1 2 3 4 5 6 7 8 9 10 11 12 13 14 15 16 17 18 19 20 21 22 23 24 25 26 27 28 29 30 31 32 33 34 35 36 37 38 39 40 41 42 43 44 45 46 47 48


ᠡᠽᠧᠺᠢᠶᠧᠯ ᠬᠣᠷᠢ ᠶᠢᠰᠦ
 ᠶᠧᠵᠢᠫᠲ ᠤᠨ ᠲᠤᠬᠠᠢ ᠡᠰᠢ ᠦᠵᠡᠭᠦᠯᠦᠯᠭᠡ

1 ᠠᠷᠪᠠᠳᠠᠬᠢ ᠣᠨ ᠤ ᠠᠷᠪᠠᠳᠤᠭᠠᠷ ᠰᠠᠷ᠎ᠠ ᠶᠢᠨ ᠠᠷᠪᠠᠨ ᠬᠣᠶᠠᠷ ᠤᠨ ᠡᠳᠦᠷ᠂ ᠶᠣᠬᠣᠸᠠ ᠶᠢᠨ ᠦᠭᠡ ᠨᠠᠳᠠ ᠳᠤ ᠢᠷᠡᠵᠦ᠂ ᠠᠢᠯᠠᠳᠪᠠ᠄ 2 《ᠬᠥᠮᠦᠨ ᠦ ᠬᠦᠦ ᠡ᠂ ᠶᠧᠵᠢᠫᠲ ᠤᠨ ᠬᠠᠭᠠᠨ ᠹᠠᠷᠠᠣ᠋ ᠤᠷᠤᠭᠤ ᠨᠢᠭᠤᠷ ᠢᠶᠠᠨ ᠬᠠᠨᠳᠤᠭᠤᠯᠤᠨ᠂ ᠲᠡᠭᠦᠨ ᠦ ᠡᠰᠡᠷᠭᠦ᠂ ᠮᠥᠨ ᠪᠦᠬᠦ ᠶᠧᠵᠢᠫᠲ ᠤᠨ ᠡᠰᠡᠷᠭᠦ ᠡᠰᠢ ᠦᠵᠡᠭᠦᠯᠦᠨ 3 ᠶᠠᠷᠢ᠂ ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 〈ᠶᠧᠵᠢᠫᠲ ᠤᠨ ᠬᠠᠭᠠᠨ ᠹᠠᠷᠠᠣ᠋ ᠡ᠂ ᠬᠠᠷᠠ᠂ ᠪᠢ ᠴᠢᠨᠦ ᠡᠰᠡᠷᠭᠦ ᠪᠠᠢᠨ᠎ᠠ᠃〉 〈ᠮᠢᠨᠦ ᠮᠥᠷᠡᠨ 15 ᠮᠢᠨᠦᠬᠢ᠂ ᠪᠢ ᠥᠪᠡᠷ ᠢᠶᠡᠨ ᠡᠭᠦᠨ ᠢ ᠪᠦᠲᠦᠭᠡᠪᠡ〉 ᠭᠡᠵᠦ ᠮᠥᠷᠡᠨ ᠦ ᠪᠠᠨ ᠳᠤᠮᠳᠠ ᠬᠡᠪᠲᠡᠭᠰᠡᠨ ᠲᠣᠮᠣ ᠮᠠᠲᠠᠷ ᠶᠤᠮ ᠴᠢ︕

