1 2 3 4 5 6 7 8 9 10 11 12 13 14 15 16 17 18 19 20 21 22 23 24 25 26 27 28 29 30 31 32 33 34 35 36 37 38 39 40 41 42 43 44 45 46 47 48


ᠡᠽᠧᠺᠢᠶᠧᠯ ᠳᠥᠴᠢᠨ ᠭᠤᠷᠪᠠ
 ᠶᠣᠬᠣᠸᠠ ᠶᠢᠨ ᠵᠢᠪᠬᠤᠯᠠᠩ ᠪᠤᠴᠠᠵᠤ ᠢᠷᠡᠪᠡ

1 ᠳᠠᠷᠠᠭ᠎ᠠ ᠨᠢ ᠲᠡᠷᠡ ᠨᠠᠮᠠᠶᠢ ᠵᠡᠭᠦᠨᠰᠢ ᠬᠠᠷᠠᠭᠰᠠᠨ ᠬᠠᠭᠠᠯᠭ᠎ᠠ ᠤᠷᠤᠭᠤ ᠠᠪᠠᠴᠢᠪᠠ᠃ 2 ᠬᠠᠷᠠ᠂ ᠢᠰᠷᠧᠯ ᠤᠨ ᠪᠤᠷᠬᠠᠨ ᠤ ᠴᠣᠭ ᠵᠢᠪᠬᠤᠯᠠᠩ ᠵᠡᠭᠦᠨ ᠵᠦᠭ ᠡᠴᠡ ᠢᠷᠡᠯ᠎ᠡ᠃ ᠲᠡᠭᠦᠨ ᠦ ᠳᠠᠭᠤ ᠶᠡᠬᠡ ᠤᠰᠤᠨ ᠤ ᠴᠢᠮᠡᠭᠡ ᠮᠡᠲᠦ᠂ ᠲᠡᠭᠦᠨ ᠦ ᠴᠣᠭ ᠵᠢᠪᠬᠤᠯᠠᠩ ᠳᠤ ᠭᠠᠵᠠᠷ ᠭᠡᠷᠡᠯᠲᠦᠪᠡ᠃ 3 ᠡᠨᠡ ᠦᠵᠡᠭᠳᠡᠯ ᠶᠧᠷᠦ᠋ᠰᠠᠯᠧᠮ ᠬᠣᠲᠠ ᠶᠢ ᠤᠰᠠᠳᠬᠠᠬᠤ ᠪᠠᠷ ᠢᠷᠡᠭᠰᠡᠨ ᠦᠶ᠎ᠡ ᠳᠦᠨᠢ ᠮᠢᠨᠦ ᠦᠵᠡᠭᠰᠡᠨ ᠦᠵᠡᠭᠳᠡᠯ ᠲᠡᠢ ᠠᠳᠠᠯᠢ᠂ ᠮᠥᠨ ᠺᠧᠪᠠᠷ ᠭᠣᠣᠯ ᠤᠨ ᠳᠡᠷᠭᠡᠳᠡ ᠮᠢᠨᠦ ᠦᠵᠡᠭᠰᠡᠨ ᠦᠵᠡᠭᠳᠡᠯ ᠤᠳ ᠲᠠᠢ ᠠᠳᠠᠯᠢ ᠪᠠᠢᠯ᠎ᠠ᠃ ᠪᠢ ᠨᠢᠭᠤᠷ ᠢᠶᠠᠨ ᠭᠠᠵᠠᠷ ᠲᠤ ᠨᠠᠭᠠᠪᠠ᠃ 