠭᠢᠯᠪᠢᠭᠡᠨ ᠮᠡᠲᠦ ᠥᠩᠭᠡᠯᠡᠭᠳᠡᠭᠰᠡᠨ ᠪᠠᠢᠨ᠎ᠠ᠃ 29 ᠬᠣᠭᠣᠰᠣᠨ ᠦᠵᠡᠭᠳᠡᠯ ᠤᠳ ᠢ ᠲᠠ ᠨᠠᠷ ᠲᠤ ᠦᠵᠡᠭᠦᠯᠵᠦ᠂ ᠬᠤᠳᠠᠯ ᠮᠡᠷᠭᠡ ᠶᠢ ᠲᠠ ᠨᠠᠷ ᠲᠤ ᠶᠠᠷᠢᠵᠤ ᠪᠠᠢᠬᠤ ᠳᠤᠨᠢ ᠬᠣᠷᠣᠨ ᠮᠠᠭᠤ᠂ ᠬᠢᠳᠤᠭᠳᠠᠬᠤ ᠶᠣᠰᠣᠲᠠᠢ ᠬᠥᠮᠦᠰ ᠦᠨ ᠬᠦᠵᠦᠭᠦᠨ ᠳᠡᠭᠡᠷ᠎ᠡ ᠢᠯᠳᠦ ᠪᠠᠭᠤᠨ᠎ᠠ᠃ ᠲᠠ ᠨᠠᠷ ᠢ ᠰᠢᠳᠬᠡᠬᠦ ᠴᠠᠭ ᠡᠳᠦᠷ ᠢᠷᠡᠯ᠎ᠡ᠃ 30 ᠢᠯᠳᠦ ᠶᠢ ᠬᠤᠢ ᠳᠤᠨᠢ ᠪᠤᠴᠠᠭ᠎ᠠ᠃ ᠲᠠ ᠨᠠᠷ ᠤᠨ ᠡᠭᠦᠰᠦᠭᠰᠡᠨ ᠭᠠᠵᠠᠷ᠂ ᠲᠠ ᠨᠠᠷ ᠤᠨ ᠲᠥᠷᠥᠭᠰᠡᠨ ᠨᠤᠲᠤᠭ ᠲᠤ ᠪᠢ ᠲᠠ ᠨᠠᠷ ᠢ ᠰᠢᠭᠦᠨ᠎ᠡ᠃ 31 ᠲᠠ ᠨᠠᠷ ᠳᠡᠭᠡᠷ᠎ᠡ ᠪᠢ ᠠᠭᠤᠷ ᠢᠶᠠᠨ ᠭᠠᠷᠭᠠᠵᠤ᠂ ᠲᠠ ᠨᠠᠷ ᠤᠷᠤᠭᠤ ᠬᠢᠯᠢᠩ ᠤᠨ ᠭᠠᠯ ᠢ ᠦᠯᠢᠶᠡᠨ᠎ᠡ᠂ ᠲᠠ ᠨᠠᠷ ᠢ ᠪᠢ ᠰᠤᠷᠮᠠᠭᠠᠢ ᠠᠯᠠᠭᠤᠷᠴᠢᠨ᠂ ᠪᠠᠯᠠᠮᠠᠳ ᠬᠥᠮᠦᠰ ᠦᠨ ᠭᠠᠷ ᠲᠤ ᠲᠤᠰᠢᠶᠠᠨ᠎ᠠ᠃ 32 ᠲᠠ ᠨᠠᠷ ᠭᠠᠯ ᠤᠨ ᠲᠦᠯᠡᠭᠡ ᠪᠣᠯᠣᠨ᠎ᠠ᠃ ᠲᠠ ᠨᠠᠷ ᠤᠨ ᠴᠢᠰᠤ ᠭᠠᠵᠠᠷ ᠲᠤ ᠠᠰᠬᠠᠭᠳᠠᠨᠠ᠃ ᠲᠠ ᠨᠠᠷ ᠳᠠᠬᠢᠨ ᠳᠤᠷᠠᠰᠤᠭᠳᠠᠬᠤ ᠦᠭᠡᠢ᠂ ᠶᠣᠬᠣᠸᠠ ᠪᠢ ᠠᠢᠯᠠᠳᠤᠯ᠎ᠠ᠃〉》