4 ᠪᠢ ᠡᠷᠡᠦ ᠳᠦ ᠴᠢᠨᠢ ᠳᠡᠭᠡᠭᠡ ᠵᠣᠭᠣᠨ᠂ ᠮᠥᠷᠡᠨ ᠦ ᠴᠢᠨᠢ ᠵᠢᠭᠠᠰᠤ ᠶᠢ ᠴᠢᠨᠦ ᠬᠠᠢᠷᠰᠤᠨ ᠳᠤ ᠨᠠᠭᠠᠯᠳᠤᠭᠤᠯᠤᠨ᠎ᠠ ᠪᠢ ᠴᠢᠮᠠᠶᠢ ᠬᠠᠢᠷᠰᠤᠨ ᠳᠤ ᠴᠢᠨᠢ ᠨᠠᠭᠠᠯᠳᠤᠭᠰᠠᠨ ᠬᠠᠮᠤᠭ ᠵᠢᠭᠠᠰᠤ ᠲᠠᠢ ᠬᠠᠮᠲᠤ ᠮᠥᠷᠡᠨ ᠦ ᠴᠢᠨᠢ ᠳᠤᠮᠳᠠ ᠠᠴᠠ ᠭᠠᠷᠭᠠᠵᠤ
5 ᠴᠢᠮᠠᠶᠢ ᠮᠥᠷᠡᠨ ᠦ ᠴᠢᠨᠢ ᠬᠠᠮᠤᠭ ᠵᠢᠭᠠᠰᠤ ᠲᠠᠢ ᠬᠠᠮᠲᠤ ᠴᠥᠯ ᠳᠤ ᠬᠠᠶᠠᠨ᠎ᠠ ᠴᠢ ᠬᠡᠭᠡᠷ᠎ᠡ ᠲᠠᠯ᠎ᠠ ᠳᠤ ᠤᠨᠠᠨ ᠴᠢᠮᠠᠶᠢ ᠬᠡᠨ ᠴᠤ ᠴᠤᠭᠯᠠᠭᠤᠯᠵᠤ ᠪᠤᠯᠠᠰᠢᠯᠠᠬᠤ ᠦᠭᠡᠢ ᠪᠢ ᠴᠢᠮᠠᠶᠢ ᠭᠠᠵᠠᠷ ᠤᠨ ᠠᠷᠢᠶᠠᠲᠠᠨ᠂ ᠣᠭᠲᠠᠷᠭᠤᠢ ᠶᠢᠨ ᠰᠢᠪᠠᠭᠤᠳ ᠤᠨ ᠢᠳᠡᠰᠢ ᠪᠣᠯᠭᠠᠨ᠎ᠠ᠃
6 ᠲᠡᠢᠨ ᠬᠦ ᠶᠧᠵᠢᠫᠲ ᠤᠨ ᠪᠦᠬᠦ ᠰᠠᠭᠤᠭᠠᠯᠢᠴᠢᠳ ᠨᠠᠮᠠᠶᠢ ᠶᠣᠬᠣᠸᠠ ᠭᠡᠳᠡᠭ ᠢ ᠮᠡᠳᠡᠬᠦ ᠪᠣᠯᠣᠨ᠎ᠠ ᠤᠤᠯ ᠨᠢ ᠴᠢ ᠢᠰᠷᠧᠯ ᠤᠨ ᠭᠡᠷ ᠦᠨ ᠬᠢᠨ ᠳᠤ ᠬᠤᠯᠤᠰᠤᠨ ᠲᠠᠶᠠᠭ ᠮᠡᠲᠦ ᠪᠠᠢᠪᠠ᠂
7 ᠭᠠᠷ ᠢᠶᠠᠷ ᠢᠶᠠᠨ ᠴᠢᠮᠠᠶᠢ ᠪᠠᠷᠢᠬᠤ ᠳᠤ ᠴᠢ ᠬᠤᠭᠤᠷᠠᠵᠤ ᠲᠡᠳᠡᠨ ᠦ ᠮᠥᠷᠥ ᠶᠢ ᠰᠢᠷᠬᠠᠲᠤᠭᠤᠯᠪᠠ ᠴᠢᠮᠠᠶᠢ ᠲᠦᠰᠢᠬᠦ ᠳᠦ ᠴᠢ ᠬᠤᠭᠤᠷᠠᠵᠤ ᠲᠡᠳᠡᠨ ᠦ ᠨᠢᠷᠤᠭᠤ ᠶᠢ ᠭᠡᠮᠲᠦᠭᠡᠪᠡ᠃》