4 ᠶᠣᠬᠣᠸᠠ ᠶᠢᠨ ᠴᠣᠭ ᠵᠢᠪᠬᠤᠯᠠᠩ ᠵᠡᠭᠦᠨᠰᠢ ᠬᠠᠷᠠᠭᠰᠠᠨ ᠬᠠᠭᠠᠯᠭ᠎ᠠ ᠪᠠᠷ ᠥᠷᠭᠥᠭᠡᠨ ᠳᠦ ᠣᠷᠣᠪᠠ᠂ 5 ᠰᠦᠨᠡᠰᠦ ᠨᠠᠮᠠᠶᠢ ᠡᠷᠭᠦᠨ᠂ ᠳᠣᠲᠣᠭᠠᠳᠤ ᠬᠦᠷᠢᠶ᠎ᠡ ᠤᠷᠤᠭᠤ ᠠᠪᠴᠢᠷᠠᠪᠠ᠃ ᠪᠢ ᠬᠠᠷᠠᠬᠤ ᠳᠤ᠂ ᠶᠣᠬᠣᠸᠠ ᠶᠢᠨ ᠴᠣᠭ ᠵᠢᠪᠬᠤᠯᠠᠩ ᠥᠷᠭᠥᠭᠡ ᠶᠢ ᠳᠦᠭᠦᠷᠭᠡᠪᠡ︕

6 ᠨᠥᠭᠥᠭᠡ ᠬᠥᠮᠦᠨ ᠮᠢᠨᠦ ᠬᠠᠵᠠᠭᠤ ᠳᠤ ᠵᠣᠭᠰᠣᠵᠤ ᠪᠠᠢᠲᠠᠯ᠎ᠠ ᠥᠷᠭᠥᠭᠡᠨ ᠡᠴᠡ ᠬᠡᠨ ᠨᠢᠭᠡᠨ ᠨᠠᠳᠠ ᠳᠤ ᠶᠠᠷᠢᠬᠤ ᠶᠢ ᠪᠢ ᠰᠣᠨᠣᠰᠣᠯ᠎ᠠ᠃ 7 ᠲᠡᠷᠡ ᠨᠠᠳᠠ ᠳᠤ᠄ 《ᠬᠥᠮᠦᠨ ᠦ ᠬᠦᠦ ᠡ᠂ ᠮᠢᠨᠦ ᠰᠡᠨᠲᠢ ᠶᠢᠨ ᠭᠠᠵᠠᠷ᠂ ᠮᠢᠨᠦ ᠬᠥᠯ ᠦᠨ ᠤᠯᠠ ᠭᠢᠰᠬᠢᠬᠦ ᠭᠠᠵᠠᠷ᠂ ᠢᠰᠷᠧᠯᠴᠦᠳ ᠦᠨ ᠳᠤᠮᠳᠠ ᠮᠥᠩᠬᠡᠳᠡ ᠣᠷᠣᠰᠢᠬᠤ ᠭᠠᠵᠠᠷ ᠮᠢᠨᠢ ᠡᠨᠡ ᠪᠢᠯᠡ᠃ ᠢᠰᠷᠧᠯ ᠤᠨ ᠭᠡᠷ ᠦᠨ ᠬᠢᠨ ᠥᠪᠡᠷᠰᠡᠳ ᠢᠶᠡᠨ ᠴᠤ᠂ ᠲᠡᠳᠡᠨ ᠦ ᠬᠠᠭᠠᠳ ᠴᠤ ᠵᠠᠪᠬᠠᠢᠷᠠᠯ ᠪᠣᠯᠣᠨ ᠬᠠᠭᠠᠳ ᠤᠨ ᠢᠶᠠᠨ ᠮᠥᠷᠭᠥᠯ ᠦᠨ ᠮᠠᠨᠳᠠᠯ ᠳᠡᠭᠡᠷᠡᠬᠢ ᠠᠮᠢ ᠦᠭᠡᠢ ᠰᠢᠲᠦᠭᠡᠨ ᠨᠦᠭᠦᠳ ᠢᠶᠡᠷ ᠠᠷᠢᠭᠤᠨ ᠨᠡᠷ᠎ᠡ ᠶᠢ ᠮᠢᠨᠢ ᠳᠠᠬᠢᠨ ᠭᠤᠲᠤᠭᠠᠵᠤ ᠪᠣᠯᠬᠤ ᠦᠭᠡᠢ᠃ 8 ᠲᠡᠳᠡ ᠥᠪᠡᠷᠰᠡᠳ ᠦᠨ ᠢᠶᠠᠨ ᠪᠣᠱᠣᠭ᠎ᠠ ᠶᠢ ᠮᠢᠨᠦ ᠪᠣᠱᠣᠭᠠᠨ ᠤ ᠳᠡᠷᠭᠡᠳᠡ᠂ ᠬᠠᠭᠠᠯᠭᠠᠨ ᠤ ᠬᠠᠲᠠᠪᠴᠢ ᠪᠠᠨ ᠮᠢᠨᠦ ᠬᠠᠭᠠᠯᠭᠠᠨ ᠤ ᠬᠠᠲᠠᠪᠴᠢ ᠶᠢᠨ ᠳᠡᠷᠭᠡᠳᠡ ᠪᠠᠢᠯᠭᠠᠭᠰᠠᠨ ᠢᠶᠠᠷ ᠪᠢ ᠪᠣᠯᠣᠨ ᠲᠡᠳᠡᠨ ᠦ ᠬᠣᠭᠣᠷᠣᠨᠳᠣ ᠨᠢᠭᠡ ᠬᠡᠷᠡᠮ ᠯᠠ ᠪᠠᠢᠬᠤ ᠳᠤ᠂ ᠲᠡᠳᠡ ᠵᠢᠭᠰᠢᠭᠦᠷᠢ ᠶᠢ ᠦᠢᠯᠡᠳᠳᠡᠭ ᠢᠶᠡᠷ ᠢᠶᠠᠨ ᠠᠷᠢᠭᠤᠨ ᠨᠡᠷ᠎ᠡ ᠶᠢ ᠮᠢᠨᠢ ᠳᠣᠷᠣᠮᠵᠢᠯᠠᠪᠠ᠃ ᠲᠡᠢᠮᠦ ᠡᠴᠡ ᠪᠢ ᠠᠭᠤᠷ ᠬᠢᠯᠢᠩ ᠲᠠᠢ ᠪᠠᠷ ᠲᠡᠳᠡᠨ ᠢ ᠮᠥᠬᠥᠭᠡᠪᠡ᠃ 9 ᠣᠳᠣ ᠲᠡᠳᠡ ᠥᠪᠡᠷᠰᠡᠳ ᠦᠨ ᠢᠶᠠᠨ ᠵᠠᠪᠬᠠᠢᠷᠠᠯ ᠪᠣᠯᠣᠨ ᠬᠠᠭᠠᠳ ᠤᠨ ᠢᠶᠠᠨ ᠮᠥᠷᠭᠥᠯ ᠦᠨ ᠮᠠᠨᠳᠠᠯ ᠳᠡᠭᠡᠷᠡᠬᠢ ᠠᠮᠢ ᠦᠭᠡᠢ ᠰᠢᠲᠦᠭᠡᠨ ᠨᠦᠭᠦᠳ ᠢ ᠨᠠᠳᠠ ᠠᠴᠠ ᠬᠣᠯᠠᠳᠠᠭᠤᠯᠬᠤ ᠶᠣᠰᠣᠲᠠᠢ᠃ ᠲᠡᠭᠡᠪᠡᠯ ᠪᠢ ᠲᠡᠳᠡᠨ ᠦ ᠳᠤᠮᠳᠠ ᠮᠥᠩᠬᠡᠳᠡ ᠣᠷᠣᠰᠢᠬᠤ ᠪᠣᠯᠣᠨ᠎ᠠ᠃

10 ᠬᠥᠮᠦᠨ ᠦ ᠬᠦᠦ ᠡ᠂ ᠴᠢ ᠢᠰᠷᠧᠯ ᠤᠨ ᠭᠡᠷ ᠦᠨ ᠬᠢᠨ ᠳᠤ ᠡᠨᠡ ᠥᠷᠭᠥᠭᠡᠨ ᠦ ᠲᠤᠬᠠᠢ ᠬᠡᠯᠡᠵᠦ ᠥᠭ᠂ ᠲᠡᠳᠡ ᠲᠡᠷᠡ ᠲᠥᠰᠥᠯ ᠦᠨ ᠳᠠᠭᠠᠤ ᠬᠡᠮᠵᠢᠭ᠃ ᠲᠡᠳᠡ ᠭᠡᠮ ᠨᠢᠭᠦᠯ ᠡᠴᠡ ᠪᠡᠨ ᠢᠴᠢᠬᠦ ᠶᠣᠰᠣᠲᠠᠢ᠃ 11 ᠬᠡᠷᠪᠡ ᠲᠡᠳᠡ ᠬᠢᠭᠰᠡᠨ ᠪᠦᠬᠦᠨ ᠡᠴᠡ ᠪᠡᠨ ᠢᠴᠢᠪᠡᠯ᠂ ᠲᠡᠳᠡᠨ ᠳᠦ ᠥᠷᠭᠥᠭᠡᠨ ᠦ ᠪᠦᠬᠦ ᠵᠠᠭᠪᠤᠷ᠂ ᠲᠤᠬᠠᠢᠯᠠᠪᠠᠯ᠂ ᠲᠡᠭᠦᠨ ᠦ ᠪᠦᠲᠦᠴᠡ᠂ ᠣᠷᠣᠵᠤ ᠭᠠᠷᠬᠤ ᠬᠠᠭᠠᠯᠭ᠎ᠠ ᠶᠢᠨ ᠪᠦᠬᠦ ᠵᠠᠭᠪᠤᠷ ᠢ ᠬᠠᠮᠤᠭ ᠲᠣᠭᠲᠠᠭᠠᠯ᠂ ᠬᠠᠮᠤᠭ ᠵᠠᠭᠪᠤᠷ ᠪᠠ ᠬᠠᠮᠤᠭ ᠬᠠᠤᠯᠢ ᠲᠠᠢ ᠨᠢ ᠬᠠᠮᠲᠤ ᠮᠡᠳᠡᠭᠦᠯᠵᠦ᠂ ᠡᠳᠡᠭᠡᠷ ᠢ ᠲᠡᠳᠡᠨ ᠦ ᠨᠢᠳᠦᠨ ᠦ ᠡᠮᠦᠨ᠎ᠡ ᠪᠢᠴᠢ᠃ ᠲᠡᠳᠡ ᠪᠦᠬᠦ ᠵᠠᠭᠪᠤᠷ ᠪᠠ ᠬᠠᠮᠤᠭ ᠲᠣᠭᠲᠠᠭᠠᠯ ᠢ ᠨᠢ ᠮᠥᠷᠳᠡᠨ ᠪᠡᠶᠡᠯᠡᠭᠦᠯᠬᠦ ᠤᠴᠢᠷ ᠲᠠᠢ᠃ 12 ᠥᠷᠭᠥᠭᠡᠨ ᠦ ᠬᠠᠤᠯᠢ ᠨᠢ ᠡᠨᠡ᠄ 〈ᠠᠭᠤᠯᠠ ᠶᠢᠨ ᠣᠷᠣᠢ ᠶᠢ ᠲᠣᠭᠣᠷᠢᠭᠰᠠᠨ ᠪᠦᠬᠦ ᠭᠠᠵᠠᠷ ᠠᠷᠢᠭᠤᠨ ᠠᠴᠠ ᠠᠷᠢᠭᠤᠨ ᠪᠠᠢᠬᠤ ᠶᠣᠰᠣᠲᠠᠢ᠃ ᠠᠩ᠋ᠬᠠᠷᠤᠭᠲᠤᠨ᠂ ᠥᠷᠭᠥᠭᠡᠨ ᠦ ᠬᠠᠤᠯᠢ ᠨᠢ ᠡᠨᠡ᠃〉

13 ᠲᠠᠬᠢᠯ ᠤᠨ ᠰᠢᠷᠡᠭᠡ ᠶᠢ ᠤᠷᠲᠤ ᠲᠣᠬᠣᠢ ᠪᠠᠷ᠂ ᠨᠢᠭᠡ ᠲᠣᠬᠣᠢ ᠳᠡᠭᠡᠷ᠎ᠡ ᠨᠢᠭᠡ ᠠᠯᠠᠭᠠᠨ ᠤ ᠡᠩ ᠢ ᠨᠡᠮᠡᠭᠰᠡᠨ ᠲᠣᠬᠣᠢ ᠪᠠᠷ ᠬᠡᠮᠵᠢᠭᠰᠡᠨ ᠨᠢ ᠡᠨᠡ᠃ ᠰᠠᠭᠤᠷᠢ ᠨᠢ ᠨᠢᠭᠡ ᠲᠣᠬᠣᠢ ᠥᠨᠳᠥᠷ᠂ ᠨᠢᠭᠡ ᠲᠣᠬᠣᠢ ᠥᠷᠭᠡᠨ ᠪᠥᠭᠡᠳ ᠨᠢᠭᠡ ᠰᠥᠭᠥᠮ ᠬᠥᠪᠡᠭᠡ ᠲᠠᠢ᠃ ᠲᠠᠬᠢᠯ ᠤᠨ ᠰᠢᠷᠡᠭᠡᠨ ᠦ ᠥᠨᠳᠥᠷ ᠨᠢ ᠭᠡᠪᠡᠯ᠂ 14 ᠨᠢᠭᠡ ᠲᠣᠬᠣᠢ ᠬᠥᠪᠡᠭᠡ ᠲᠠᠢ ᠳᠣᠣᠷᠠᠳᠤ ᠬᠡᠰᠡᠭ ᠨᠢ ᠭᠠᠵᠠᠷ ᠳᠡᠭᠡᠷᠡᠬᠢ ᠰᠠᠭᠤᠷᠢ ᠡᠴᠡ ᠬᠣᠶᠠᠷ ᠲᠣᠬᠣᠢ ᠥᠨᠳᠥᠷ᠂ ᠨᠢᠭᠡ ᠲᠣᠬᠣᠢ ᠬᠥᠪᠡᠭᠡ ᠲᠠᠢ ᠳᠡᠭᠡᠳᠦ ᠬᠡᠰᠡᠭ ᠨᠢ ᠳᠣᠣᠷᠠᠳᠤ ᠬᠡᠰᠡᠭ ᠡᠴᠡ ᠳᠥᠷᠪᠡᠨ ᠲᠣᠬᠣᠢ ᠥᠨᠳᠥᠷ᠃ 15 ᠲᠠᠬᠢᠯ ᠤᠨ ᠰᠢᠷᠡᠭᠡᠨ ᠦ ᠵᠤᠤᠬ᠎ᠠ ᠨᠢ ᠳᠥᠷᠪᠡᠨ ᠲᠣᠬᠣᠢ ᠥᠨᠳᠥᠷ᠂ ᠲᠠᠬᠢᠯ ᠤᠨ ᠰᠢᠷᠡᠭᠡᠨ ᠦ ᠵᠤᠤᠬᠠᠨ ᠠᠴᠠ ᠳᠡᠭᠡᠭᠰᠢ ᠭᠠᠷᠤᠭᠰᠠᠨ ᠳᠥᠷᠪᠡᠨ ᠡᠪᠡᠷ ᠪᠤᠢ᠃ 16 ᠲᠠᠬᠢᠯ ᠤᠨ ᠰᠢᠷᠡᠭᠡᠨ ᠦ ᠵᠤᠤᠬ᠎ᠠ ᠨᠢ ᠠᠷᠪᠠᠨ ᠬᠣᠶᠠᠷ ᠲᠣᠬᠣᠢ ᠤᠷᠲᠤ᠂ ᠠᠷᠪᠠᠨ ᠬᠣᠶᠠᠷ ᠲᠣᠬᠣᠢ ᠥᠷᠭᠡᠨ᠂ ᠲᠡᠭᠰᠢ ᠳᠥᠷᠪᠡᠯᠵᠢᠨ ᠶᠤᠮ᠃ 17 ᠳᠡᠭᠡᠳᠦ ᠬᠡᠰᠡᠭ ᠨᠢ ᠴᠤ ᠲᠡᠭᠰᠢ ᠳᠥᠷᠪᠡᠯᠵᠢᠨ ᠪᠠᠢᠪᠠ᠃ ᠤᠷᠲᠤ ᠨᠢ ᠠᠷᠪᠠᠨ ᠳᠥᠷᠪᠡᠨ ᠲᠣᠬᠣᠢ᠂ ᠥᠷᠭᠡᠨ ᠨᠢ ᠠᠷᠪᠠᠨ ᠳᠥᠷᠪᠡᠨ ᠲᠣᠬᠣᠢ᠂ ᠬᠦᠷᠢᠶ᠎ᠡ ᠲᠠᠢ ᠬᠥᠪᠡᠭᠡ ᠨᠢ ᠬᠠᠭᠠᠰ ᠲᠣᠬᠣᠢ ᠪᠠ ᠬᠥᠪᠡᠭᠡ ᠨᠢ ᠨᠢᠭᠡ ᠲᠣᠬᠣᠢ᠂ ᠱᠠᠲᠤ ᠨᠢ ᠵᠡᠭᠦᠨᠰᠢ ᠬᠠᠷᠠᠭᠰᠠᠨ ᠪᠠᠢᠨ᠎ᠠ》 ᠭᠡᠪᠡ᠃

18 ᠲᠡᠷᠡ ᠨᠠᠳᠠ ᠳᠤ ᠠᠢᠯᠠᠳᠤᠨ᠄ 《ᠬᠥᠮᠦᠨ ᠦ ᠬᠦᠦ ᠡ᠂ ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 〈ᠲᠠᠬᠢᠯ ᠤᠨ ᠰᠢᠷᠡᠭᠡ ᠶᠢ ᠪᠣᠰᠬᠠᠬᠤ ᠡᠳᠦᠷ ᠲᠡᠭᠦᠨ ᠳᠡᠭᠡᠷ᠎ᠡ ᠰᠢᠲᠠᠭᠠᠯᠭᠠᠲᠤ ᠲᠠᠬᠢᠯ ᠡᠷᠭᠦᠵᠦ᠂ ᠴᠢᠰᠤ ᠶᠢ ᠰᠠᠴᠤᠬᠤ ᠲᠠᠯ᠎ᠠ ᠪᠠᠷ ᠬᠢ ᠲᠣᠭᠲᠠᠭᠠᠯ ᠤᠳ ᠨᠢ ᠡᠨᠡ ᠶᠤᠮ᠃ 19 ᠡᠵᠡᠨ ᠶᠣᠬᠣᠸᠠ ᠠᠢᠯᠠᠳᠴᠤ ᠪᠠᠢᠨ᠎ᠠ᠃ ᠨᠠᠳᠠ ᠳᠤ ᠣᠢᠷᠠᠲᠤᠵᠤ ᠦᠢᠯᠡᠴᠢᠯᠡᠳᠡᠭ᠌ ᠽᠠᠳᠣᠺ ᠤᠨ ᠦᠷ᠎ᠡ ᠤᠳᠤᠮ ᠲᠠᠬᠢᠯᠴᠢ ᠯᠧᠸᠢᠴᠦᠳ ᠲᠦ ᠴᠢ ᠵᠠᠯᠠᠭᠤ ᠪᠤᠬ᠎ᠠ ᠶᠢ ᠥᠭᠭᠥᠨ ᠨᠢᠭᠦᠯ ᠦᠨ ᠲᠥᠯᠥᠭᠡᠬᠢ ᠲᠠᠬᠢᠯ ᠪᠣᠯᠭᠠᠵᠤ᠂ 20 ᠴᠢᠰᠤ ᠶᠢ ᠨᠢ ᠠᠪᠤᠨ᠂ ᠲᠠᠬᠢᠯ ᠤᠨ ᠰᠢᠷᠡᠭᠡᠨ ᠦ ᠳᠥᠷᠪᠡᠨ ᠡᠪᠡᠷ᠂ ᠮᠥᠨ ᠪᠤᠯᠤᠩ ᠤᠨ ᠳᠥᠷᠪᠡᠨ ᠥᠨᠴᠥᠭ᠂ ᠬᠦᠷᠢᠶ᠎ᠡ ᠲᠠᠢ ᠬᠥᠪᠡᠭᠡ ᠳᠦ ᠲᠦᠷᠬᠢᠭᠲᠦᠨ᠃ ᠡᠢᠨ ᠬᠦ ᠴᠢ ᠲᠠᠬᠢᠯ ᠤᠨ ᠰᠢᠷᠡᠭᠡ ᠶᠢ ᠴᠡᠪᠡᠷᠰᠢᠭᠦᠯᠵᠦ᠂ ᠲᠡᠭᠦᠨ ᠦ ᠲᠥᠯᠥᠭᠡ ᠭᠡᠮ ᠦᠨ ᠬᠡᠯᠲᠦᠷᠢᠭᠦᠯᠦᠯᠭᠡ ᠬᠢ᠃ 21 ᠨᠢᠭᠦᠯ ᠦᠨ ᠲᠥᠯᠥᠭᠡᠬᠢ ᠲᠠᠬᠢᠯ ᠪᠣᠯᠬᠤ ᠪᠤᠬ᠎ᠠ ᠶᠢ ᠠᠪᠴᠤ᠂ ᠠᠷᠢᠭᠤᠨ ᠭᠠᠵᠠᠷ ᠤᠨ ᠭᠠᠳᠠᠨ᠎ᠠ᠂ ᠥᠷᠭᠥᠭᠡᠨ ᠦ ᠲᠣᠭᠲᠠᠭᠰᠠᠨ ᠭᠠᠵᠠᠷ ᠲᠤ ᠰᠢᠲᠠᠭᠠᠬᠤ ᠶᠣᠰᠣᠲᠠᠢ᠃

22 ᠬᠣᠶᠠᠳᠠᠬᠢ ᠡᠳᠦᠷ ᠲᠦ᠂ ᠴᠢ ᠰᠣᠭᠣᠭ ᠦᠭᠡᠢ ᠤᠬᠤᠨ᠎ᠠ ᠶᠢ ᠨᠢᠭᠦᠯ ᠦᠨ ᠲᠥᠯᠥᠭᠡᠬᠢ ᠲᠠᠬᠢᠯ ᠪᠣᠯᠭᠠᠨ ᠡᠷᠭᠦᠭᠲᠦᠨ᠃ ᠲᠡᠢᠨ ᠬᠦ ᠲᠠᠬᠢᠯ ᠤᠨ ᠰᠢᠷᠡᠭᠡ ᠶᠢ ᠪᠤᠬ᠎ᠠ ᠪᠠᠷ ᠴᠡᠪᠡᠷᠰᠢᠭᠦᠯᠦᠭᠰᠡᠨ ᠲᠡᠢ ᠠᠳᠠᠯᠢ ᠴᠡᠪᠡᠷᠰᠢᠭᠦᠯᠬᠦ ᠶᠣᠰᠣᠲᠠᠢ᠃ 23 ᠴᠡᠪᠡᠷᠰᠢᠭᠦᠯᠵᠦ ᠳᠠᠭᠤᠰᠤᠭᠠᠳ ᠴᠢ ᠨᠢᠭᠡ ᠵᠠᠯᠠᠭᠤ ᠪᠤᠬ᠎ᠠ ᠶᠢ ᠪᠣᠭ ᠮᠠᠯ ᠠᠴᠠ ᠠᠪᠤᠭᠰᠠᠨ ᠨᠢᠭᠡ ᠰᠣᠭᠣᠭ ᠦᠭᠡᠢ ᠬᠤᠴᠠ ᠲᠠᠢ ᠡᠷᠭᠦ᠃ 24 ᠴᠢ ᠲᠡᠳᠡᠭᠡᠷ ᠢ ᠶᠣᠬᠣᠸᠠ ᠶᠢᠨ ᠡᠮᠦᠨ᠎ᠡ ᠠᠪᠴᠢᠷᠠᠪᠠᠯ᠂ ᠲᠠᠬᠢᠯᠴᠢᠳ ᠳᠡᠭᠡᠷ᠎ᠡ ᠨᠢ ᠳᠠᠪᠤᠰᠤ ᠰᠠᠴᠤᠵᠤ᠂ ᠰᠢᠲᠠᠭᠠᠯᠭᠠᠲᠤ ᠲᠠᠬᠢᠯ ᠪᠣᠯᠭᠠᠨ ᠶᠣᠬᠣᠸᠠ ᠳᠤ ᠡᠷᠭᠦᠬᠦ ᠶᠣᠰᠣᠲᠠᠢ᠃ 25 ᠳᠣᠯᠣᠭᠠᠨ ᠬᠣᠨᠣᠭ ᠤᠨ ᠲᠤᠷᠰᠢ ᠴᠢ ᠡᠳᠦᠷ ᠪᠦᠷᠢ ᠨᠢᠭᠦᠯ ᠦᠨ ᠲᠥᠯᠥᠭᠡᠬᠢ ᠲᠠᠬᠢᠯ ᠳᠤ ᠵᠣᠷᠢᠭᠤᠯᠤᠨ ᠨᠢᠭᠡ ᠤᠬᠤᠨ᠎ᠠ᠂ ᠰᠣᠭᠣᠭ ᠦᠭᠡᠢ ᠨᠢᠭᠡ ᠪᠤᠬ᠎ᠠ ᠪᠣᠯᠣᠨ ᠪᠣᠭ ᠮᠠᠯ ᠠᠴᠠ ᠠᠪᠤᠭᠰᠠᠨ ᠨᠢᠭᠡ ᠬᠤᠴᠠ ᠶᠢ ᠪᠡᠯᠡᠳᠬᠡ᠃ 26 ᠲᠡᠢᠨ ᠬᠦ ᠲᠡᠳᠡ ᠳᠣᠯᠣᠭᠠᠨ ᠬᠣᠨᠣᠭ ᠤᠨ ᠲᠤᠷᠰᠢ ᠲᠠᠬᠢᠯ ᠤᠨ ᠰᠢᠷᠡᠭᠡᠨ ᠦ ᠲᠥᠯᠥᠭᠡ ᠭᠡᠮ ᠦᠨ ᠬᠡᠯᠲᠦᠷᠢᠭᠦᠯᠦᠯᠭᠡ ᠶᠢ ᠬᠢᠵᠦ᠂ ᠲᠡᠭᠦᠨ ᠢ ᠠᠷᠢᠭᠤᠰᠬᠠᠵᠤ᠂ ᠲᠡᠭᠦᠨ ᠢ ᠵᠣᠷᠢᠭᠤᠯᠬᠤ ᠪᠣᠯᠣᠨ᠎ᠠ᠃ 27 ᠡᠨᠡ ᠡᠳᠦᠷ ᠤᠳ ᠭᠦᠢᠴᠡᠬᠦ ᠳᠦ᠂ ᠨᠠᠢ᠌ᠮᠠᠳᠠᠬᠢ ᠡᠳᠦᠷ ᠡᠴᠡ ᠡᠬᠢᠯᠡᠨ ᠲᠠᠬᠢᠯᠴᠢᠳ ᠲᠠᠬᠢᠯ ᠤᠨ ᠰᠢᠷᠡᠭᠡᠨ ᠳᠡᠭᠡᠷ᠎ᠡ ᠲᠠ ᠨᠠᠷ ᠤᠨ ᠰᠢᠲᠠᠭᠠᠯᠭᠠᠲᠤ ᠲᠠᠬᠢᠯ ᠪᠣᠯᠣᠨ ᠡᠪ ᠦᠨ ᠲᠠᠬᠢᠯ ᠢ ᠡᠷᠭᠦᠬᠦ ᠪᠥᠭᠡᠳ ᠪᠢ ᠲᠠ ᠨᠠᠷ ᠢ ᠬᠦᠯᠢᠶᠡᠨ ᠠᠪᠬᠤ ᠪᠣᠯᠣᠨ᠎ᠠ᠂〉 ᠡᠵᠡᠨ ᠶᠣᠬᠣᠸᠠ ᠠᠢᠯᠠᠳᠴᠤ ᠪᠠᠢᠨ᠎ᠠ》 ᠭᠡᠪᠡ᠃