ᠡᠽᠧᠺᠢᠶᠧᠯ ᠳᠥᠴᠢᠨ ᠨᠢᠭᠡ
1 ᠲᠡᠷᠡ ᠨᠠᠮᠠᠶᠢ ᠠᠷᠢᠭᠤᠨ ᠭᠠᠵᠠᠷ ᠲᠤ ᠠᠪᠠᠴᠢᠪᠠ᠂ ᠲᠡᠷᠡ ᠪᠡᠷ ᠬᠠᠵᠠᠭᠤ ᠶᠢᠨ ᠪᠠᠭᠠᠨ᠎ᠠ ᠨᠤᠭᠤᠳ ᠢ ᠬᠡᠮᠵᠢᠬᠦ ᠳᠦ᠂ ᠬᠣᠶᠠᠷ ᠲᠠᠯ᠎ᠠ ᠶᠢᠨ ᠪᠠᠭᠠᠨ᠎ᠠ ᠶᠢᠨ ᠥᠷᠭᠡᠨ ᠨᠢ ᠪᠦᠷ ᠵᠢᠷᠭᠤᠭᠠᠨ ᠲᠣᠬᠣᠢ ᠪᠠᠢᠪᠠ᠃ 2 ᠣᠷᠣᠬᠤ ᠡᠭᠦᠳᠡᠨ ᠦ ᠥᠷᠭᠡᠨ ᠨᠢ ᠠᠷᠪᠠᠨ ᠲᠣᠬᠣᠢ᠂ ᠬᠠᠵᠠᠭᠤ ᠶᠢᠨ ᠬᠠᠨ᠎ᠠ ᠶᠢᠨ ᠵᠤᠵᠠᠭᠠᠨ ᠨᠢ ᠲᠤᠰ ᠪᠦᠷᠢ ᠲᠠᠪᠤᠨ ᠲᠣᠬᠣᠢ ᠪᠠᠢᠪᠠ᠃ ᠲᠡᠷᠡ ᠬᠡᠮᠵᠢᠬᠦ ᠳᠦ᠂ ᠠᠷᠢᠭᠤᠨ ᠭᠠᠵᠠᠷ ᠤᠨ ᠤᠷᠲᠤ ᠨᠢ ᠳᠥᠴᠢᠨ ᠲᠣᠬᠣᠢ᠂ ᠥᠷᠭᠡᠨ ᠨᠢ ᠬᠣᠷᠢᠨ ᠲᠣᠬᠣᠢ ᠪᠠᠢᠯ᠎ᠠ᠃ 3 ᠳᠣᠲᠣᠭᠠᠳᠤ ᠲᠠᠩᠬᠢᠮ ᠳᠤ ᠣᠷᠣᠵᠤ᠂ ᠬᠠᠵᠠᠭᠤ ᠶᠢᠨ ᠪᠠᠭᠠᠨ᠎ᠠ ᠨᠤᠭᠤᠳ ᠢ ᠬᠡᠮᠵᠢᠬᠦ ᠳᠦ᠂ ᠬᠣᠶᠠᠷ ᠲᠣᠬᠣᠢ ᠪᠠᠢᠵᠤ᠂ ᠡᠭᠦᠳᠡᠨ ᠦ ᠥᠨᠳᠥᠷ ᠨᠢ ᠵᠢᠷᠭᠤᠭᠠᠨ ᠲᠣᠬᠣᠢ᠂ ᠥᠷᠭᠡᠨ ᠨᠢ ᠳᠣᠯᠣᠭᠠᠨ ᠲᠣᠬᠣᠢ ᠪᠠᠢᠪᠠ᠃ 4 ᠲᠡᠷᠡ ᠳᠣᠲᠣᠭᠣᠳᠤ ᠲᠠᠩᠬᠢᠮ ᠢ ᠬᠡᠮᠵᠢᠬᠦ ᠳᠦ᠂ ᠤᠷᠲᠤ ᠨᠢ ᠬᠣᠷᠢᠨ ᠲᠣᠬᠣᠢ᠂ ᠥᠷᠭᠡᠨ ᠨᠢ ᠬᠣᠷᠢᠨ ᠲᠣᠬᠣᠢ ᠪᠠᠢᠪᠠ᠃ ᠲᠡᠷᠡ ᠨᠠᠳᠠ ᠳᠤ᠄ 《ᠡᠨᠡ ᠪᠣᠯ ᠠᠷᠢᠭᠤᠨ ᠠᠴᠠ ᠠᠷᠢᠭᠤᠨ ᠭᠠᠵᠠᠷ》 ᠭᠡᠯᠡ᠃
