1 2 3 4 5 6 7 8 9 10 11 12 13 14 15 16 17 18 19 20 21 22 23 24 25 26 27 28 29 30 31 32 33 34 35 36 37 38 39 40 41 42 43 44 45 46 47 48


ᠡᠽᠧᠺᠢᠶᠧᠯ ᠠᠷᠪᠠᠨ ᠭᠤᠷᠪᠠ
 ᠬᠠᠭᠤᠷᠮᠠᠴᠢ ᠡᠰᠢ ᠦᠵᠡᠭᠦᠯᠦᠭᠴᠢ ᠰᠢᠳᠬᠡᠭᠳᠡᠨ᠎ᠡ

1 ᠶᠣᠬᠣᠸᠠ ᠶᠢᠨ ᠦᠭᠡ ᠨᠠᠳᠠ ᠳᠤ ᠢᠷᠡᠵᠦ᠄ 2 《ᠬᠥᠮᠦᠨ ᠦ ᠬᠦᠦ ᠡ᠂ ᠡᠳᠦᠭᠡ ᠢᠰᠷᠧᠯ ᠳᠤ ᠡᠰᠢ ᠦᠵᠡᠭᠦᠯᠵᠦ ᠪᠠᠢᠭ᠎ᠠ ᠡᠰᠢ ᠦᠵᠡᠭᠦᠯᠦᠭᠴᠢᠳ ᠤᠨ ᠡᠰᠡᠷᠭᠦ ᠡᠰᠢ ᠦᠵᠡᠭᠦᠯ᠂ ᠳᠤᠷ᠎ᠠ ᠪᠠᠷ ᠢᠶᠠᠨ ᠡᠰᠢ ᠦᠵᠡᠭᠦᠯᠵᠦ ᠪᠤᠢ ᠬᠥᠮᠦᠰ ᠲᠦ ᠴᠢ᠄ 〈ᠶᠣᠬᠣᠸᠠ ᠶᠢᠨ ᠦᠭᠡ ᠶᠢ ᠰᠣᠨᠣᠰᠴᠠᠭ᠎ᠠ︕ 3 ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠂ ᠶᠠᠭᠤ ᠴᠤ ᠦᠵᠡᠭᠡ ᠦᠭᠡᠢ ᠠᠲᠠᠯ᠎ᠠ ᠪᠠᠨ ᠥᠪᠡᠷ ᠦᠨ ᠢᠶᠠᠨ ᠰᠠᠨᠠᠭ᠎ᠠ ᠶᠢ ᠳᠠᠭᠠᠳᠠᠭ ᠮᠤᠩ᠋ᠬᠠᠭ ᠡᠰᠢ ᠦᠵᠡᠭᠦᠯᠦᠭᠴᠢᠳ ᠭᠠᠰᠠᠯᠠᠩᠲᠠᠶ᠎ᠠ᠃ 4 ᠢᠰᠷᠧᠯ ᠡ᠂ ᠡᠰᠢ ᠦᠵᠡᠭᠦᠯᠦᠭᠴᠢᠳ ᠴᠢᠨᠢ ᠪᠠᠯᠭᠠᠰᠤ ᠳᠣᠲᠣᠷᠠᠬᠢ ᠦᠨᠡᠭᠡ ᠠᠳᠠᠯᠢ᠃ 5 ᠲᠡᠳᠡ ᠬᠡᠷᠡᠮ ᠦᠨ ᠨᠤᠷᠠᠩᠬᠢ ᠳᠡᠭᠡᠷ᠎ᠡ ᠣᠴᠢᠭ᠎ᠠ ᠦᠭᠡᠢ᠂ ᠢᠰᠷᠧᠯ ᠤᠨ ᠭᠡᠷ ᠦᠨ ᠬᠢᠨ ᠢ ᠶᠣᠬᠣᠸᠠ ᠶᠢᠨ ᠡᠳᠦᠷ ᠦᠨ ᠲᠤᠯᠤᠯᠳᠤᠭᠠᠨ ᠳᠤ ᠪᠠᠲᠤ ᠵᠣᠭᠰᠣᠭᠠᠬᠤ ᠶᠢᠨ ᠲᠤᠯᠠᠳᠠ ᠬᠡᠷᠡᠮ ᠪᠣᠰᠬᠠᠵᠤ ᠪᠠᠢᠭ᠎ᠠ ᠦᠭᠡᠢ᠃ 6 ᠲᠡᠳᠡᠨ ᠦ ᠦᠵᠡᠳᠡᠭ ᠦᠵᠡᠭᠳᠡᠯ ᠬᠣᠭᠣᠰᠣᠨ᠂ ᠮᠡᠷᠭᠡ ᠬᠤᠳᠠᠯ᠂ ᠶᠣᠬᠣᠸᠠ ᠲᠡᠳᠡᠨ ᠢ ᠢᠯᠡᠭᠡᠭᠡ ᠦᠭᠡᠢ ᠪᠠᠢᠬᠤ ᠳᠤ᠂ ᠲᠡᠳᠡ 〈ᠶᠣᠬᠣᠸᠠ ᠠᠢᠯᠠᠳᠴᠤ ᠪᠠᠢᠨ᠎ᠠ〉 ᠭᠡᠳ ᠥᠪᠡᠷᠰᠡᠳ ᠦᠨ ᠢᠶᠠᠨ ᠦᠭᠡ ᠶᠢ ᠪᠡᠶᠡᠯᠡᠭᠳᠡᠨ᠎ᠡ ᠭᠡᠵᠦ ᠨᠠᠢᠳᠠᠨ᠂ 7 ᠪᠢ ᠶᠠᠷᠢᠭ᠎ᠠ ᠦᠭᠡᠢ ᠪᠠᠢᠬᠤ ᠳᠤ᠂ 〈ᠶᠣᠬᠣᠸᠠ ᠠᠢᠯᠠᠳᠴᠤ ᠪᠠᠢᠨ᠎ᠠ〉 ᠭᠡᠵᠦ ᠪᠠᠢᠨ᠎ᠠ᠂ ᠡᠢᠨ ᠬᠦ ᠲᠠ ᠨᠠᠷ ᠬᠣᠭᠣᠰᠣᠨ ᠦᠵᠡᠭᠳᠡᠯ ᠢ ᠦᠵᠡᠵᠦ᠂ ᠬᠤᠳᠠᠯ ᠮᠡᠷᠭᠡ ᠶᠢ ᠬᠡᠯᠡᠭᠰᠡᠨ ᠪᠤᠰᠤ ᠤᠤ︖〉》 ᠭᠡᠪᠡ᠃

8 ᠲᠡᠢᠮᠦ ᠡᠴᠡ ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 《ᠲᠠ ᠨᠠᠷ ᠬᠣᠭᠣᠰᠣᠨ ᠢ ᠶᠠᠷᠢᠵᠤ᠂ ᠬᠤᠳᠠᠯ ᠢ ᠦᠵᠡᠭᠰᠡᠨ ᠤᠴᠢᠷ ᠠᠴᠠ ᠪᠢ ᠲᠠ ᠨᠠᠷ ᠤᠨ ᠡᠰᠡᠷᠭᠦ ᠪᠠᠢᠨ᠎ᠠ᠂ ᠡᠵᠡᠨ ᠶᠣᠬᠣᠸᠠ ᠠᠢᠯᠠᠳᠴᠤ ᠪᠠᠢᠨ᠎ᠠ᠃ 9 ᠲᠡᠢᠮᠦ ᠡᠴᠡ ᠮᠢᠨᠦ ᠮᠤᠲᠤᠷ ᠬᠣᠭᠣᠰᠣᠨ ᠦᠵᠡᠭᠳᠡᠯ ᠢ ᠦᠵᠡᠵᠦ᠂ ᠬᠤᠳᠠᠯ ᠮᠡᠷᠭᠡ ᠶᠢ ᠶᠠᠷᠢᠳᠠᠭ ᠡᠰᠢ ᠦᠵᠡᠭᠦᠯᠦᠭᠴᠢᠳ ᠤᠨ ᠡᠰᠡᠷᠭᠦ ᠪᠠᠢᠨ᠎ᠠ᠃ ᠲᠡᠳᠡ ᠮᠢᠨᠦ ᠠᠷᠠᠳ ᠲᠦᠮᠡᠨ ᠦ ᠬᠤᠷᠠᠯᠲᠠᠢ ᠳᠤ ᠬᠠᠮᠤᠷᠤᠭᠳᠠᠬᠤ ᠦᠭᠡᠢ᠂ ᠢᠰᠷᠧᠯ ᠤᠨ ᠭᠡᠷ ᠦᠨ ᠴᠠᠳᠢᠭ ᠲᠤ ᠪᠢᠴᠢᠭᠳᠡᠬᠦ ᠦᠭᠡᠢ᠂ ᠢᠰᠷᠧᠯ ᠤᠨ ᠨᠤᠲᠤᠭ ᠲᠤ ᠴᠤ ᠣᠷᠣᠬᠤ ᠦᠭᠡᠢ᠃ ᠲᠡᠢᠨ ᠬᠦ ᠲᠠ ᠨᠠᠷ ᠨᠠᠮᠠᠶᠢ ᠡᠵᠡᠨ ᠶᠣᠬᠣᠸᠠ ᠭᠡᠳᠡᠭ ᠢ ᠮᠡᠳᠡᠬᠦ ᠪᠣᠯᠣᠨ᠎ᠠ᠃ 10 ᠤᠴᠢᠷ ᠨᠢ ᠲᠡᠳᠡ ᠠᠮᠤᠷ ᠲᠠᠢᠪᠤᠩ ᠪᠢᠰᠢ ᠠᠲᠠᠯ᠎ᠠ᠄ 〈ᠠᠮᠤᠷ ᠲᠠᠢᠪᠤᠩ〉 ᠭᠡᠵᠦ ᠶᠠᠷᠢᠨ ᠠᠷᠠᠳ ᠲᠦᠮᠡᠨ ᠢ ᠮᠢᠨᠢ ᠲᠥᠭᠡᠷᠢᠯᠳᠦᠭᠦᠯᠳᠡᠭ᠌᠃ ᠬᠡᠨ ᠨᠢᠭᠡᠨ ᠨᠢ ᠬᠠᠨ᠎ᠠ ᠪᠠᠷᠢᠬᠤ ᠳᠤ᠂ ᠲᠡᠳᠡ ᠲᠡᠭᠦᠨ ᠢ ᠴᠣᠬᠣᠢ ᠪᠠᠷ ᠪᠦᠷᠬᠦᠳᠡᠭ᠃ 11 ᠲᠡᠢᠮᠦ ᠡᠴᠡ ᠴᠢ ᠴᠣᠬᠣᠢᠳᠠᠭᠴᠢᠳ ᠲᠤ ᠡᠨᠡ ᠨᠢ ᠨᠤᠷᠠᠬᠤ ᠪᠣᠯᠣᠨ᠎ᠠ ᠭᠡᠳᠡᠭ ᠢ ᠬᠡᠯᠡ᠃ ᠠᠭᠠᠳᠠᠷ ᠪᠣᠷᠣᠭᠠᠨ ᠣᠷᠣᠵᠤ᠂ ᠰᠢᠷᠦᠭᠦᠨ ᠮᠥᠨᠳᠥᠷ ᠪᠠᠭᠤᠨ᠂ ᠳᠣᠭᠰᠢᠨ ᠰᠠᠯᠬᠢ ᠬᠥᠳᠡᠯᠬᠦ ᠳᠦ᠂ 12 ᠲᠡᠷᠡ ᠬᠠᠨ᠎ᠠ ᠨᠤᠷᠠᠨ᠎ᠠ︕ ᠲᠡᠭᠡᠬᠦ ᠳᠦ ᠬᠥᠮᠦᠰ᠄ 〈ᠲᠠ ᠨᠠᠷ ᠡᠭᠦᠨ ᠢ ᠴᠣᠬᠣᠢ ᠪᠠᠷ ᠴᠣᠬᠣᠢᠳᠠᠭᠰᠠᠨ ᠪᠢᠰᠢ ᠤᠤ︖〉 ᠭᠡᠵᠦ ᠠᠰᠠᠭᠤᠬᠤ ᠪᠤᠰᠤ ᠤᠤ︖ 13 ᠲᠡᠢᠮᠦ ᠡᠴᠡ ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 〈ᠪᠢ ᠠᠭᠤᠷ ᠢᠶᠠᠷ ᠢᠶᠠᠨ ᠳᠣᠭᠰᠢᠨ ᠰᠠᠯᠬᠢ ᠬᠥᠳᠡᠯᠭᠡᠵᠦ᠂ ᠬᠢᠯᠢᠩ ᠢᠶᠠᠷ ᠢᠶᠠᠨ ᠠᠭᠠᠳᠠᠷ ᠪᠣᠷᠣᠭᠠᠨ ᠣᠷᠣᠭᠤᠯᠵᠤ᠂ ᠬᠢᠯᠢᠩ ᠳᠣᠲᠣᠷ᠎ᠠ ᠰᠢᠷᠦᠭᠦᠨ ᠮᠥᠨᠳᠥᠷ ᠢᠶᠡᠷ ᠲᠡᠭᠦᠨ ᠢ ᠤᠰᠠᠳᠬᠠᠨ᠎ᠠ᠃ 14 ᠲᠡᠢᠨ ᠬᠦ ᠪᠢ ᠲᠠ ᠨᠠᠷ ᠤᠨ ᠴᠣᠬᠣᠢᠳᠠᠭᠰᠠᠨ ᠬᠠᠨ᠎ᠠ ᠶᠢ ᠨᠤᠷᠠᠭᠠᠵᠤ᠂ ᠲᠡᠭᠦᠨ ᠢ ᠭᠠᠵᠠᠷ ᠲᠤ ᠤᠨᠠᠭᠠᠭᠰᠠᠨ ᠢᠶᠠᠷ ᠰᠠᠭᠤᠷᠢ ᠨᠢ ᠢᠯᠡ ᠭᠠᠷᠤᠨ᠎ᠠ᠃ ᠬᠠᠨ᠎ᠠ ᠨᠤᠷᠠᠬᠤ ᠳᠤ᠂ ᠲᠠ ᠨᠠᠷ ᠲᠡᠭᠦᠨ ᠳᠣᠲᠣᠷ᠎ᠠ ᠤᠰᠠᠳᠬᠤ ᠪᠣᠯᠣᠨ᠎ᠠ᠃ ᠡᠭᠦᠨ ᠢᠶᠡᠷ ᠲᠠ ᠨᠠᠷ ᠨᠠᠮᠠᠶᠢ ᠶᠣᠬᠣᠸᠠ ᠭᠡᠳᠡᠭ ᠢ ᠮᠡᠳᠡᠬᠦ ᠪᠣᠯᠣᠨ᠎ᠠ᠃ 15 ᠲᠡᠢᠨ ᠬᠦ ᠪᠢ ᠬᠠᠨ᠎ᠠ ᠪᠣᠯᠣᠨ ᠲᠡᠭᠦᠨ ᠢ ᠴᠣᠬᠣᠢᠳᠠᠭᠴᠢᠳ ᠳᠡᠭᠡᠷ᠎ᠡ ᠬᠢᠯᠢᠩ ᠢᠶᠠᠨ ᠭᠦᠢᠴᠡᠭᠡᠵᠦ᠂ 〈ᠲᠠ ᠨᠠᠷ ᠲᠤ ᠬᠠᠨ᠎ᠠ ᠴᠤ ᠠᠯᠠᠭ᠎ᠠ᠂ ᠲᠡᠭᠦᠨ ᠢ ᠴᠣᠬᠣᠢᠳᠠᠭᠴᠢᠳ᠂ ᠲᠤᠬᠠᠢᠯᠠᠪᠠᠯ 16 ᠠᠮᠤᠷ ᠲᠠᠢᠪᠤᠩ ᠪᠢᠰᠢ ᠠᠲᠠᠯ᠎ᠠ ᠶᠧᠷᠦ᠋ᠰᠠᠯᠧᠮ ᠳᠤ ᠡᠰᠢ ᠦᠵᠡᠭᠦᠯᠦᠨ᠂ ᠠᠮᠤᠷ ᠲᠠᠢᠪᠤᠩ ᠤᠨ ᠦᠵᠡᠭᠳᠡᠯ ᠢ ᠦᠵᠡᠵᠦ ᠪᠠᠢᠭᠰᠠᠨ ᠢᠰᠷᠧᠯ ᠤᠨ ᠡᠰᠢ ᠦᠵᠡᠭᠦᠯᠦᠭᠴᠢᠳ ᠴᠤ ᠠᠯᠠᠭ᠎ᠠ ᠪᠣᠯᠣᠯ᠎ᠠ〉 ᠭᠡᠬᠦ ᠪᠣᠯᠣᠨ᠎ᠠ᠃》 ᠡᠵᠡᠨ ᠶᠣᠬᠣᠸᠠ ᠠᠢᠯᠠᠳᠴᠤ ᠪᠠᠢᠨ᠎ᠠ᠃

17 《ᠣᠳᠣ ᠬᠥᠮᠦᠨ ᠦ ᠬᠦᠦ ᠡ᠂ ᠴᠢ ᠠᠷᠠᠳ ᠲᠦᠮᠡᠨ ᠦ ᠪᠠᠨ ᠳᠤᠮᠳᠠ ᠳᠤᠷ᠎ᠠ ᠪᠠᠷ ᠢᠶᠠᠨ ᠡᠰᠢ ᠦᠵᠡᠭᠦᠯᠳᠡᠭ ᠡᠮᠡᠭᠲᠡᠢᠴᠦᠳ ᠤᠷᠤᠭᠤ ᠬᠠᠨᠳᠤᠨ ᠲᠡᠳᠡᠨ ᠦ ᠡᠰᠡᠷᠭᠦ ᠡᠰᠢ ᠦᠵᠡᠭᠦᠯᠵᠦ᠄ 18 ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 〈ᠪᠠᠭᠤᠤ ᠪᠣᠯᠭᠠᠨ ᠳᠠᠭᠠᠨ ᠰᠢᠳᠢᠲᠦ ᠰᠠᠬᠢᠭᠤᠰᠤ ᠣᠶᠣᠵᠤ᠂ ᠬᠥᠮᠦᠰ ᠲᠦ ᠥᠨᠳᠥᠷ ᠦᠨ ᠬᠡᠮᠵᠢᠶ᠎ᠡ ᠪᠡᠷ ᠨᠢ ᠲᠣᠯᠣᠭᠠᠢ ᠶᠢᠨ ᠭᠢᠪᠯᠡᠭᠦᠷ ᠤᠳ ᠬᠢᠵᠦ᠂ ᠬᠥᠮᠦᠨ ᠦ ᠠᠮᠢ ᠶᠢ ᠠᠩᠨᠠᠳᠠᠭ ᠡᠮᠡᠭᠲᠡᠢᠴᠦᠳ ᠭᠠᠰᠠᠯᠠᠩᠲᠠᠶ᠎ᠠ᠃ ᠲᠠ ᠨᠠᠷ ᠠᠷᠠᠳ ᠲᠦᠮᠡᠨ ᠦ ᠮᠢᠨᠢ ᠠᠮᠢ ᠶᠢ ᠠᠩᠨᠠᠳᠠᠭ ᠪᠠᠢᠲᠠᠯ᠎ᠠ ᠪᠠᠨ ᠥᠪᠡᠷᠰᠡᠳ ᠦᠨ ᠢᠶᠠᠨ ᠠᠮᠢ ᠶᠢ ᠬᠠᠮᠠᠭᠠᠯᠠᠬᠤ ᠭᠡᠬᠦ ᠨᠢ ᠤᠤ︖ 19 ᠲᠠ ᠨᠠᠷ ᠠᠳᠬᠤ ᠠᠷᠪᠠᠢ᠂ ᠵᠦᠰᠦᠮ ᠪᠣᠣᠪᠣ ᠶᠢᠨ ᠲᠥᠯᠥᠭᠡ ᠠᠷᠠᠳ ᠲᠦᠮᠡᠨ ᠦ ᠮᠢᠨᠢ ᠳᠤᠮᠳᠠ ᠨᠠᠮᠠᠶᠢ ᠭᠤᠲᠤᠭᠠᠳᠠᠭ᠂ ᠢᠩᠭᠢᠭᠡᠳ ᠬᠤᠳᠠᠯ ᠢ ᠰᠣᠨᠣᠰᠳᠠᠭ ᠠᠷᠠᠳ ᠲᠦᠮᠡᠨ ᠳᠦ ᠮᠢᠨᠢ ᠬᠤᠳᠠᠯ ᠬᠡᠯᠡᠭᠰᠡᠨ ᠢᠶᠡᠷ ᠢᠶᠠᠨ ᠦᠬᠦᠬᠦ ᠶᠣᠰᠣ ᠦᠭᠡᠢ ᠠᠮᠢ ᠶᠢ ᠦᠬᠦᠭᠦᠯᠵᠦ᠂ ᠠᠮᠢᠳᠤᠷᠠᠬᠤ ᠶᠣᠰᠣ ᠦᠭᠡᠢ ᠠᠮᠢ ᠶᠢ ᠠᠮᠢᠳᠤᠷᠠᠭᠤᠯᠳᠠᠭ〉》 ᠭᠡᠵᠦ ᠬᠡᠯᠡ᠃

20 ᠲᠡᠢᠮᠦ ᠡᠴᠡ ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 《ᠬᠠᠷᠠ᠂ ᠪᠢ ᠰᠦᠨᠡᠰᠦ ᠶᠢ ᠰᠢᠪᠠᠭᠤ ᠮᠡᠲᠦ ᠠᠩᠨᠠᠳᠠᠭ ᠰᠢᠳᠢᠲᠦ ᠰᠠᠬᠢᠭᠤᠰᠤ ᠶᠢᠨ ᠡᠰᠡᠷᠭᠦ ᠪᠠᠢᠨ᠎ᠠ᠂ ᠪᠢ ᠲᠡᠳᠡᠭᠡᠷ ᠢ ᠲᠠ ᠨᠠᠷ ᠤᠨ ᠭᠠᠷ ᠠᠴᠠ ᠲᠠᠰᠤᠯᠵᠤ᠂ ᠲᠠ ᠨᠠᠷ ᠤᠨ ᠰᠢᠪᠠᠭᠤ ᠮᠡᠲᠦ ᠠᠩᠨᠠᠭᠰᠠᠨ ᠰᠦᠨᠡᠰᠦ ᠨᠦᠭᠦᠳ ᠢ ᠴᠢᠯᠥᠭᠡᠯᠡᠨ᠎ᠡ᠃ 21 ᠪᠢ ᠭᠢᠪᠯᠡᠭᠦᠷ ᠤᠳ ᠢ ᠴᠢᠨᠢ ᠬᠠᠤ ᠲᠠᠲᠠᠵᠤ᠂ ᠠᠷᠠᠳ ᠲᠦᠮᠡᠨ ᠢᠶᠡᠨ ᠲᠠ ᠨᠠᠷ ᠤᠨ ᠭᠠᠷ ᠠᠴᠠ ᠠᠪᠤᠷᠠᠨ᠎ᠠ᠃ ᠲᠡᠳᠡ ᠳᠠᠬᠢᠨ ᠠᠪᠠᠯᠠᠭᠳᠠᠬᠤ ᠪᠠᠷ ᠲᠠ ᠨᠠᠷ ᠤᠨ ᠭᠠᠷ ᠲᠤ ᠣᠷᠣᠬᠤ ᠦᠭᠡᠢ᠃ ᠲᠡᠢᠨ ᠬᠦ ᠲᠠ ᠨᠠᠷ ᠨᠠᠮᠠᠶᠢ ᠶᠣᠬᠣᠸᠠ ᠭᠡᠳᠡᠭ ᠢ ᠮᠡᠳᠡᠬᠦ ᠪᠣᠯᠣᠨ᠎ᠠ᠃ 22 ᠪᠢ ᠵᠥᠪᠲᠡᠨ ᠦ ᠰᠡᠳᠬᠢᠯ ᠢ ᠭᠤᠨᠢᠭᠯᠠᠭᠤᠯᠳᠠᠭ ᠦᠭᠡᠢ ᠪᠠᠢᠬᠤ ᠳᠤ᠂ ᠲᠠ ᠨᠠᠷ ᠬᠤᠳᠠᠯ ᠢᠶᠠᠷ ᠢᠶᠠᠨ ᠲᠡᠭᠦᠨ ᠢ ᠭᠤᠨᠢᠭᠯᠠᠭᠤᠯᠳᠠᠭ᠂ ᠬᠠᠷᠢᠨ ᠲᠠ ᠨᠠᠷ ᠪᠤᠷᠤᠭᠤᠲᠠᠨ ᠢ ᠤᠷᠮᠠᠰᠢᠭᠤᠯᠳᠠᠭ ᠲᠤᠯᠠ ᠲᠡᠷᠡ ᠠᠮᠢ ᠪᠠᠨ ᠠᠪᠤᠷᠠᠬᠤ ᠪᠠᠷ ᠬᠣᠷᠣᠨ ᠮᠠᠭᠤ ᠵᠠᠮ ᠠᠴᠠ ᠪᠠᠨ ᠡᠷᠭᠢᠳᠡᠭ ᠦᠭᠡᠢ᠃ 23 ᠡᠢᠮᠦ ᠡᠴᠡ ᠡᠮᠡᠭᠲᠡᠢᠴᠦᠳ ᠲᠠ ᠨᠠᠷ ᠳᠠᠬᠢᠭᠠᠳ ᠬᠣᠭᠣᠰᠣᠨ ᠦᠵᠡᠭᠳᠡᠯ ᠢ ᠦᠵᠡᠵᠦ᠂ ᠮᠡᠷᠭᠡ ᠲᠥᠯᠭᠡ ᠦᠢᠯᠡᠳᠴᠦ ᠪᠣᠯᠬᠤ ᠦᠭᠡᠢ᠃ ᠪᠢ ᠠᠷᠠᠳ ᠲᠦᠮᠡᠨ ᠢᠶᠡᠨ ᠲᠠ ᠨᠠᠷ ᠤᠨ ᠭᠠᠷ ᠠᠴᠠ ᠠᠪᠤᠷᠠᠨ᠎ᠠ᠃ ᠡᠢᠨ ᠬᠦ ᠲᠠ ᠨᠠᠷ ᠨᠠᠮᠠᠶᠢ ᠶᠣᠬᠣᠸᠠ ᠭᠡᠳᠡᠭ ᠢ ᠮᠡᠳᠡᠬᠦ ᠪᠣᠯᠣᠨ᠎ᠠ᠃》