ᠡᠽᠧᠺᠢᠶᠧᠯ ᠭᠤᠴᠢᠨ ᠳᠣᠯᠣᠭ᠎ᠠ
ᠬᠤᠪᠠᠬᠠᠢ ᠶᠠᠰᠤᠨ ᠤ ᠬᠥᠨᠳᠡᠢ
1 ᠶᠣᠬᠣᠸᠠ ᠶᠢᠨ ᠮᠤᠲᠤᠷ ᠮᠢᠨᠦ ᠳᠡᠭᠡᠷ᠎ᠡ ᠢᠷᠡᠵᠦ᠂ ᠨᠠᠮᠠᠶᠢ ᠶᠣᠬᠣᠸᠠ ᠶᠢᠨ ᠰᠦᠨᠡᠰᠦ ᠪᠡᠷ ᠠᠪᠴᠤ ᠭᠠᠷᠤᠭᠠᠳ ᠬᠥᠨᠳᠡᠢ ᠶᠢᠨ ᠳᠤᠮᠳᠠ ᠲᠠᠯᠪᠢᠪᠠ᠃ ᠲᠡᠨᠳᠡ ᠶᠠᠰᠤ ᠪᠠᠷ ᠳᠦᠭᠦᠷᠡᠩ ᠪᠠᠢᠯ᠎ᠠ᠃ 2 ᠲᠡᠷᠡ ᠨᠠᠮᠠᠶᠢ ᠲᠡᠳᠡᠭᠡᠷ ᠦᠨ ᠳᠡᠭᠡᠭᠦᠷ ᠨᠠᠰᠢ ᠴᠠᠰᠢ ᠶᠠᠪᠤᠭᠤᠯᠪᠠ᠃ ᠬᠠᠷ᠎ᠠ᠂ ᠲᠡᠷᠡ ᠬᠥᠨᠳᠡᠢ ᠶᠢᠨ ᠭᠠᠳᠠᠷᠭᠤ ᠳᠡᠭᠡᠷ᠎ᠡ ᠮᠠᠰᠢ ᠣᠯᠠᠨ ᠶᠠᠰᠤ ᠪᠠᠢᠭᠰᠠᠨ ᠪᠥᠭᠡᠳ ᠲᠡᠳᠡᠭᠡᠷ ᠨᠢ ᠶᠡᠬᠡᠳᠡ ᠬᠤᠪᠠᠬᠠᠢᠷᠠᠭᠰᠠᠨ ᠪᠠᠢᠪᠠ᠃ 3 ᠲᠡᠷᠡ ᠨᠠᠳᠠ ᠠᠴᠠ᠄ 《ᠬᠥᠮᠦᠨ ᠦ ᠬᠦᠦ ᠡ᠂ ᠡᠳᠡᠭᠡᠷ ᠶᠠᠰᠤ ᠠᠮᠢᠯᠠᠬᠤ ᠤᠤ︖》 ᠭᠡᠵᠦ ᠠᠰᠠᠭᠤᠬᠤ ᠳᠤ᠂ ᠪᠢ᠄ 《ᠡᠵᠡᠨ ᠶᠣᠬᠣᠸᠠ᠂ ᠲᠠ ᠮᠡᠳᠡᠨ᠎ᠡ》 ᠭᠡᠪᠡ᠃ 4 ᠲᠡᠷᠡ ᠨᠠᠳᠠ ᠳᠤ᠄ 《ᠡᠳᠡᠭᠡᠷ ᠶᠠᠰᠤᠨ ᠳᠤ ᠡᠰᠢ ᠦᠵᠡᠭᠦᠯᠦᠨ᠄ 〈ᠬᠤᠪᠠᠬᠠᠢ ᠶᠠᠰᠤ ᠨᠤᠭᠤᠳ ᠡ᠂ ᠶᠣᠬᠣᠸᠠ ᠶᠢᠨ ᠦᠭᠡ ᠶᠢ ᠰᠣᠨᠣᠰ〉 ᠭᠡᠵᠦ ᠶᠠᠷᠢ᠃ 5 ᠡᠵᠡᠨ ᠶᠣᠬᠣᠸᠠ ᠡᠳᠡᠭᠡᠷ ᠶᠠᠰᠤᠨ ᠳᠤ ᠡᠢᠨ ᠬᠦ ᠠᠢᠯᠠᠳᠴᠤ ᠪᠠᠢᠨ᠎ᠠ᠄ 〈ᠬᠠᠷ᠎ᠠ᠂ ᠪᠢ ᠲᠠ ᠨᠠᠷ ᠲᠤ ᠠᠮᠢᠰᠬᠤᠯ ᠣᠷᠣᠭᠤᠯᠵᠤ᠂ ᠲᠠ ᠨᠠᠷ ᠠᠮᠢᠯᠠᠬᠤ ᠪᠣᠯᠣᠨ᠎ᠠ᠃ 6 ᠪᠢ ᠲᠠ ᠨᠠᠷ ᠢ ᠰᠢᠷᠪᠥᠰᠥ ᠲᠠᠢ ᠪᠣᠯᠭᠠᠨ᠂ ᠮᠢᠬ᠎ᠠ ᠤᠷᠭᠤᠭᠤᠯᠵᠤ᠂ ᠲᠠ ᠨᠠᠷ ᠢ ᠠᠷᠠᠰᠤ ᠪᠠᠷ ᠪᠦᠷᠬᠦᠨ᠂ ᠲᠠ ᠨᠠᠷ ᠲᠤ ᠠᠮᠢᠰᠬᠤᠯ ᠣᠷᠣᠭᠤᠯᠤᠨ᠎ᠠ᠃ ᠲᠠ ᠨᠠᠷ ᠠᠮᠢᠯᠠᠵᠤ ᠨᠠᠮᠠᠶᠢ ᠶᠣᠬᠣᠸᠠ ᠭᠡᠳᠡᠭ ᠢ ᠮᠡᠳᠡᠬᠦ ᠪᠣᠯᠣᠨ᠎ᠠ〉》 ᠭᠡᠪᠡ᠃
7 ᠪᠢ ᠲᠡᠭᠦᠨ ᠦ ᠲᠤᠰᠢᠶᠠᠭᠰᠠᠨ ᠶᠣᠰᠣᠭᠠᠷ ᠡᠰᠢ ᠦᠵᠡᠭᠦᠯᠪᠡ᠃ ᠪᠢ ᠡᠰᠢ ᠦᠵᠡᠭᠦᠯᠵᠦ ᠪᠠᠢᠬᠤ ᠳᠤ ᠴᠢᠮᠡᠭᠡ ᠭᠠᠷᠴᠠᠢ᠃ ᠬᠠᠷ᠎ᠠ᠂ ᠶᠠᠰᠤ ᠨᠤᠭᠤᠳ ᠨᠢ ᠲᠠᠷᠴᠢᠭᠢᠨᠠᠭᠰᠠᠨ ᠴᠢᠮᠡᠭᠡ ᠭᠠᠷᠭᠠᠵᠤ᠂ ᠶᠠᠰᠤ ᠶᠠᠰᠤ ᠲᠠᠢ ᠪᠠᠨ ᠨᠡᠢᠯᠡᠪᠡ᠃ 8 ᠪᠢ ᠬᠠᠷᠠᠬᠤ ᠳᠤ᠂ ᠶᠠᠰᠤ ᠨᠤᠭᠤᠳ ᠤᠨ ᠳᠡᠭᠡᠷ᠎ᠡ ᠰᠢᠷᠪᠥᠰᠥ ᠪᠣᠯᠣᠨ ᠮᠢᠬ᠎ᠠ ᠤᠷᠭᠤᠵᠤ᠂ ᠲᠡᠳᠡᠨ ᠦ ᠳᠡᠭᠡᠷ᠎ᠡ ᠠᠷᠠᠰᠤ ᠪᠦᠷᠬᠦᠭᠰᠡᠨ ᠪᠣᠯᠪᠠᠴᠤ ᠠᠮᠢᠰᠬᠤᠯ ᠦᠭᠡᠢ ᠪᠠᠢᠪᠠ᠃ 9 ᠲᠡᠭᠡᠲᠡᠯ᠎ᠡ ᠲᠡᠷᠡ ᠨᠠᠳᠠ ᠳᠤ ᠠᠢᠯᠠᠳᠤᠨ᠄ 《ᠬᠥᠮᠦᠨ ᠦ ᠬᠦᠦ ᠠᠮᠢᠰᠬᠤᠯ ᠳᠤ ᠡᠰᠢ ᠦᠵᠡᠭᠦᠯ᠂ ᠠᠮᠢᠰᠬᠤᠯ ᠳᠤ ᠡᠰᠢ ᠦᠵᠡᠭᠦᠯᠦᠨ᠂ ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 〈ᠠᠮᠢᠰᠬᠤᠯ ᠡ᠂ ᠳᠥᠷᠪᠡᠨ ᠵᠦᠭ ᠡᠴᠡ ᠢᠷᠡᠵᠦ᠂ ᠡᠨᠡ ᠠᠯᠠᠭᠳᠠᠭᠰᠠᠳ ᠤᠷᠤᠭᠤ ᠦᠯᠢᠶᠡᠵᠦ᠂ ᠲᠡᠳᠡᠨ ᠢ ᠠᠮᠢᠯᠠᠭᠤᠯ〉 ᠭᠡᠵᠦ ᠶᠠᠷᠢ》 ᠭᠡᠪᠡ᠃ 10 ᠪᠢ ᠲᠡᠭᠦᠨ ᠦ ᠲᠤᠰᠢᠶᠠᠭᠰᠠᠨ ᠶᠣᠰᠣᠭᠠᠷ ᠡᠰᠢ ᠦᠵᠡᠭᠦᠯᠬᠦ ᠳᠦ᠂ ᠲᠡᠳᠡᠨ ᠳᠦ ᠠᠮᠢᠰᠬᠤᠯ ᠣᠷᠣᠯ᠎ᠠ᠂ ᠲᠡᠢᠨ ᠬᠦ ᠲᠡᠳᠡ ᠠᠮᠢᠯᠠᠵᠤ ᠬᠥᠯ ᠳᠡᠭᠡᠷ᠎ᠡ ᠪᠡᠨ ᠪᠣᠰᠣᠨ᠂ ᠠᠰᠤᠷᠤ ᠠᠰᠤᠷᠤ ᠶᠡᠬᠡ ᠴᠡᠷᠢᠭ ᠪᠣᠯᠪᠠ᠃
11 ᠲᠡᠷᠡ ᠨᠠᠳᠠ ᠳᠤ᠄ 《ᠬᠥᠮᠦᠨ ᠦ ᠬᠦᠦ ᠡ᠂ ᠡᠳᠡᠭᠡᠷ ᠶᠠᠰᠤ ᠪᠣᠯ ᠢᠰᠷᠧᠯ ᠤᠨ ᠬᠠᠮᠤᠭ ᠭᠡᠷ ᠦᠨ ᠬᠢᠨ ᠶᠤᠮ᠃ ᠲᠡᠳᠡ᠄ 〈ᠪᠢᠳᠡᠨ ᠦ ᠶᠠᠰᠤ ᠬᠤᠪᠠᠬᠠᠢᠷᠠᠵᠤ᠂ ᠪᠢᠳᠡᠨ ᠦ ᠨᠠᠢᠳᠠᠪᠤᠷᠢ ᠲᠠᠰᠤᠷᠠᠨ᠂ ᠪᠢᠳᠡ ᠪᠦᠷᠢᠮᠦᠰᠦᠨ ᠤᠰᠠᠳᠤᠯᠠ〉 ᠭᠡᠯᠴᠡᠳᠡᠭ᠃ 12 ᠲᠡᠢᠮᠦ ᠡᠴᠡ ᠴᠢ ᠡᠰᠢ ᠦᠵᠡᠭᠦᠯᠦᠨ ᠶᠠᠷᠢ᠂ ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 〈ᠬᠠᠷ᠎ᠠ᠂ ᠪᠢ ᠪᠤᠯᠠᠰᠢ ᠨᠤᠭᠤᠳ ᠢ ᠴᠢᠨᠢ ᠨᠡᠭᠡᠭᠡᠨ᠎ᠡ︕ ᠠᠷᠠᠳ ᠲᠦᠮᠡᠨ ᠮᠢᠨᠢ᠂ ᠪᠢ ᠲᠠ ᠨᠠᠷ ᠢ ᠪᠤᠯᠠᠰᠢ ᠨᠤᠭᠤᠳ ᠠᠴᠠ ᠴᠢᠨᠢ ᠭᠠᠷᠭᠠᠵᠤ᠂ ᠢᠰᠷᠧᠯ ᠤᠨ ᠨᠤᠲᠤᠭ ᠲᠤ ᠣᠷᠣᠭᠤᠯᠤᠨ᠎ᠠ᠃ 13 ᠠᠷᠠᠳ ᠲᠦᠮᠡᠨ ᠮᠢᠨᠢ᠂ ᠲᠡᠢᠨ ᠬᠦ ᠪᠢ ᠪᠤᠯᠠᠰᠢ ᠨᠤᠭᠤᠳ ᠢ ᠴᠢᠨᠢ ᠨᠡᠭᠡᠭᠡᠵᠦ᠂ ᠲᠠ ᠨᠠᠷ ᠢ ᠪᠤᠯᠠᠰᠢ ᠨᠤᠭᠤᠳ ᠠᠴᠠ ᠴᠢᠨᠢ ᠭᠠᠷᠭᠠᠬᠤ ᠳᠤ᠂ ᠲᠠ ᠨᠠᠷ ᠨᠠᠮᠠᠶᠢ ᠶᠣᠬᠣᠸᠠ ᠭᠡᠳᠡᠭ ᠢ ᠮᠡᠳᠡᠬᠦ ᠪᠣᠯᠣᠨ᠎ᠠ᠃ 14 ᠪᠢ ᠲᠠ ᠨᠠᠷ ᠤᠨ ᠳᠣᠲᠣᠷ᠎ᠠ ᠰᠦᠨᠡᠰᠦ ᠪᠡᠨ ᠣᠷᠣᠭᠤᠯᠤᠨ᠂ ᠲᠠ ᠨᠠᠷ ᠠᠮᠢᠯᠠᠨ᠎ᠠ᠂ ᠪᠢ ᠲᠠ ᠨᠠᠷ ᠢ ᠨᠤᠲᠤᠭ ᠲᠤ ᠴᠢᠨᠢ ᠰᠠᠭᠤᠯᠭᠠᠨ᠎ᠠ᠃ ᠶᠣᠬᠣᠸᠠ ᠪᠢ ᠲᠡᠢᠨ ᠬᠦ ᠶᠠᠷᠢᠭᠰᠠᠨ ᠢᠶᠠᠨ ᠪᠡᠶᠡᠯᠡᠭᠦᠯᠦᠭᠰᠡᠨ ᠢ ᠲᠠ ᠨᠠᠷ ᠲᠡᠷᠡ ᠦᠶ᠎ᠡ ᠳᠦ ᠮᠡᠳᠡᠬᠦ ᠪᠣᠯᠣᠨ᠎ᠠ᠂〉》 ᠡᠵᠡᠨ ᠶᠣᠬᠣᠸᠠ ᠠᠢᠯᠠᠳᠴᠤ ᠪᠠᠢᠨ᠎ᠠ᠃
ᠶᠦᠳᠠ ᠢᠰᠷᠧᠯ ᠤᠨ ᠨᠢᠭᠡᠳᠦᠯ