5 ᠳᠠᠷᠠᠭ᠎ᠠ ᠨᠢ ᠥᠷᠭᠥᠭᠡᠨ ᠦ ᠬᠠᠨ᠎ᠠ ᠶᠢ ᠬᠡᠮᠵᠢᠬᠦ ᠳᠦ᠂ ᠵᠤᠵᠠᠭᠠᠨ ᠨᠢ ᠵᠢᠷᠭᠤᠭᠠᠨ ᠲᠣᠬᠣᠢ ᠪᠠᠢᠪᠠ᠃ ᠥᠷᠭᠥᠭᠡᠨ ᠦ ᠡᠷᠭᠢᠨ ᠲᠣᠭᠣᠷᠢᠨ ᠳᠤ ᠥᠷᠥᠭᠡ ᠨᠦᠭᠦᠳ ᠪᠤᠢ᠂ ᠲᠠᠯ᠎ᠠ ᠪᠦᠷᠢ ᠨᠢ ᠳᠥᠷᠪᠡᠨ ᠲᠣᠬᠣᠢ ᠪᠠᠢᠪᠠ᠃ 6 ᠡᠳᠡᠭᠡᠷ ᠥᠷᠥᠭᠡ ᠨᠢ ᠨᠢᠭᠡ ᠨᠢ ᠨᠥᠭᠥᠭᠡ ᠶᠢᠨ ᠢᠶᠠᠨ ᠳᠡᠭᠡᠷ᠎ᠡ ᠭᠤᠷᠪᠠᠨ ᠳᠠᠪᠬᠤᠷ᠂ ᠳᠠᠪᠬᠤᠷ ᠪᠦᠷᠢ ᠳᠤ ᠭᠤᠴᠢᠨ ᠥᠷᠥᠭᠡ ᠪᠠᠢᠪᠠ᠃ ᠥᠷᠥᠭᠡ ᠨᠦᠭᠦᠳ ᠢ ᠪᠡᠬᠢ ᠪᠣᠯᠭᠠᠬᠤ ᠪᠠᠷ ᠥᠷᠭᠥᠭᠡᠨ ᠦ ᠡᠷᠭᠢᠨ ᠲᠣᠭᠣᠷᠢᠨ ᠳᠠᠬᠢ ᠬᠠᠨ᠎ᠠ ᠳᠡᠭᠡᠷ᠎ᠡ ᠲᠠᠪᠴᠠᠩ ᠤᠳ ᠢ ᠪᠠᠷᠢᠭᠰᠠᠨ ᠲᠤᠯᠠ ᠨᠢᠷᠤᠭᠤ ᠶᠢ ᠥᠷᠭᠥᠭᠡᠨ ᠦ ᠬᠠᠨ᠎ᠠ ᠳᠤ ᠰᠢᠷᠭᠤᠭᠤᠯᠤᠭᠰᠠᠨ ᠦᠭᠡᠢ᠃ 7 ᠡᠳᠡᠭᠡᠷ ᠥᠷᠥᠭᠡ ᠨᠢ ᠳᠠᠪᠬᠤᠷᠭ᠎ᠠ ᠨᠡᠮᠡᠭᠳᠡᠬᠦ ᠲᠤᠲᠤᠮ ᠥᠷᠭᠡᠨ ᠪᠣᠯᠵᠤ ᠪᠠᠢᠪᠠ᠃ ᠥᠷᠭᠥᠭᠡ ᠶᠢ ᠬᠦᠷᠢᠶᠡᠯᠡᠵᠦ ᠪᠠᠢᠭᠰᠠᠨ ᠪᠠᠷᠢᠯᠭ᠎ᠠ ᠨᠢ ᠥᠷᠭᠥᠭᠡᠨ ᠦ ᠪᠦᠬᠦ ᠲᠠᠯ᠎ᠠ ᠳᠤ ᠳᠠᠪᠬᠤᠷᠭ᠎ᠠ ᠨᠡᠮᠡᠭᠳᠡᠬᠦ ᠲᠤᠲᠤᠮ ᠥᠷᠭᠡᠵᠢᠵᠦ ᠪᠠᠢᠭᠰᠠᠨ ᠤᠴᠢᠷ ᠠᠴᠠ ᠳᠡᠭᠡᠭᠰᠢᠯᠡᠬᠦ ᠲᠤᠲᠤᠮ ᠥᠷᠭᠥᠭᠡᠨ ᠦ ᠥᠷᠭᠡᠨ ᠨᠢ ᠨᠡᠮᠡᠭᠳᠡᠭᠰᠡᠭᠡᠷ ᠪᠠᠢᠪᠠ᠃ ᠲᠡᠢᠮᠦ ᠡᠴᠡ ᠳᠣᠣᠷᠠᠳᠤ ᠳᠠᠪᠬᠤᠷ ᠠᠴᠠ ᠳᠡᠭᠡᠳᠦ ᠳᠠᠪᠬᠤᠷ ᠲᠤ ᠭᠠᠷᠬᠤ ᠳᠤ ᠳᠤᠮᠳᠠᠬᠢ ᠳᠠᠪᠬᠤᠷ ᠢᠶᠠᠷ ᠳᠠᠮᠵᠢᠬᠤ ᠶᠣᠰᠣᠲᠠᠢ ᠪᠠᠢᠪᠠ᠃ 8 ᠥᠷᠭᠥᠭᠡ ᠨᠢ ᠡᠷᠭᠢᠨ ᠲᠣᠭᠣᠷᠢᠨ ᠳᠠᠭᠠᠨ ᠲᠠᠪᠴᠠᠩ ᠲᠠᠢ ᠶᠢ ᠪᠢ ᠬᠠᠷᠠᠯ᠎ᠠ᠃ ᠨᠥᠭᠥᠭᠡ ᠥᠷᠥᠭᠡ ᠨᠦᠭᠦᠳ ᠦᠨ ᠰᠠᠭᠤᠷᠢ ᠶᠢᠨ ᠥᠨᠳᠥᠷ ᠨᠢ ᠨᠢᠭᠡ ᠰᠠᠪᠠᠭ᠎ᠠ ᠵᠢᠷᠭᠤᠭᠠᠨ ᠲᠣᠬᠣᠢ ᠪᠠᠢᠪᠠ᠃ 9 ᠥᠷᠥᠭᠡ ᠨᠦᠭᠦᠳ ᠦᠨ ᠭᠠᠳᠠᠨᠠᠬᠢ ᠬᠠᠨ᠎ᠠ ᠶᠢᠨ ᠵᠤᠵᠠᠭᠠᠨ ᠨᠢ ᠲᠠᠪᠤᠨ ᠲᠣᠬᠣᠢ ᠪᠠᠢᠪᠠ᠃ ᠥᠷᠭᠥᠭᠡᠨ ᠦ ᠥᠷᠥᠭᠡ ᠨᠦᠭᠦᠳ ᠪᠣᠯᠣᠨ 10 ᠭᠠᠳᠠᠨᠠᠬᠢ ᠥᠭᠡᠷ᠎ᠡ ᠥᠷᠥᠭᠡ ᠨᠦᠭᠦᠳ ᠦᠨ ᠬᠣᠭᠣᠷᠣᠨᠳᠣᠬᠢ ᠵᠠᠢ ᠨᠢ ᠥᠷᠭᠥᠭᠡᠨ ᠦ ᠡᠷᠭᠢᠨ ᠲᠣᠭᠣᠷᠢᠨ ᠤ ᠲᠠᠯ᠎ᠠ ᠪᠦᠷᠢ ᠳᠤ ᠬᠣᠷᠢᠨ ᠲᠣᠬᠣᠢ ᠪᠠᠢᠪᠠ᠃ 11 ᠥᠷᠥᠭᠡ ᠨᠦᠭᠦᠳ ᠨᠢ ᠬᠣᠭᠣᠰᠣᠨ ᠵᠠᠢ ᠤᠷᠤᠭᠤ ᠬᠠᠷᠠᠭᠰᠠᠨ ᠬᠣᠶᠠᠷ ᠡᠭᠦᠳᠡ ᠲᠠᠢ᠃ ᠨᠢᠭᠡ ᠨᠢ ᠬᠣᠢᠨ᠎ᠠ ᠵᠦᠭ᠂ ᠨᠥᠭᠥᠭᠡ ᠨᠢ ᠡᠮᠦᠨ᠎ᠡ ᠵᠦᠭ ᠬᠠᠷᠠᠵᠤ ᠪᠠᠢᠪᠠ᠃ ᠥᠷᠭᠥᠭᠡᠨ ᠦ ᠡᠷᠭᠢᠨ ᠲᠣᠭᠣᠷᠢᠨ ᠳᠠᠬᠢ ᠬᠣᠭᠣᠰᠣᠨ ᠵᠠᠢ ᠶᠢᠨ ᠥᠷᠭᠡᠨ ᠨᠢ ᠲᠠᠪᠤᠨ ᠲᠣᠬᠣᠢ ᠪᠠᠢᠪᠠ᠃
12 ᠥᠷᠭᠥᠭᠡ ᠶᠢ ᠲᠤᠰᠠᠭᠠᠷᠯᠠᠬᠤ ᠲᠠᠯᠠᠪᠠᠢ ᠶᠢᠨ ᠪᠠᠷᠠᠭᠤᠨ ᠲᠠᠯ᠎ᠠ ᠳᠤ ᠨᠢᠭᠡ ᠪᠠᠷᠢᠯᠭ᠎ᠠ ᠪᠤᠢ᠂ ᠥᠷᠭᠡᠨ ᠨᠢ ᠳᠠᠯᠠᠨ ᠲᠣᠬᠣᠢ᠂ ᠤᠷᠲᠤ ᠨᠢ ᠶᠡᠷᠡᠨ ᠲᠣᠬᠣᠢ ᠪᠠᠢᠪᠠ᠂ ᠲᠡᠭᠦᠨ ᠢ ᠬᠦᠷᠢᠶᠡᠯᠡᠭᠰᠡᠨ ᠬᠠᠨ᠎ᠠ ᠶᠢᠨ ᠵᠤᠵᠠᠭᠠᠨ ᠨᠢ ᠲᠠᠪᠤᠨ ᠲᠣᠬᠣᠢ ᠪᠠᠢᠪᠠ᠃
13 ᠲᠡᠷᠡ ᠪᠡᠷ ᠥᠷᠭᠥᠭᠡ ᠶᠢ ᠬᠡᠮᠵᠢᠬᠦ ᠳᠦ᠂ ᠤᠷᠲᠤ ᠨᠢ ᠵᠠᠭᠤᠨ ᠲᠣᠬᠣᠢ᠂ ᠲᠤᠰᠠᠭᠠᠷᠯᠠᠬᠤ ᠲᠠᠯᠠᠪᠠᠢ ᠪᠣᠯᠣᠨ ᠪᠠᠷᠢᠯᠭ᠎ᠠ ᠶᠢ ᠬᠠᠨ᠎ᠠ ᠨᠤᠭᠤᠳ ᠲᠠᠢ ᠨᠢ ᠬᠡᠮᠵᠢᠬᠦ ᠳᠦ ᠵᠠᠭᠤᠨ ᠲᠣᠬᠣᠢ ᠪᠠᠢᠪᠠ᠃ 14 ᠥᠷᠭᠥᠭᠡᠨ ᠦ ᠤᠷᠳᠤ ᠲᠠᠯ᠎ᠠ ᠬᠢᠭᠡᠳ ᠬᠣᠶᠠᠷ ᠲᠠᠯ᠎ᠠ ᠶᠢᠨ ᠲᠤᠰᠠᠭᠠᠷᠯᠠᠬᠤ ᠲᠠᠯᠠᠪᠠᠢ ᠶᠢᠨ ᠥᠷᠭᠡᠨ ᠨᠢ ᠨᠡᠢᠲᠡ ᠵᠠᠭᠤᠨ ᠲᠣᠬᠣᠢ ᠪᠠᠢᠪᠠ᠃