8 ᠲᠡᠢᠮᠦ ᠡᠴᠡ ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 《ᠬᠠᠷᠠ᠂ ᠪᠢ ᠴᠢᠮ᠎ᠠ ᠳᠡᠭᠡᠷ᠎ᠡ ᠢᠯᠳᠦ ᠠᠪᠴᠢᠷᠠᠵᠤ᠂ ᠴᠢᠮ᠎ᠠ ᠠᠴᠠ ᠬᠥᠮᠦᠨ ᠪᠣᠯᠣᠨ ᠠᠮᠢᠲᠠᠨ ᠢ ᠲᠠᠰᠤᠯᠤᠨ᠎ᠠ᠃ 9 ᠶᠧᠵᠢᠫᠲ ᠤᠨ ᠨᠤᠲᠤᠭ ᠡᠵᠡᠭᠦᠢ ᠵᠡᠯᠢᠭᠦᠳ ᠪᠣᠯᠬᠤ ᠳᠤ᠂ ᠲᠡᠳᠡ ᠨᠠᠮᠠᠶᠢ ᠶᠣᠬᠣᠸᠠ ᠭᠡᠳᠡᠭ ᠢ ᠮᠡᠳᠡᠬᠦ ᠪᠣᠯᠣᠨ᠎ᠠ᠃ ᠴᠢ᠄ 〈ᠡᠨᠡ ᠮᠥᠷᠡᠨ ᠮᠢᠨᠦᠬᠢ᠂ ᠪᠢ ᠡᠭᠦᠨ ᠢ ᠪᠦᠲᠦᠭᠡᠪᠡ〉 ᠭᠡᠵᠦ ᠬᠡᠯᠡᠭᠰᠡᠨ ᠤᠴᠢᠷ 10 ᠬᠠᠷᠠᠭᠲᠤᠨ᠂ ᠪᠢ ᠴᠢᠨᠦ ᠡᠰᠡᠷᠭᠦ᠂ ᠮᠥᠨ ᠮᠥᠷᠡᠨ ᠦ ᠴᠢᠨᠢ ᠡᠰᠡᠷᠭᠦ ᠪᠠᠢᠨ᠎ᠠ᠂ ᠶᠧᠵᠢᠫᠲ ᠤᠨ ᠨᠤᠲᠤᠭ ᠢ ᠮᠢᠭᠳᠣᠯ ᠠᠴᠠ ᠠᠰᠸᠠᠨ ᠬᠦᠷᠲᠡᠯ᠎ᠡ᠂ ᠴᠢᠨᠠᠭᠰᠢ ᠨᠢ ᠺᠦᠱ ᠤᠨ ᠬᠢᠯᠢ ᠬᠦᠷᠲᠡᠯ᠎ᠡ ᠪᠦᠷᠢᠮᠦᠰᠦᠨ ᠡᠵᠡᠭᠦᠢ ᠵᠡᠯᠢᠭᠦᠳ ᠪᠣᠯᠭᠠᠨ᠎ᠠ᠃ 11 ᠬᠥᠮᠦᠨ ᠦ ᠬᠥᠯ ᠲᠡᠷᠡᠭᠦᠷ ᠥᠩᠭᠡᠷᠡᠬᠦ ᠦᠭᠡᠢ᠂ ᠠᠷᠢᠶᠠᠲᠠᠨ ᠤ ᠬᠥᠯ ᠴᠤ ᠲᠡᠷᠡᠭᠦᠷ ᠥᠩᠭᠡᠷᠡᠬᠦ ᠦᠭᠡᠢ᠃ ᠲᠡᠷᠡ ᠭᠠᠵᠠᠷ ᠳᠥᠴᠢᠨ ᠵᠢᠯ ᠤᠨ ᠲᠤᠷᠰᠢ ᠰᠠᠭᠤᠭᠠᠯᠢᠴᠢᠳ ᠦᠭᠡᠢ ᠪᠠᠢᠬᠤ ᠪᠣᠯᠣᠨ᠎ᠠ᠃ 12 ᠪᠢ ᠶᠧᠵᠢᠫᠲ ᠢ ᠪᠠᠯᠭᠠᠰᠤ ᠪᠣᠯᠣᠭᠰᠠᠨ ᠣᠷᠣᠨ ᠨᠤᠭᠤᠳ ᠤᠨ ᠳᠤᠮᠳᠠᠬᠢ ᠪᠠᠯᠭᠠᠰᠤ ᠪᠣᠯᠭᠠᠨ᠎ᠠ᠂ ᠲᠡᠭᠦᠨ ᠦ ᠬᠣᠲᠠ ᠨᠤᠭᠤᠳ ᠬᠣᠭᠣᠰᠣᠷᠠᠭᠰᠠᠨ ᠬᠣᠲᠠ ᠨᠤᠭᠤᠳ ᠤᠨ ᠳᠤᠮᠳᠠ ᠳᠥᠴᠢᠨ ᠵᠢᠯ ᠤᠨ ᠲᠤᠷᠰᠢ ᠪᠠᠯᠭᠠᠰᠤ ᠪᠠᠢᠬᠤ ᠪᠣᠯᠣᠨ᠎ᠠ᠃ ᠪᠢ ᠶᠧᠵᠢᠫᠲ᠋ᠴᠦᠳ ᠢ ᠦᠨᠳᠦᠰᠦᠲᠡᠨ ᠨᠦᠭᠦᠳ ᠦᠨ ᠳᠤᠮᠳᠠ ᠲᠠᠷᠬᠠᠭᠠᠵᠤ᠂ ᠭᠦᠷᠦᠨ ᠨᠦᠭᠦᠳ ᠢᠶᠡᠷ ᠪᠤᠲᠠᠷᠠᠭᠠᠨ᠎ᠠ᠃》

13 ᠭᠡᠪᠡᠴᠦ ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 《ᠳᠥᠴᠢᠨ ᠵᠢᠯ ᠤᠨ ᠡᠴᠦᠰ ᠲᠦ ᠪᠢ ᠶᠧᠵᠢᠫᠲ᠋ᠴᠦᠳ ᠢ ᠲᠠᠷᠬᠠᠨ ᠣᠴᠢᠭᠰᠠᠨ ᠦᠨᠳᠦᠰᠦᠲᠡᠨ ᠨᠦᠭᠦᠳ ᠦᠨ ᠬᠢᠨᠢ ᠳᠤᠮᠳᠠ ᠠᠴᠠ ᠴᠤᠭᠯᠠᠭᠤᠯᠵᠤ᠂ 14 ᠶᠧᠵᠢᠫᠲ ᠤᠨ ᠴᠥᠯᠡᠭᠳᠡᠭᠰᠡᠳ ᠢ ᠡᠷᠭᠢᠭᠦᠯᠵᠦ᠂ ᠤᠤᠭᠠᠯ ᠨᠤᠲᠤᠭ ᠫᠠᠲ᠋ᠷᠣᠰ ᠤᠷᠤᠭᠤ ᠨᠢ ᠪᠤᠴᠠᠭᠠᠨ᠎ᠠ᠃ ᠲᠡᠳᠡ ᠲᠡᠨᠳᠡ ᠳᠣᠣᠷᠠᠳᠤ ᠬᠠᠭᠠᠨᠴᠢᠯᠠᠯ ᠪᠣᠯᠣᠨ᠎ᠠ᠂ 15 ᠬᠠᠭᠠᠨᠴᠢᠯᠠᠯ ᠤᠳ ᠤᠨ ᠬᠠᠮᠤᠭ ᠤᠨ ᠳᠣᠣᠷᠠᠳᠤ ᠪᠣᠯᠵᠤ᠂ ᠳᠠᠬᠢᠨ ᠬᠡᠵᠢᠶ᠎ᠡ ᠴᠤ ᠦᠨᠳᠦᠰᠦᠲᠡᠨ ᠨᠦᠭᠦᠳ ᠦᠨ ᠳᠡᠭᠡᠷ᠎ᠡ ᠮᠠᠨᠳᠤᠬᠤ ᠦᠭᠡᠢ᠂ ᠲᠡᠭᠦᠨ ᠢ ᠪᠢ ᠥᠴᠦᠬᠡᠨ ᠪᠣᠯᠭᠠᠬᠤ ᠤᠴᠢᠷ ᠠᠴᠠ ᠲᠡᠷᠡ ᠳᠠᠬᠢᠨ ᠬᠡᠵᠢᠶ᠎ᠡ ᠴᠤ ᠦᠨᠳᠦᠰᠦᠲᠡᠨ ᠨᠦᠭᠦᠳ ᠢ ᠵᠠᠬᠢᠷᠬᠤ ᠦᠭᠡᠢ᠃ 16 ᠲᠡᠢᠨ ᠬᠦ ᠶᠧᠵᠢᠫᠲ ᠨᠢ ᠢᠰᠷᠧᠯ ᠤᠨ ᠭᠡᠷ ᠦᠨ ᠨᠠᠢᠳᠠᠪᠤᠷᠢ ᠪᠠᠢᠬᠤ ᠪᠠᠨ ᠪᠣᠯᠢᠵᠤ᠂ ᠥᠪᠡᠷ ᠤᠷᠤᠭᠤ ᠨᠢ ᠡᠷᠭᠢᠨ ᠲᠦᠰᠢᠬᠦ ᠨᠢ ᠭᠡᠮ ᠪᠤᠷᠤᠭᠤ ᠭᠡᠳᠡᠭ ᠢ ᠰᠠᠨᠠᠭᠤᠯᠤᠨ᠎ᠠ᠃ ᠲᠡᠭᠡᠬᠦ ᠳᠦ ᠲᠡᠳᠡ ᠨᠠᠮᠠᠶᠢ ᠡᠵᠡᠨ ᠶᠣᠬᠣᠸᠠ ᠭᠡᠳᠡᠭ ᠢ ᠮᠡᠳᠡᠬᠦ ᠪᠣᠯᠣᠨ᠎ᠠ᠃》

17 ᠬᠣᠷᠢᠨ ᠳᠣᠯᠣᠳᠠᠬᠢ ᠵᠢᠯ ᠤᠨ ᠨᠢᠭᠡᠳᠦᠭᠡᠷ ᠰᠠᠷ᠎ᠠ ᠶᠢᠨ ᠨᠢᠭᠡᠨ ᠳᠦ᠂ ᠶᠣᠬᠣᠸᠠ ᠶᠢᠨ ᠦᠭᠡ ᠨᠠᠳᠠ ᠳᠤ ᠢᠷᠡᠪᠡ᠄ 18 《ᠬᠥᠮᠦᠨ ᠦ ᠬᠦᠦ ᠡ᠂ ᠪᠠᠪᠢᠯᠣᠨ ᠤ ᠬᠠᠭᠠᠨ ᠨᠧᠪᠦ᠋ᠺᠠᠨᠧᠽᠠᠷ ᠲᠢᠷ ᠢ ᠴᠣᠬᠢᠬᠤ ᠪᠠᠷ ᠴᠡᠷᠢᠭ ᠢᠶᠠᠨ ᠮᠠᠰᠢ ᠶᠡᠬᠡ ᠵᠦᠳᠡᠷᠡᠭᠡᠭᠰᠡᠨ ᠲᠤᠯᠠ ᠲᠣᠯᠣᠭᠠᠢ ᠨᠤᠭᠤᠳ ᠨᠢ ᠬᠠᠯᠵᠠᠷᠠᠵᠤ᠂ ᠮᠥᠷᠥ ᠨᠦᠭᠦᠳ ᠨᠢ ᠰᠢᠯᠪᠤᠷᠠᠭᠰᠠᠨ ᠪᠢᠯᠡ᠃ ᠭᠡᠪᠡᠴᠦ ᠲᠡᠷᠡ ᠥᠪᠡᠷ ᠢᠶᠡᠨ ᠴᠤ᠂ ᠴᠡᠷᠢᠭ ᠤᠳ ᠨᠢ ᠴᠤ ᠵᠦᠳᠡᠷᠡᠭᠰᠡᠨ ᠦ ᠪᠠᠨ ᠠᠰᠢᠭ ᠢ ᠲᠢᠷ ᠡᠴᠡ ᠣᠯᠣᠭ᠎ᠠ ᠦᠭᠡᠢ᠃ 19 ᠲᠡᠢᠮᠦ ᠡᠴᠡ ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 〈ᠬᠠᠷᠠ᠂ ᠪᠢ ᠶᠧᠵᠢᠫᠲ ᠢ ᠪᠠᠪᠢᠯᠣᠨ ᠤ ᠬᠠᠭᠠᠨ ᠨᠧᠪᠦ᠋ᠺᠠᠨᠧᠽᠠᠷ ᠲᠤ ᠥᠭᠬᠦ ᠭᠡᠵᠦ ᠪᠠᠢᠨ᠎ᠠ᠃ ᠲᠡᠷᠡ ᠪᠡᠷ ᠲᠡᠭᠦᠨ ᠦ ᠪᠠᠶᠠᠯᠢᠭ ᠢ ᠪᠤᠯᠢᠶᠠᠨ᠂ ᠳᠡᠭᠡᠷᠡᠮᠳᠡᠨ ᠣᠯᠵᠠᠯᠠᠨ᠎ᠠ᠃ ᠴᠡᠷᠢᠭ ᠤᠳ ᠤᠨ ᠬᠢᠨᠢ ᠬᠥᠯᠥᠰᠥ ᠡᠨᠡ ᠪᠣᠯᠣᠨ᠎ᠠ᠃ 20 ᠲᠡᠳᠡ ᠮᠢᠨᠦ ᠲᠥᠯᠥᠭᠡ ᠦᠢᠯᠡᠳᠦᠭᠰᠡᠨ ᠲᠤᠯᠠ ᠪᠢ ᠵᠦᠳᠡᠷᠡᠯ ᠦᠨ ᠬᠢᠨᠢ ᠬᠥᠯᠥᠰᠥ ᠪᠣᠯᠭᠠᠨ ᠶᠧᠵᠢᠫᠲ ᠢ ᠲᠡᠭᠦᠨ ᠳᠦ ᠥᠭᠭᠥᠨ᠎ᠡ᠃〉 ᠡᠵᠡᠨ ᠶᠣᠬᠣᠸᠠ ᠠᠢᠯᠠᠳᠴᠤ ᠪᠠᠢᠨ᠎ᠠ᠃

21 ᠲᠡᠷᠡ ᠡᠳᠦᠷ ᠪᠢ ᠢᠰᠷᠧᠯ ᠤᠨ ᠭᠡᠷ ᠦᠨ ᠬᠢᠨ ᠤ ᠡᠪᠡᠷ ᠢ ᠤᠷᠭᠤᠭᠤᠯᠤᠨ᠎ᠠ᠃ ᠴᠢᠨᠦ ᠠᠮᠠ ᠶᠢ ᠨᠡᠭᠡᠭᠡᠨ᠂ ᠴᠢᠮ᠎ᠠ ᠪᠠᠷ ᠲᠡᠳᠡᠨ ᠳᠦ ᠶᠠᠷᠢᠭᠤᠯᠤᠨ᠎ᠠ᠃ ᠲᠡᠢᠨ ᠬᠦ ᠲᠡᠳᠡ ᠨᠠᠮᠠᠶᠢ ᠶᠣᠬᠣᠸᠠ ᠭᠡᠳᠡᠭ ᠢ ᠮᠡᠳᠡᠬᠦ ᠪᠣᠯᠣᠨ᠎ᠠ᠃》