15 ᠶᠣᠬᠣᠸᠠ ᠶᠢᠨ ᠦᠭᠡ ᠨᠠᠳᠠ ᠳᠤ ᠢᠷᠡᠪᠡ᠄ 16 《ᠬᠥᠮᠦᠨ ᠦ ᠬᠦᠦ ᠨᠢᠭᠡ ᠰᠠᠪᠠᠭ᠎ᠠ ᠠᠪᠴᠢᠷᠠᠵᠤ᠂ ᠳᠡᠭᠡᠷ᠎ᠡ ᠨᠢ᠄ 〈ᠶᠦᠳᠠ ᠪᠣᠯᠣᠨ ᠲᠡᠭᠦᠨ ᠦ ᠬᠠᠮᠲᠤᠷᠠᠭᠴᠢ ᠢᠰᠷᠧᠯᠴᠦᠳ ᠦᠨ ᠬᠢ〉 ᠭᠡᠵᠦ ᠪᠢᠴᠢ᠃ ᠪᠠᠰᠠ ᠥᠭᠡᠷ᠎ᠡ ᠨᠢᠭᠡ ᠰᠠᠪᠠᠭ᠎ᠠ ᠠᠪᠴᠢᠷᠠᠵᠤ᠂ ᠳᠡᠭᠡᠷ᠎ᠡ ᠨᠢ᠄ 〈ᠡᠹᠷᠠᠢᠮ ᠤᠨ ᠰᠠᠪᠠᠭ᠎ᠠ᠂ ᠶᠣᠰᠧᠹ ᠪᠠ ᠲᠡᠭᠦᠨ ᠦ ᠬᠠᠮᠲᠤᠷᠠᠭᠴᠢ ᠢᠰᠷᠧᠯ ᠤᠨ ᠪᠦᠬᠦ ᠭᠡᠷ ᠦᠨ ᠬᠢ〉 ᠭᠡᠵᠦ ᠪᠢᠴᠢ᠃ 17 ᠳᠠᠷᠠᠭ᠎ᠠ ᠨᠢ ᠨᠢᠭᠡ ᠶᠢ ᠨᠢ ᠨᠥᠭᠥᠭᠡ ᠲᠠᠢ ᠨᠢ ᠨᠡᠢᠯᠡᠭᠦᠯ᠂ ᠲᠡᠢᠨ ᠬᠦ ᠭᠠᠷ ᠢᠶᠠᠷ ᠢᠶᠠᠨ ᠲᠡᠳᠡᠭᠡᠷ ᠢ ᠨᠢᠭᠡ ᠪᠣᠯᠭ᠎ᠠ᠃ 18 ᠬᠡᠷᠪᠡ ᠲᠠᠨ ᠤ ᠬᠢᠨ ᠴᠢᠮ᠎ᠠ ᠠᠴᠠ᠄ 〈ᠡᠳᠡᠭᠡᠷ ᠵᠦᠢᠯ ᠴᠢᠨᠢ ᠶᠠᠮᠠᠷ ᠤᠳᠬ᠎ᠠ ᠲᠠᠢ ᠶᠢ ᠪᠢᠳᠡᠨ ᠳᠦ ᠮᠡᠳᠡᠭᠦᠯᠬᠦ ᠦᠭᠡᠢ ᠤᠤ︖〉 ᠭᠡᠪᠡᠯ᠂ 19 ᠴᠢ ᠲᠡᠳᠡᠨ ᠳᠦ᠂ ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 〈ᠬᠠᠷ᠎ᠠ᠂ ᠪᠢ ᠡᠹᠷᠠᠢᠮ ᠤᠨ ᠭᠠᠷ ᠲᠤ ᠪᠤᠢ ᠶᠣᠰᠧᠹ ᠪᠣᠯᠣᠨ ᠲᠡᠭᠦᠨ ᠦ ᠬᠠᠮᠲᠤᠷᠠᠭᠴᠢ ᠢᠰᠷᠧᠯ ᠤᠨ ᠣᠪᠣᠭ ᠤᠳ ᠤᠨ ᠰᠠᠪᠠᠭ᠎ᠠ ᠶᠢ ᠠᠪᠴᠤ᠂ ᠲᠡᠭᠦᠨ ᠢ ᠶᠦᠳᠠ ᠶᠢᠨ ᠰᠠᠪᠠᠭ᠎ᠠ ᠲᠠᠢ ᠨᠡᠢᠯᠡᠭᠦᠯᠵᠦ᠂ ᠨᠢᠭᠡ ᠰᠠᠪᠠᠭ᠎ᠠ ᠪᠣᠯᠭᠠᠨ᠎ᠠ᠃ ᠡᠢᠨ ᠬᠦ ᠲᠡᠳᠡ ᠮᠢᠨᠦ ᠭᠠᠷ ᠢᠶᠠᠷ ᠨᠢᠭᠡ ᠪᠣᠯᠣᠨ᠎ᠠ〉 ᠭᠡᠰᠡᠨ》 ᠭᠡᠵᠦ ᠶᠠᠷᠢ᠃ 20 ᠴᠢ ᠲᠡᠢᠨ ᠬᠦ ᠪᠢᠴᠢᠭᠰᠡᠨ ᠰᠠᠪᠠᠭ᠎ᠠ ᠪᠠᠨ ᠲᠡᠳᠡᠨ ᠦ ᠨᠢᠳᠦᠨ ᠳᠡᠭᠡᠷ᠎ᠡ ᠭᠠᠷ ᠲᠠᠭᠠᠨ ᠪᠠᠷᠢᠨ 21 ᠲᠡᠳᠡᠨ ᠳᠦ ᠡᠢᠨ ᠬᠦ ᠶᠠᠷᠢ᠄ 《ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 〈ᠬᠠᠷ᠎ᠠ᠂ ᠪᠢ ᠢᠰᠷᠧᠯᠴᠦᠳ ᠢ ᠣᠴᠢᠭᠰᠠᠨ ᠭᠦᠷᠦᠨ ᠨᠦᠭᠦᠳ ᠡᠴᠡ ᠨᠢ ᠭᠠᠷᠭᠠᠨ᠂ ᠵᠦᠭ ᠪᠦᠷᠢ ᠡᠴᠡ ᠴᠤᠭᠯᠠᠭᠤᠯᠵᠤ᠂ ᠨᠤᠲᠤᠭ ᠲᠤᠨᠢ ᠠᠪᠠᠴᠢᠨ᠎ᠠ᠃ 22 ᠪᠢ ᠲᠡᠳᠡᠨ ᠢ ᠲᠡᠷᠡ ᠭᠠᠵᠠᠷ ᠲᠤ᠂ ᠢᠰᠷᠧᠯ ᠤᠨ ᠠᠭᠤᠯᠠᠰ ᠳᠡᠭᠡᠷ᠎ᠡ ᠨᠢᠭᠡᠨ ᠤᠯᠤᠰ ᠪᠣᠯᠭᠠᠨ᠎ᠠ᠃ ᠨᠢᠭᠡ ᠯᠠ ᠬᠠᠭᠠᠨ ᠪᠦᠭᠦᠳᠡ ᠶᠢᠨ ᠬᠢᠨᠢ ᠬᠠᠭᠠᠨ ᠪᠣᠯᠵᠤ᠂ ᠲᠡᠳᠡ ᠬᠣᠢᠰᠢᠳᠠ ᠬᠣᠶᠠᠷ ᠠᠷᠠᠳ ᠲᠦᠮᠡᠨ ᠪᠣᠯᠬᠤ ᠦᠭᠡᠢ᠂ ᠬᠣᠶᠠᠷ ᠬᠠᠭᠠᠨᠴᠢᠯᠠᠯ ᠳᠤ ᠬᠤᠪᠢᠶᠠᠭᠳᠠᠬᠤ ᠦᠭᠡᠢ᠃ 23 ᠲᠡᠳᠡ ᠵᠢᠭᠰᠢᠭᠦᠷᠢᠲᠦ ᠱᠤᠭᠤᠮᠠᠯ ᠰᠢᠲᠦᠭᠡᠨ ᠢᠶᠡᠷ ᠢᠶᠠᠨ᠂ ᠡᠰᠡᠪᠡᠯ ᠠᠯᠢᠪᠠ ᠨᠢᠭᠦᠯ ᠢᠶᠡᠷ ᠢᠶᠠᠨ ᠥᠪᠡᠷᠰᠡᠳ ᠢ ᠪᠠᠨ ᠪᠤᠵᠠᠷᠯᠠᠬᠤ ᠦᠭᠡᠢ᠂ ᠪᠢ ᠲᠡᠳᠡᠨ ᠢ ᠨᠢᠭᠦᠯ ᠦᠢᠯᠡᠳᠳᠡᠭ ᠠᠯᠢᠪᠠ ᠭᠠᠵᠠᠷ ᠠᠴᠠ ᠨᠢ ᠠᠪᠤᠷᠠᠵᠤ᠂ ᠲᠡᠳᠡᠨ ᠢ ᠴᠡᠪᠡᠷᠯᠡᠨ᠎ᠡ᠃ ᠡᠢᠨ ᠬᠦ ᠲᠡᠳᠡ ᠮᠢᠨᠦ ᠠᠷᠠᠳ ᠲᠦᠮᠡᠨ ᠪᠣᠯᠵᠤ᠂ ᠪᠢ ᠲᠡᠳᠡᠨ ᠦ ᠪᠤᠷᠬᠠᠨ ᠪᠣᠯᠣᠨ᠎ᠠ᠃
24 ᠮᠢᠨᠦ ᠵᠠᠷᠤᠴᠠ ᠳ᠋ᠠᠸᠢᠳ᠋ ᠲᠡᠳᠡᠨ ᠦ ᠬᠠᠭᠠᠨ ᠪᠣᠯᠵᠤ᠂ ᠲᠡᠳᠡ ᠪᠦᠭᠦᠳᠡ ᠨᠢᠭᠡ ᠬᠣᠨᠢᠴᠢᠨ ᠲᠠᠢ ᠪᠣᠯᠣᠨ᠎ᠠ᠃ ᠲᠡᠳᠡ ᠵᠢᠭᠠᠪᠤᠷᠢ ᠨᠤᠭᠤᠳ ᠢ ᠮᠢᠨᠢ ᠮᠥᠷᠳᠡᠵᠦ᠂ ᠲᠣᠭᠲᠠᠭᠠᠯ ᠤᠳ ᠢ ᠮᠢᠨᠢ ᠰᠠᠬᠢᠨ ᠪᠡᠶᠡᠯᠡᠭᠦᠯᠦᠨ᠎ᠡ᠃ 25 ᠲᠡᠳᠡ ᠮᠢᠨᠦ ᠵᠠᠷᠤᠴᠠ ᠶᠠᠺᠣᠪ ᠲᠠᠭᠠᠨ ᠥᠭᠭᠥᠭᠰᠡᠨ ᠨᠤᠲᠤᠭ᠂ ᠡᠴᠢᠭᠡ ᠡᠪᠦᠭᠡᠳ ᠦᠨ ᠢᠶᠠᠨ ᠠᠮᠢᠳᠤᠷᠠᠭᠰᠠᠨ ᠲᠡᠷᠡ ᠨᠤᠲᠤᠭ ᠲᠤ ᠠᠮᠢᠳᠤᠷᠠᠨ᠎ᠠ᠃ ᠲᠡᠳᠡ᠂ ᠲᠡᠳᠡᠨ ᠦ ᠬᠡᠦᠬᠡᠳ ᠤᠳ᠂ ᠬᠡᠦᠬᠡᠳ ᠤᠳ ᠤᠨ ᠬᠢᠨᠢ ᠬᠡᠦᠬᠡᠳ ᠤᠳ ᠴᠤ ᠲᠡᠨᠳᠡ ᠦᠶ᠎ᠡ ᠶᠢᠨ ᠦᠶ᠎ᠡ ᠳᠦ ᠠᠮᠢᠳᠤᠷᠠᠬᠤ ᠪᠥᠭᠡᠳ ᠮᠢᠨᠦ ᠵᠠᠷᠤᠴᠠ ᠳ᠋ᠠᠸᠢᠳ᠋ ᠡᠭᠦᠷᠢᠳᠡ ᠲᠡᠳᠡᠨ ᠦ ᠬᠠᠭᠠᠨ ᠪᠠᠢᠬᠤ ᠪᠣᠯᠣᠨ᠎ᠠ᠃ 26 ᠪᠢ ᠲᠡᠳᠡᠨ ᠲᠡᠢ ᠡᠩᠬᠡ ᠲᠠᠢᠪᠤᠩ ᠤᠨ ᠭᠡᠷ᠎ᠡ ᠪᠠᠢᠭᠤᠯᠬᠤ ᠪᠥᠭᠡᠳ ᠲᠡᠷᠡ ᠨᠢ ᠮᠥᠩᠬᠡ ᠶᠢᠨ ᠭᠡᠷ᠎ᠡ ᠪᠣᠯᠣᠨ᠎ᠠ᠃ ᠪᠢ ᠲᠡᠳᠡᠨ ᠢ ᠲᠣᠭᠲᠠᠭᠠᠨ᠂ ᠥᠨᠢᠷ ᠣᠯᠠᠨ ᠪᠣᠯᠭᠠᠵᠤ᠂ ᠥᠪᠡᠷ ᠦᠨ ᠢᠶᠠᠨ ᠠᠷᠢᠭᠤᠨ ᠭᠠᠵᠠᠷ ᠢ ᠲᠡᠳᠡᠨ ᠦ ᠳᠤᠮᠳᠠ ᠮᠥᠩᠬᠡᠳᠡ ᠪᠠᠢᠯᠭᠠᠨ᠎ᠠ᠃ 27 ᠲᠡᠢᠨ ᠬᠦ ᠮᠢᠨᠦ ᠣᠷᠣᠰᠢᠳᠠᠭ ᠭᠠᠵᠠᠷ ᠲᠡᠳᠡᠨ ᠦ ᠳᠤᠮᠳᠠ ᠪᠠᠢᠬᠤ ᠪᠥᠭᠡᠳ ᠪᠢ ᠲᠡᠳᠡᠨ ᠦ ᠪᠤᠷᠬᠠᠨ ᠪᠣᠯᠵᠤ᠂ ᠲᠡᠳᠡ ᠮᠢᠨᠦ ᠠᠷᠠᠳ ᠲᠦᠮᠡᠨ ᠪᠣᠯᠣᠨ᠎ᠠ᠃ 28 ᠠᠷᠢᠭᠤᠨ ᠭᠠᠵᠠᠷ ᠮᠢᠨᠢ ᠲᠡᠳᠡᠨ ᠦ ᠳᠤᠮᠳᠠ ᠮᠥᠩᠬᠡᠳᠡ ᠣᠷᠣᠰᠢᠬᠤ ᠳᠤ᠂ ᠢᠰᠷᠧᠯ ᠢ ᠠᠷᠢᠭᠤᠰᠬᠠᠭᠴᠢ ᠨᠢ ᠶᠣᠬᠣᠸᠠ ᠪᠢ ᠭᠡᠳᠡᠭ ᠢ ᠦᠨᠳᠦᠰᠦᠲᠡᠨ ᠨᠦᠭᠦᠳ ᠮᠡᠳᠡᠬᠦ ᠪᠣᠯᠣᠨ᠎ᠠ᠃〉》