15 ᠲᠡᠷᠡ ᠪᠡᠷ ᠠᠷᠤ ᠲᠠᠯ᠎ᠠ ᠶᠢᠨ ᠲᠤᠰᠠᠭᠠᠷᠯᠠᠬᠤ ᠲᠠᠯᠠᠪᠠᠢ ᠶᠢᠨ ᠪᠠᠷᠢᠯᠭ᠎ᠠ ᠶᠢᠨ ᠤᠷᠲᠤ ᠶᠢ ᠬᠣᠶᠠᠷ ᠲᠠᠯ᠎ᠠ ᠳᠤᠨᠢ ᠪᠤᠢ ᠬᠠᠨ᠎ᠠ ᠨᠤᠭᠤᠳ ᠲᠠᠢ ᠬᠠᠮᠲᠤ ᠬᠡᠮᠵᠢᠬᠦ ᠳᠦ᠂ ᠪᠠᠰᠠ ᠵᠠᠭᠤᠨ ᠲᠣᠬᠣᠢ ᠪᠠᠢᠪᠠ᠃ ᠳᠣᠲᠣᠭᠠᠳᠤ ᠲᠠᠩᠬᠢᠮ᠂ ᠭᠠᠳᠠᠭᠠᠳᠤ ᠲᠠᠩᠬᠢᠮ᠂ ᠬᠦᠷᠢᠶ᠎ᠡ ᠤᠷᠤᠭᠤ ᠬᠠᠷᠠᠭᠰᠠᠨ ᠬᠣᠩᠭᠢᠯ᠂ 16 ᠮᠥᠨ ᠪᠣᠱᠣᠭ᠎ᠠ ᠨᠤᠭᠤᠳ᠂ ᠵᠢᠵᠢᠭ ᠴᠣᠩ᠋ᠬᠣ ᠨᠤᠭᠤᠳ᠂ ᠭᠤᠷᠪᠠᠨ ᠳᠠᠪᠬᠤᠷ ᠤᠨ ᠬᠣᠩᠭᠢᠯ ᠬᠢᠭᠡᠳ ᠱᠠᠯᠠ ᠠᠴᠠ ᠴᠣᠩ᠋ᠬᠣ ᠬᠦᠷᠲᠡᠯᠡᠬᠢ ᠬᠡᠰᠡᠭ ᠨᠢ ᠲᠠᠯ᠎ᠠ ᠪᠦᠷᠢ ᠳᠤ ᠮᠣᠳᠣ ᠪᠠᠷ ᠪᠦᠷᠢᠭᠳᠡᠵᠦ᠂ ᠴᠣᠩ᠋ᠬᠣ ᠨᠤᠭᠤᠳ ᠨᠢ ᠰᠡᠷᠡᠯᠵᠢ ᠲᠠᠢ᠃ 17 ᠣᠷᠣᠬᠤ ᠡᠭᠦᠳᠡᠨ ᠦ ᠳᠡᠭᠡᠭᠦᠷ᠂ ᠳᠣᠲᠣᠭᠠᠳᠤ ᠲᠠᠩᠬᠢᠮ ᠪᠣᠯᠣᠨ ᠲᠡᠭᠦᠨ ᠦ ᠭᠠᠳᠠᠨ᠎ᠠ ᠲᠠᠯ᠎ᠠ ᠶᠢ ᠮᠣᠳᠣ ᠪᠠᠷ ᠪᠦᠷᠢᠭᠰᠡᠨ ᠪᠠᠢᠪᠠ᠃ ᠬᠦᠷᠢᠶᠡᠯᠡᠭᠰᠡᠨ ᠪᠦᠬᠦ ᠬᠠᠨ᠎ᠠ ᠳᠣᠲᠣᠷ᠎ᠠ ᠭᠠᠳᠠᠨ᠎ᠠ ᠪᠠᠨ ᠬᠡ ᠲᠠᠢ᠂ 18 ᠺᠧᠷᠣᠪ ᠤᠳ ᠪᠣᠯᠣᠨ ᠳᠠᠯᠳᠠᠤ ᠮᠣᠳᠣᠨ ᠤ ᠰᠡᠢᠯᠪᠦᠷᠢ ᠲᠠᠢ᠃ ᠳᠠᠯᠳᠠᠤ ᠮᠣᠳᠣ ᠨᠢ ᠬᠣᠶᠠᠷ ᠺᠧᠷᠣᠪ ᠤᠨ ᠬᠣᠭᠣᠷᠣᠨᠳᠣ ᠪᠠᠢᠯ᠎ᠠ᠂ ᠺᠧᠷᠣᠪ ᠪᠦᠷᠢ ᠨᠢ ᠬᠣᠶᠠᠷ ᠨᠢᠭᠤᠷ ᠲᠠᠢ᠂ 19 ᠳᠠᠯᠳᠠᠤ ᠮᠣᠳᠣ ᠤᠷᠤᠭᠤ ᠨᠢᠭᠡ ᠲᠠᠯ᠎ᠠ ᠠᠴᠠ ᠨᠢ ᠬᠥᠮᠦᠨ ᠦ ᠨᠢᠭᠤᠷ᠂ ᠨᠥᠭᠥᠭᠡ ᠲᠠᠯ᠎ᠠ ᠠᠴᠠ ᠨᠢ ᠠᠷᠰᠯᠠᠨ ᠤ ᠨᠢᠭᠤᠷ ᠬᠠᠷᠠᠵᠤ ᠪᠠᠢᠪᠠ᠃ ᠡᠢᠮᠦ ᠰᠡᠢᠯᠪᠦᠷᠢ ᠥᠷᠭᠥᠭᠡᠨ ᠦ ᠡᠷᠭᠢᠨ ᠲᠣᠭᠣᠷᠢᠨ ᠳᠤ ᠬᠠᠮᠢᠭ᠎ᠠ ᠰᠠᠢ ᠦᠭᠡᠢ ᠪᠠᠢᠪᠠ᠃ 20 ᠱᠠᠯᠠ ᠠᠴᠠ ᠡᠭᠦᠳᠡᠨ ᠦ ᠳᠡᠭᠡᠷ᠎ᠡ ᠬᠦᠷᠲᠡᠯ᠎ᠡ᠂ ᠮᠥᠨ ᠭᠠᠳᠠᠭᠠᠳᠤ ᠲᠠᠩᠬᠢᠮ ᠤᠨ ᠬᠠᠨ᠎ᠠ ᠳᠤ ᠺᠧᠷᠣᠪ ᠤᠳ ᠪᠣᠯᠣᠨ ᠳᠠᠯᠳᠠᠤ ᠮᠣᠳᠣᠨ ᠰᠡᠢᠯᠪᠦᠷᠢ ᠪᠤᠢ᠃
21 ᠭᠠᠳᠠᠭᠠᠳᠤ ᠲᠠᠩᠬᠢᠮ ᠤᠨ ᠪᠠᠭᠠᠨ᠎ᠠ ᠨᠤᠭᠤᠳ ᠨᠢ ᠲᠡᠭᠰᠢ ᠳᠥᠷᠪᠡᠯᠵᠢᠨ᠃ ᠠᠷᠢᠭᠤᠨ ᠭᠠᠵᠠᠷ ᠤᠨ ᠡᠮᠦᠨ᠎ᠡ ᠲᠠᠯ᠎ᠠ ᠳᠤᠨᠢ 22 ᠮᠣᠳᠣ ᠪᠠᠷ ᠬᠢᠭᠰᠡᠨ ᠲᠠᠬᠢᠯ ᠤᠨ ᠰᠢᠷᠡᠭᠡ ᠮᠡᠲᠦ ᠬᠠᠷᠠᠭᠳᠠᠳᠠᠭ ᠭᠤᠷᠪᠠᠨ ᠲᠣᠬᠣᠢ ᠥᠨᠳᠥᠷ᠂ ᠬᠣᠶᠠᠷ ᠲᠣᠬᠣᠢ ᠤᠷᠲᠤ᠂ ᠬᠣᠶᠠᠷ ᠲᠣᠬᠣᠢ ᠥᠷᠭᠡᠨ ᠶᠠᠭᠤᠮ᠎ᠠ ᠪᠠᠢᠪᠠ᠃ ᠲᠡᠭᠦᠨ ᠦ ᠪᠤᠯᠤᠩ᠂ ᠰᠠᠭᠤᠷᠢ ᠪᠠ ᠬᠠᠵᠠᠭᠤ ᠲᠠᠯ᠎ᠠ ᠪᠦᠷ ᠮᠣᠳᠣ ᠠᠵᠢ᠃ ᠲᠡᠷᠡ ᠪᠡᠷ ᠨᠠᠳᠠ ᠳᠤ᠄ 《ᠡᠨᠡ ᠪᠣᠯ ᠶᠣᠬᠣᠸᠠ ᠶᠢᠨ ᠡᠮᠦᠨ᠎ᠡ ᠪᠤᠢ ᠰᠢᠷᠡᠭᠡ ᠶᠤᠮ》 ᠭᠡᠯᠡ᠃ 23 ᠳᠣᠲᠣᠭᠣᠳᠤ ᠲᠠᠩᠬᠢᠮ ᠪᠣᠯᠣᠨ ᠠᠷᠢᠭᠤᠨ ᠭᠠᠵᠠᠷ ᠲᠤᠰ ᠪᠦᠷᠢ ᠳᠠᠪᠬᠤᠷ ᠡᠭᠦᠳᠡ ᠲᠠᠢ᠃ 24 ᠡᠭᠦᠳᠡ ᠪᠦᠷᠢ ᠨᠢ ᠬᠣᠶᠠᠷ ᠡᠪᠬᠡᠮᠡᠯ ᠬᠠᠪᠲᠠᠰᠤ ᠲᠠᠢ᠂ ᠬᠠᠪᠲᠠᠰᠤ ᠪᠦᠷᠢ ᠬᠣᠶᠠᠷ ᠨᠤᠭᠤᠰᠤ ᠲᠠᠢ ᠪᠥᠭᠡᠳ 25 ᠭᠠᠳᠠᠭᠠᠳᠤ ᠲᠠᠩᠬᠢᠮ ᠤᠨ ᠡᠭᠦᠳᠡᠨ ᠳᠡᠭᠡᠷ᠎ᠡ ᠬᠠᠨᠠᠨ ᠳᠡᠭᠡᠷ᠎ᠡ ᠰᠡᠢᠯᠦᠭᠰᠡᠨ ᠲᠡᠢ ᠠᠳᠠᠯᠢ ᠺᠧᠷᠣᠪ ᠤᠳ ᠪᠣᠯᠣᠨ ᠳᠠᠯᠳᠠᠤ ᠮᠣᠳᠣ ᠰᠡᠢᠯᠦᠭᠳᠡᠭᠰᠡᠨ ᠪᠠᠢᠪᠠ᠃ ᠬᠣᠩᠭᠢᠯ ᠤᠨ ᠳᠡᠭᠡᠭᠦᠷ ᠨᠢ ᠮᠣᠳᠣᠨ ᠰᠡᠭᠦᠳᠡᠷᠡᠪᠴᠢ ᠪᠤᠢ᠃ 26 ᠬᠣᠩᠭᠢᠯ ᠤᠨ ᠬᠣᠶᠠᠷ ᠲᠠᠯ᠎ᠠ ᠶᠢᠨ ᠬᠠᠨ᠎ᠠ᠂ ᠥᠷᠭᠥᠭᠡᠨ ᠦ ᠵᠢᠵᠢᠭ ᠥᠷᠥᠭᠡ ᠨᠦᠭᠦᠳ ᠪᠣᠯᠣᠨ ᠰᠡᠭᠦᠳᠡᠷᠡᠪᠴᠢ ᠳᠡᠭᠡᠷ᠎ᠡ ᠵᠢᠵᠢᠭ ᠴᠣᠩ᠋ᠬᠣ ᠨᠤᠭᠤᠳ ᠬᠢᠭᠡᠳ ᠳᠠᠯᠳᠠᠤ ᠮᠣᠳᠣᠨ ᠤ ᠰᠡᠢᠯᠪᠦᠷᠢ ᠨᠦᠭᠦᠳ ᠪᠠᠢᠯ᠎ᠠ᠃